ᠨᠤᠷᠠᠨ ᠶᠡᠬᠦᠷᠡᠬᠦ ᠭᠡᠳᠡᠭ ᠨᠢ ᠶᠠᠭᠤ ᠶᠢ ᠬᠡᠯᠡᠵᠤ ᠪᠠᠶᠢᠬᠤ ᠪᠤᠢ
ᠨᠡᠶᠢᠲᠡᠯᠡᠭᠰᠡᠨ ᠴᠠᠭ᠄
2015/3/2

     ᠨᠤᠷᠠᠨ ᠶᠡᠬᠦᠷᠡᠬᠦ ᠭᠡᠳᠡᠭ ᠪᠤᠯ ᠡᠭ᠍ᠴᠡ ᠠᠭᠤᠯᠠᠨ ᠤ ᠬᠢᠷ᠎ᠠ ᠬᠥᠳᠥᠯ ᠤᠨ ᠴᠢᠯᠠᠭᠤ ᠪᠤᠶᠤ ᠰᠢᠷᠤᠢ ᠨᠢ ᠬᠥᠨᠳᠤ   ᠶᠢᠨ ᠬᠥᠴᠥᠨ ᠤ ᠥᠢᠯᠡᠳᠥᠯ ᠲᠤᠤᠷ᠎ᠠ᠂ ᠶᠡᠬᠦᠷᠡᠵᠤ ᠨᠤᠷᠠᠬᠤ ᠪᠠ ᠥᠡᠭᠬᠦᠷᠢᠳᠥᠨ ᠬᠥᠳᠡᠯᠬᠦ ᠥᠵᠡᠭᠳᠡᠯ ᠮᠥᠨ᠃ ᠨᠤᠷᠠᠵᠤ  ᠶᠡᠬᠦᠷᠡᠭᠰᠡᠨ ᠠᠴᠠ ᠪᠤᠯᠵᠤ ᠶᠡᠷᠥᠳᠡᠭᠡᠨ ᠵᠠᠮ ᠬᠠᠷᠢᠯᠴᠠᠭ᠎ᠠ ᠲᠠᠰᠤᠯᠳᠠᠵᠤ ᠪᠥᠭᠯᠡᠷᠡᠨ ᠲᠥᠭᠵᠢᠷᠡᠬᠦ ᠪᠤᠶᠤ ᠠᠭᠤᠯᠠᠨ ᠤ  ᠬᠤᠷᠮᠤᠢ ᠳᠠᠬᠢ ᠡᠳ᠋ ᠪᠤᠳᠠᠰ ᠢ ᠡᠪᠳᠡᠯᠵᠤ ᠨᠤᠷᠠᠭᠠᠵᠤ᠂ ᠭᠡᠷᠪᠡ ᠥᠶᠡᠷ ᠪᠤᠯᠪᠠᠯ ᠰᠢᠭᠤᠳ ᠰᠢᠪᠡᠷ ᠴᠢᠯᠠᠭᠤᠨ ᠤ  ᠤᠷᠤᠰᠬᠠᠯ ᠪᠤᠯᠵᠤ ᠪᠥᠷᠢᠯᠳᠥᠳᠡᠭ᠃ ᠬᠠᠮᠤᠭ ᠬᠥᠨᠳᠤ ᠨᠤᠴᠢᠳᠠᠢ ᠶᠠᠪᠤᠳᠠᠯ ᠨᠢ ᠪᠤᠯ ᠨᠤᠷᠠᠵᠤ ᠶᠡᠬᠦᠷᠡᠭᠰᠡᠨ ᠠᠴᠠ ᠭᠤᠤᠯ   ᠤᠨ ᠤᠷᠤᠰᠬᠠᠯ ᠲᠠᠰᠤᠯᠤᠭᠳᠠᠨ ᠪᠥᠭᠯᠡᠷᠡᠵᠤ ᠬᠠᠰᠢᠯᠭ᠎ᠠ ᠪᠥᠷᠢᠯᠳᠥᠵᠤ᠂ ᠲᠡᠭᠡᠳᠤ ᠤᠷᠤᠰᠬᠠᠯ ᠤᠨ ᠤᠰᠤ ᠬᠤᠷᠠᠭᠰᠠᠨ   ᠠᠴᠠ ᠪᠤᠯᠵᠤ᠂ ᠭᠤᠤᠯ ᠤᠨ ᠤᠰᠤ ᠪᠢᠯᠬᠠᠷᠠᠨ ᠤᠰᠤᠨ ᠤ ᠭᠠᠮᠰᠢᠬ ᠢ ᠡᠬᠦᠰᠭᠡᠳᠡᠭ᠃          
     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ        
     ○ ᠨᠤᠷᠠᠵᠤ ᠶᠡᠬᠦᠷᠡᠭᠰᠡᠨ ᠥᠶ᠎ᠡ ᠳᠤ ᠲᠡᠷᠭᠡ ᠬᠥᠰᠭᠡ ᠨᠦᠭᠦᠳ ᠭᠢᠷ᠎ᠡ ᠬᠥᠳᠥᠯ ᠤᠨ ᠵᠠᠮ ᠠᠴᠠ ᠥᠳᠳᠥᠷ  ᠲᠥᠷᠭᠡᠨ ᠢᠶᠠᠷ  ᠵᠠᠶᠢᠯᠠᠨ᠎ᠠ᠃        
     ○ ᠨᠤᠷᠠᠵᠤ ᠶᠡᠬᠦᠷᠡᠭᠡᠳ ᠵᠠᠮ ᠮᠥᠷ ᠪᠥᠭᠯᠡᠭᠳᠡᠭᠰᠡᠨ ᠪᠤᠯ ᠵᠠᠮ ᠬᠠᠷᠢᠯᠴᠠᠭᠠᠨ ᠤ ᠴᠠᠭᠳᠠᠭ᠎ᠠ ᠶᠢᠨ ᠵᠢᠯᠤᠭᠤᠳᠤᠨ  ᠲᠠᠭᠠᠭᠤᠯᠬᠤ ᠶᠢ  ᠬᠦᠯᠢᠶᠡᠨ᠎ᠡ᠃        
     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ        
     ◇ ᠵᠤᠨ ᠤ ᠥᠶᠡᠷ ᠤᠨ ᠬᠤᠭᠤᠴᠠᠭᠠᠨ ᠳᠤ ᠲᠤᠬᠠᠢ ᠶᠢᠨ ᠭᠠᠵᠠᠷ ᠤᠨ ᠴᠠᠭ ᠠᠭᠤᠷ ᠤᠨ ᠮᠡᠳᠡᠭᠡ ᠶᠢ ᠰᠤᠨᠤᠰᠬᠤ   ᠪᠠᠨ ᠠᠩᠬᠠᠷᠴᠤ᠂ ᠶᠡᠭᠡ ᠪᠤᠷᠤᠭᠠᠨ ᠤᠷᠤᠭᠰᠠᠨ ᠤ ᠲᠠᠷᠠᠭ᠎ᠠ ᠪᠤᠶᠤ ᠵᠠᠯᠭᠠᠪᠡᠷ ᠪᠤᠷᠤᠭᠠᠨ ᠤᠷᠤᠭᠰᠠᠨ ᠤ ᠲᠠᠷᠠᠭ᠎ᠠ  ᠠᠭᠤᠯᠠᠷᠬᠠᠭ ᠤᠷᠤᠨ ᠤ ᠭᠤᠤ ᠵᠢᠯᠠᠭ᠎ᠠ ᠪᠠᠷ ᠠᠶᠠᠯᠠᠬᠤ ᠠᠴᠠ ᠴᠢᠳᠠᠬᠤ ᠶᠢᠨ ᠲᠤᠳᠤᠷ᠎ᠠ ᠵᠠᠶᠢᠯᠠᠬᠤ ᠭᠡᠷᠡᠭᠳᠡᠢ᠃        
     ◇ ᠪᠤᠷᠤᠭᠠᠨ ᠤ ᠤᠯᠠᠷᠢᠯ ᠳᠤ ᠡᠭ᠍ᠴᠡ ᠬᠢᠷ᠎ᠠ ᠬᠥᠳᠥᠯ᠂ ᠠᠶᠤᠯ ᠲᠠᠢ ᠬᠠᠳᠠᠨ ᠤ ᠤᠢᠢᠷᠠᠯᠴᠠᠭ᠎ᠠ ᠵᠤᠭᠰᠤᠬᠤ ᠶᠢ   ᠴᠡᠭᠡᠷᠯᠡᠨ᠎ᠡ᠃        
     ◇ ᠬᠤᠳᠤᠭᠤᠷ ᠪᠠᠯ᠂ ᠠᠶᠤᠯ ᠲᠠᠢ ᠬᠠᠳᠠ ᠴᠢᠯᠠᠭᠤ ᠴᠤᠬᠤᠢᠢᠵᠤ ᠰᠡᠷᠪᠠᠶᠢᠭ᠍ᠰᠡᠨ ᠭᠠᠵᠠᠷ ᠲᠤ ᠪᠤᠷᠤᠭᠠᠨ ᠠᠴᠠ  ᠲᠠᠯᠳᠠᠯᠠᠵᠤ᠂ ᠠᠮᠤᠰᠬᠢᠬᠤ ᠪᠤᠶᠤ ᠶᠠᠪᠤᠵᠤ ᠪᠤᠯᠬᠤ ᠥᠭᠡᠢ᠂ ᠠᠶᠤᠯ ᠲᠠᠢ ᠬᠠᠳᠠ ᠴᠢᠯᠠᠭᠤᠨ ᠲᠡᠭᠡᠷ᠎ᠡ ᠠᠪᠠᠷᠢᠵᠤ ᠪᠤᠯᠬᠤ  ᠥᠭᠡᠢ᠃        
     ◇ ᠠᠭᠤᠯᠠᠨ ᠤ ᠬᠢᠷ᠎ᠠ ᠬᠥᠳᠥᠯ ᠤᠨ ᠨᠠᠯᠤ ᠶᠢᠨ ᠭᠡᠮᠵᠢᠶ᠎ᠡ ᠨᠢ 45° ᠠᠴᠠ ᠶᠡᠭᠡ ᠪᠠᠶᠢᠬᠤ ᠮᠥᠷᠳᠡᠭᠡᠨ  ᠥᠨᠳᠥᠷ ᠪᠤᠭᠤᠨᠢ ᠨᠢ ᠨᠡᠯᠢᠶᠡᠳ ᠵᠥᠷᠢᠶᠡᠨ ᠲᠠᠢ ᠪᠤᠶᠤ ᠠᠭᠤᠯᠠᠨ ᠤ ᠬᠢᠷ᠎ᠠ ᠬᠥᠳᠥᠯ ᠨᠢ ᠲᠤᠰᠠᠭᠠᠷᠯᠠᠭᠠᠳ ᠠᠭᠤᠯᠠᠨ  ᠬᠤᠰᠢᠭᠤ ᠪᠤᠯᠤᠨ ᠬᠤᠳᠤᠭᠤᠷ ᠬᠢᠷ᠎ᠠ ᠬᠥᠳᠥᠯ ᠵᠡᠷᠭᠡ ᠶᠢᠨ ᠭᠡᠯᠪᠡᠷᠢ ᠲᠠᠢ ᠪᠤᠯᠤᠭᠰᠠᠨ ᠵᠢᠴᠢ ᠬᠢᠷ᠎ᠠ ᠬᠥᠳᠥᠯ ᠤᠨ  ᠤᠷᠢᠳᠤᠭᠤᠷᠬᠢ ᠭᠡᠰᠡᠭ ᠨᠢ ᠬᠥᠨᠳᠡᠢ ᠥᠡᠭᠭᠡᠶᠢᠭᠰᠡᠨ᠂ ᠬᠢᠷ᠎ᠠ ᠬᠥᠳᠥᠯ ᠨᠢ ᠮᠡᠳᠡᠭᠳᠡᠮ᠎ᠡ ᠠᠩ ᠵᠠᠪᠰᠠᠷ ᠭᠠᠷᠤᠭᠰᠠᠨ ᠪᠠᠶᠢᠪᠠᠯ  ᠴᠥᠮ ᠠᠮᠠᠷᠬᠠᠨ ᠨᠤᠷᠠᠵᠤ ᠶᠡᠬᠦᠷᠡᠬᠦ ᠪᠤᠯᠤᠨ᠎ᠠ᠃        
     ◇ ᠭᠡᠷᠪᠡ ᠠᠰᠬ᠎ᠠ ᠬᠠᠯᠢᠯ ᠠᠴᠠ ᠰᠢᠷᠤᠢ ᠴᠢᠯᠠᠭᠤ ᠤᠨᠠᠵᠤ ᠪᠠᠶᠢᠪᠠᠯ᠂ ᠲᠤᠤᠭᠤᠷ ᠨᠢ ᠶᠠᠪᠤᠵᠤ ᠪᠤᠯᠬᠤ ᠥᠭᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ