ᠳᠡᠭᠡᠳᠦ ᠬᠠᠭᠠᠰ ᠵᠢᠯ ᠤᠨ ᠠᠯᠪᠠᠨ ᠠᠴᠠ ᠲᠣᠮᠢᠯᠠᠭᠰᠠᠨ ᠭᠠᠳᠠᠭᠠᠳᠤ ᠳᠤ ᠰᠤᠷᠤᠯᠴᠠᠬᠤ ᠬᠦᠮᠦᠰ ᠤᠨ ᠪᠦᠬᠦ ᠤᠯᠤᠰ ᠤᠨ ᠭᠠᠳᠠᠭᠠᠳᠤ  ᠬᠡᠯᠡᠨ ᠤ ᠬᠢᠷᠢ ᠬᠡᠮᠵᠢᠶ᠎ᠡ ᠶᠢᠨ ᠰᠢᠯᠭᠠᠯᠲᠠ 17᠎ ᠤ ᠡᠳᠦᠷ ᠠᠴᠠ ᠡᠬᠢᠯᠡᠵᠦ ᠨᠡᠷ᠎ᠡ ᠮᠡᠳᠡᠭᠦᠯᠦᠨ᠎ᠡ
ᠨᠡᠶᠢᠲᠡᠯᠡᠭᠰᠡᠨ ᠴᠠᠭ᠄
2015/3/20
     2015 ᠣᠨ ᠤ ᠳᠡᠭᠡᠳᠦ ᠬᠠᠭᠠᠰ ᠵᠢᠯ ᠤᠨ ᠠᠯᠪᠠᠨ ᠠᠴᠠ ᠲᠣᠮᠢᠯᠠᠭᠰᠠᠨ ᠭᠠᠳᠠᠭᠠᠳᠤ ᠳᠤ ᠰᠤᠷᠤᠯᠴᠠᠬᠤ ᠬᠦᠮᠦᠰ ᠤᠨ ᠪᠦᠬᠦ ᠤᠯᠤᠰ ᠤᠨ ᠭᠠᠳᠠᠭᠠᠳᠤ ᠬᠡᠯᠡᠨ ᠤ ᠬᠢᠷᠢ ᠬᠡᠮᠵᠢᠶ᠎ᠡ ᠶᠢᠨ ᠰᠢᠯᠭᠠᠯᠲᠠ 5 ᠳ᠋ᠤᠭᠠᠷ ᠰᠠᠷ᠎ᠠ ᠶᠢᠨ 16᠎ ᠤ ᠡᠳᠦᠷ ᠶᠠᠪᠤᠭᠳᠠᠬᠤ ᠪᠠᠷ ᠪᠤᠢ᠂ ᠰᠢᠯᠭᠠᠯᠲᠠ ᠳᠤ ᠨᠡᠷ᠎ᠡ ᠮᠡᠳᠡᠭᠦᠯᠬᠦ ᠴᠠᠭ ᠨᠢ 3 ᠳ᠋ᠤᠭᠠᠷ ᠰᠠᠷ᠎ᠠ ᠶᠢᠨ 17᠎ ᠤ ᠡᠳᠦᠷ ᠠᠴᠠ ᠡᠬᠢᠯᠡᠵᠦ᠂ 4 ᠳ᠋ᠦ᠋ᠭᠡᠷ ᠰᠠᠷ᠎ᠠ ᠶᠢᠨ 2᠎ ᠤᠨ ᠡᠳᠦᠷ ᠳᠠᠭᠤᠰᠤᠨ᠎ᠠ᠂ ᠬᠤᠭᠤᠴᠠᠭ᠎ᠠ ᠠᠴᠠ ᠥᠩᠭᠡᠷᠡᠪᠡᠯ ᠨᠥᠬᠦᠵᠦ ᠮᠡᠳᠡᠭᠦᠯᠵᠦ ᠪᠣᠯᠬᠤ ᠦᠭᠡᠢ᠃ ᠤᠶᠢᠯᠠᠭᠠᠭᠰᠠᠨ ᠢᠶᠠᠷ᠂ ᠲᠤᠰ ᠤᠳᠠᠭᠠᠨ ᠤ ᠰᠢᠯᠭᠠᠯᠲᠠ ᠨᠢ ᠬᠠᠮᠲᠦ ᠨᠡᠶᠢᠲᠡ ᠪᠠᠷ ᠨᠡᠷ᠎ᠡ ᠮᠡᠳᠡᠭᠦᠯᠬᠦ ᠪᠠ ᠬᠤᠪᠢ ᠬᠥᠮᠥᠨ ᠨᠡᠷ᠎ᠡ ᠮᠡᠳᠡᠭᠦᠯᠬᠦ ᠭᠡᠵᠦ ᠬᠤᠶᠠᠷ ᠵᠦᠢᠯ ᠢᠶᠠᠷ ᠬᠤᠪᠢᠶᠠᠵᠠᠢ᠃ ᠡᠭᠦᠨ ᠳᠤ ᠬᠠᠮᠲᠦ ᠨᠡᠶᠢᠲᠡ ᠪᠠᠷ ᠨᠡᠷ᠎ᠡ ᠮᠡᠳᠡᠭᠦᠯᠬᠦ ᠳᠤ ᠨᠢᠭᠡᠴᠡ ᠶᠢᠨ ᠲᠠᠨᠢᠯᠴᠠᠭᠤᠯᠭ᠎ᠠ ᠪᠠ ᠰᠢᠯᠭᠠᠭᠤᠯᠤᠭᠴᠢ ᠶᠢᠨ ᠪᠡᠶ᠎ᠡ ᠪᠠᠷ ᠢᠶᠠᠨ ᠭᠠᠷ ᠤᠨ ᠦᠰᠦᠭ ᠵᠢᠷᠤᠭᠰᠠᠨ ᠪᠡᠶ᠎ᠡ ᠶᠢᠨ ᠦᠨᠡᠮᠯᠡᠯ ᠤᠨ ᠬᠠᠭᠤᠯᠪᠥᠷᠢ ᠪᠠᠶᠢᠬᠤ ᠬᠡᠷᠡᠭᠲᠡᠢ︔ ᠬᠤᠪᠢ ᠬᠥᠮᠥᠨ ᠨᠡᠷ᠎ᠡ ᠮᠡᠳᠡᠭᠦᠯᠬᠦ ᠳᠤ ᠲᠤᠰ ᠬᠦᠮᠥᠨ ᠤ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠪᠤᠶᠤ ᠫᠠᠰᠫᠣᠷᠲ ︵ᠴᠡᠷᠢᠭ ᠬᠥᠮᠥᠨ ᠪᠣᠯ ᠵᠣᠬᠢᠴᠠᠩᠭᠤᠢ ᠪᠡᠶ᠎ᠡ ᠶᠢᠨ ᠭᠡᠷᠡᠴᠢ︶᠎ ᠲᠠᠢ ᠪᠠᠶᠢᠬᠤ ᠬᠡᠷᠡᠭᠲᠡᠢ᠃ ᠨᠡᠷ᠎ᠡ ᠮᠡᠳᠡᠭᠦᠯᠬᠦ ᠳᠡᠭᠡᠨ ᠰᠢᠯᠭᠠᠭᠤᠯᠤᠭᠴᠢ ᠤᠶᠢᠷ᠎ᠠ ᠶᠢᠨ ᠬᠤᠭᠤᠴᠠᠭᠠᠨ ᠤ ᠮᠠᠯᠠᠭᠠᠢ ᠦᠭᠡᠢ ᠨᠢᠭᠡ ᠢᠮᠠᠬᠤ ᠶᠢᠨ ᠪᠤᠳᠤᠭᠲᠤ ᠵᠦᠪ ᠲᠠᠯ᠎ᠠ ᠶᠢᠨ ᠬᠡᠷᠡᠯ ᠵᠢᠷᠤᠭ ︵ᠴᠠᠭᠠᠨ ᠪᠤᠶᠤ ᠴᠡᠩᠭᠡᠷ ᠳᠡᠪᠢᠰᠬᠡᠷ ᠲᠠᠢ︶ ᠭᠤᠷᠪᠠᠨ ᠬᠤᠪᠢ᠂ ᠵᠢᠴᠢ ᠲᠤᠰ ᠬᠦᠮᠥᠨ ᠤ ᠪᠡᠶ᠎ᠡ ᠶᠢᠨ ᠦᠨᠡᠮᠯᠡᠯ ᠤᠨ ᠬᠠᠭᠤᠯᠪᠤᠷᠢ ᠨᠢᠭᠡ ᠬᠤᠪᠢ ᠲᠤᠰᠢᠶᠠᠬᠤ ᠬᠡᠷᠡᠭᠲᠡᠢ᠃ ᠵᠠᠬᠢᠳᠠᠯ ᠢᠶᠠᠷ ᠨᠡᠷ᠎ᠡ ᠮᠡᠳᠡᠭᠦᠯᠬᠦ ᠰᠢᠯᠭᠠᠭᠤᠯᠤᠭᠴᠢ ᠪᠣᠯ ᠪᠠᠰᠠ ᠰᠢᠯᠭᠠᠯᠲᠠ ᠶᠢᠨ ᠭᠠᠵᠠᠷ ᠲᠤ ᠰᠢᠯᠭᠠᠭᠤᠯᠤᠭᠴᠢ ᠪᠡᠶ᠎ᠡ ᠪᠠᠷ ᠢᠶᠠᠨ ᠭᠠᠷ ᠤᠨ ᠦᠰᠦᠭ ᠵᠢᠷᠣᠭᠰᠠᠨ ᠪᠡᠶ᠎ᠡ ᠶᠢᠨ ᠦᠨᠡᠮᠯᠡᠯ ᠤᠨ ᠬᠠᠭᠤᠯᠪᠤᠷᠢ ᠶᠢ ᠬᠠᠩᠭᠠᠬᠤ ᠬᠡᠷᠡᠭᠲᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号