ᠥᠪᠥᠷ ᠮᠣᠩᠭᠤᠯ ᠤᠨ ᠪᠠᠭᠰᠢ ᠶᠢᠨ ᠬᠢᠷᠢ ᠭᠡᠮ ᠤᠨ ᠰᠢᠯᠭᠠᠯᠲᠠ ᠶᠢᠨ ᠡᠳᠦᠷ ᠢ 4  ᠳ᠋ᠦ᠋ᠭᠡᠷ  ᠰᠠᠷ᠎ᠠ  ᠶᠢᠨ 11 ᠎ ᠤ  ᠡᠳᠦᠷ  ᠪᠤᠯᠭᠠᠨ  ᠦᠭᠡᠷᠡᠴᠢᠯᠡᠪᠡ
ᠨᠡᠶᠢᠲᠡᠯᠡᠭᠰᠡᠨ ᠴᠠᠭ᠄
2015/3/20
     2015 ᠣᠨ ᠤ 4 ᠳ᠋ᠦ᠋ᠭᠡᠷ ᠰᠠᠷ᠎ᠠ ᠶᠢᠨ 25᠎ ᠤ ᠡᠳᠦᠷ ᠲᠤ ᠶᠠᠪᠤᠭᠳᠠᠬᠤ ᠪᠠᠷ ᠪᠠᠶᠢᠭᠰᠠᠨ ᠪᠦᠬᠦ ᠣᠷᠣᠨ ᠤ ᠪᠠᠭᠰᠢ ᠶᠢᠨ ᠬᠢᠷᠢ ᠭᠡᠮ ᠢ ᠦᠨᠡᠯᠡᠨ ᠲᠣᠭᠲᠠᠭᠠᠬᠤ ︽ᠰᠤᠷᠭᠠᠨ ᠬᠦᠮᠦᠵᠢᠯ ᠤᠨ ᠣᠬᠠᠭᠠᠨ︾᠂ ︽ᠰᠤᠷᠭᠠᠨ ᠬᠦᠮᠦᠵᠢᠯ ᠤᠨ ᠰᠡᠳᠭᠢᠴᠡ ᠵᠦᠢ︾᠎ ᠶᠢᠨ ᠰᠢᠯᠭᠠᠯᠲᠠ ᠶᠢᠨ ᠡᠳᠦᠷ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ᠂ ᠵᠠᠰᠠᠭ ᠪᠠ ᠣᠯᠠᠨ ᠲᠦᠮᠡᠨ ᠤ ᠪᠠᠶᠢᠭᠤᠯᠭ᠎ᠠ ᠪᠠ ᠠᠯᠪᠠᠲᠠᠨ ᠤ ᠬᠠᠣᠯᠢ ᠪᠠᠷ ᠯᠠᠪᠯᠠᠯᠳᠠ ᠪᠤᠯᠭᠠᠨ ᠬᠠᠮᠢᠶᠠᠷᠬᠤ ᠨᠢᠭᠡᠴᠡ ᠶᠢᠨ 2015 ᠣᠨ ᠤ ᠠᠯᠪᠠᠲᠠᠨ ᠪᠠ ᠠᠵᠢᠯᠳᠠᠨ ᠡᠯᠰᠡᠬᠦ ᠰᠢᠯᠭᠠᠯᠳᠠ ᠶᠢᠨ ᠪᠢᠷ ᠤᠨ ᠰᠢᠯᠭᠠᠯᠲᠠ ᠶᠢᠨ ᠡᠳᠦᠷ ᠲᠠᠢ ᠳᠠᠪᠬᠤᠴᠠᠭᠰᠠᠨ ᠲᠤᠯᠠ᠂  ᠨᠢᠭᠡ ᠪᠦᠯᠦᠭ ᠰᠢᠯᠭᠠᠭᠤᠯᠤᠭᠴᠢ ᠳᠡᠭᠡᠷ᠎ᠡ ᠳᠤᠷᠠᠳᠤᠭᠰᠠᠨ ᠬᠤᠶᠠᠷ ᠰᠢᠯᠭᠠᠯᠲᠠ ᠳᠤ ᠤᠷᠤᠯᠴᠠᠬᠤ ᠪᠠᠷ ᠬᠠᠮᠳᠤ ᠳᠤᠨᠢ ᠨᠡᠷ᠎ᠡ ᠮᠡᠳᠡᠭᠦᠯᠦᠭᠰᠡᠨ ᠪᠠᠶᠢᠳᠠᠯ ᠢ ᠦᠨᠳᠦᠰᠦᠯᠡᠨ᠂ ︽ᠬᠦᠮᠦᠨ ᠢᠶᠠᠷ ᠦᠨᠳᠦᠰᠦ ᠪᠣᠯᠭᠠᠵᠤ᠂ ᠰᠢᠯᠭᠠᠭᠤᠯᠤᠭᠴᠢᠳ ᠳᠤ ᠦᠢᠯᠡᠴᠢᠯᠡᠬᠦ︾ ᠵᠠᠷᠴᠢᠮ ᠢ ᠵᠢᠷᠤᠮᠯᠡᠵᠦ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠰᠤᠷᠤᠭᠴᠢ ᠡᠯᠰᠡᠬᠦ ᠰᠢᠯᠭᠠᠯᠲᠠ ᠶᠢᠨ ᠲᠥᠪ ᠠᠴᠠ ᠰᠢᠯᠭᠠᠯᠲᠠ ᠶᠢᠨ ᠴᠠᠭ ᠢ 2015 ᠣᠨ ᠤ 4 ᠳ᠋ᠦ᠋ᠭᠡᠷ  ᠰᠠᠷ᠎ᠠ ᠶᠢᠨ 11᠎ ᠤ ᠡᠳᠦᠷ ᠪᠣᠯᠭᠠᠨ ᠳᠣᠬᠢᠷᠠᠭᠤᠯᠪᠠ᠃ ᠰᠢᠯᠭᠠᠭᠤᠯᠤᠭᠴᠢ ᠨᠠᠷ ᠠᠩᠬᠠᠷᠤᠯ ᠳᠠᠭᠠᠨ ᠠᠪᠤᠭᠠᠷᠠᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号