ᠮᠠᠨᠵᠤᠤᠷ ᠪᠣᠭᠤᠮᠲᠠ ᠶᠢᠨ ᠣᠯᠠᠨ ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ ᠪᠣᠭᠤᠮᠲᠠ ᠶᠢᠨ ᠬᠢᠨᠠᠨ ᠬᠠᠮᠢᠶᠠᠷᠤᠯᠲᠠ ᠶᠢᠨ ᠲᠥᠪ ᠪᠠᠶᠢᠭᠤᠯᠬᠤ ᠶᠢ ᠵᠥᠪᠰᠢᠶᠡᠷᠡᠪᠡ
ᠨᠡᠶᠢᠲᠡᠯᠡᠭᠰᠡᠨ ᠴᠠᠭ᠄
2015/7/15
     ᠮᠠᠨᠵᠤᠤᠷ ᠪᠣᠭᠤᠮᠲᠠ ᠶᠢᠨ ᠮᠡᠳᠡᠭᠡᠯᠡᠭᠰᠡᠨ ᠢᠶᠠᠷ᠂ ᠪᠣᠭᠤᠮᠲᠠ ᠶᠢᠨ ᠶᠡᠷᠦᠩᠬᠡᠶ ᠵᠠᠬᠢᠷᠭ᠎ᠠ ᠠᠴᠠ ᠦᠨᠦᠭᠡᠨ ᠮᠠᠨᠵᠤᠤᠷ ᠬᠤᠲᠠ ᠶᠢᠨ ᠣᠯᠠᠨ ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ ᠪᠣᠭᠤᠮᠲᠠ ᠶᠢᠨ ᠬᠢᠨᠠᠨ ᠬᠠᠮᠢᠶᠠᠷᠤᠯᠲᠠ ᠶᠢᠨ ᠲᠥᠪ ᠪᠠᠶᠢᠭᠤᠯᠬᠤ ᠶᠢ ᠨᠢ ᠵᠢᠩᠬᠢᠨᠢ ᠪᠠᠷ ᠵᠥᠪᠰᠢᠶᠡᠷᠡᠪᠡ᠃ ᠮᠠᠨᠵᠤᠤᠷ ᠨᠢ ᠴᠢᠩᠳᠣᠤ᠂ ᠰᠢ ᠠᠨ᠂ ᠵᠧᠩᠵᠧᠤ ᠶᠢᠨ ᠳᠠᠷᠠᠭᠠᠬᠢ ᠪᠣᠭᠤᠮᠲᠠ ᠶᠢᠨ ᠶᠡᠷᠦᠩᠬᠡᠶ ᠵᠠᠬᠢᠷᠭ᠎ᠠ ᠶᠢᠨ ᠴᠣᠬᠤᠯᠠᠪᠤᠷᠢ ᠪᠠᠷ ᠪᠠᠶᠢᠭᠤᠯᠤᠭᠰᠠᠨ ᠬᠤᠶᠠᠷᠳᠠᠭᠴᠢ ᠪᠦᠯᠦᠭ ᠤᠨ ᠣᠯᠠᠨ‌‍ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ ᠪᠣᠭᠤᠮᠲᠠ ᠶᠢᠨ ᠬᠢᠨᠠᠨ ᠬᠠᠮᠢᠶᠠᠷᠤᠯᠲᠠ ᠶᠢᠨ ᠲᠥᠪ ᠪᠣᠯᠬᠤ ᠪᠦᠭᠡᠳ ᠮᠥᠨ ᠴᠦ ᠵᠡᠭᠦᠨ ᠬᠤᠶᠢᠲᠤ ᠣᠷᠣᠨ ᠤ ᠵᠥᠪᠰᠢᠶᠡᠷᠡᠯ ᠣᠯᠣᠭᠰᠠᠨ ᠠᠩᠬᠠᠳᠠᠭᠴᠢ ᠣᠯᠠᠨ ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ ᠪᠣᠭᠤᠮᠲᠠ ᠶᠢᠨ ᠬᠢᠨᠠᠨ ᠬᠠᠮᠢᠶᠠᠷᠤᠯᠲᠠ ᠶᠢᠨ ᠲᠥᠪ ᠪᠣᠯᠣᠨ᠎ᠠ᠂ ᠡᠨᠡ ᠨᠢ ᠮᠠᠨᠵᠤᠤᠷ ᠤᠯᠤᠰ ᠤᠨ ︽ᠨᠢᠭᠡ ᠵᠠᠮ ᠨᠢᠭᠡ ᠪᠦᠰᠡ︾᠎ ᠶᠢᠨ ᠪᠠᠶᠢᠯᠳᠤᠬᠤ ᠪᠣᠳᠣᠯᠭ᠎ᠠ ᠶᠢ ᠪᠦᠬᠦ ᠲᠠᠯ᠎ᠠ ᠪᠠᠷ ᠲᠣᠣᠱᠯᠠᠭᠤᠯᠤᠨ ᠨᠠᠶᠢᠳᠠᠪᠤᠷᠢᠵᠢᠭᠤᠯᠬᠤ ᠵᠠᠮ  ᠢᠶᠠᠷ ᠪᠠᠰᠠ ᠨᠢᠭᠡᠨ ᠯᠠᠪᠳᠠᠭᠤᠨ ᠠᠯᠬᠤᠮ ᠯᠠᠪᠳᠠᠭᠤᠨ ᠠᠯᠬᠤᠭᠰᠠᠨ ᠢ ᠬᠠᠷᠠᠭᠤᠯᠵᠤ ᠪᠠᠶᠢᠨ᠎ᠠ᠃  ᠮᠠᠨᠵᠤᠤᠷ ᠪᠣᠭᠤᠮᠲᠠ ᠶᠢᠨ ᠪᠣᠭᠤᠮᠲᠠ ᠪᠠᠷ ᠦᠩᠭᠡᠷᠡᠬᠦ ᠶᠢ ᠬᠢᠨᠠᠨ ᠬᠠᠮᠢᠶᠠᠷᠬᠤ ᠭᠠᠵᠠᠷ ᠤᠨ ᠪᠣᠭᠤᠮᠲᠠ ᠪᠠᠷ ᠥᠩᠭᠡᠷᠡᠭᠦᠯᠬᠦ ᠰᠠᠯᠠᠭᠠᠨ ᠤ ᠳᠠᠷᠤᠭ᠎ᠠ ᠸᠠᠩ ᠸᠧᠢ ᠳ᠋ᠦᠩ ᠤᠨ ᠲᠠᠨᠢᠯᠴᠠᠭᠤᠯᠤᠭᠰᠠᠨ ᠢᠶᠠᠷ᠄ ᠣᠯᠠᠨ ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ ᠪᠣᠭᠤᠮᠲᠠ ᠶᠢᠨ ᠬᠢᠨᠠᠯᠲᠠ ᠬᠠᠮᠢᠶᠠᠷᠤᠯᠲᠠ ᠶᠢᠨ ᠲᠥᠪ ᠨᠢ ᠤᠯᠤᠰ ᠤᠨ ᠪᠤᠶᠤ ᠣᠷᠣᠨ ᠪᠦᠰᠡ ᠶᠢᠨ ᠡᠳ᠋ ᠪᠠᠷᠠᠭᠠᠨ ᠤ ᠭᠦᠢᠯᠭᠡᠭᠡ ᠶᠢᠨ ᠵᠠᠩᠭᠢᠯᠠᠭ᠎ᠠ ᠶᠢᠨ ᠬᠤᠲᠠ ᠳᠤ ᠪᠠᠶᠢᠭᠤᠯᠤᠭᠰᠠᠨ ᠣᠯᠠᠨ ᠵᠦᠢᠯ ᠤᠨ ᠲᠡᠭᠡᠭᠡᠪᠦᠷᠢᠯᠡᠬᠦ ᠡᠳ᠋ ᠪᠠᠷᠠᠭ᠎ᠠ ᠶᠢ ᠰᠣᠯᠢᠵᠤ ᠠᠴᠢᠶᠠᠯᠠᠬᠤ᠂ ᠬᠥᠮᠥᠷᠭᠡᠯᠡᠨ ᠬᠠᠳᠠᠭᠠᠯᠠᠬᠤ᠂ ᠳᠠᠮᠵᠢᠭᠤᠯᠬᠤ᠂ ᠲᠥᠪᠯᠡᠷᠡᠭᠦᠯᠦᠨ ᠨᠢᠭᠡᠳᠬᠡᠬᠦ᠂ ᠪᠠᠷᠠᠭ᠎ᠠ ᠲᠣᠬᠢᠷᠠᠭᠤᠯᠤᠨ ᠬᠦᠷᠭᠡᠬᠦ ᠵᠡᠷᠭᠡ ᠠᠵᠢᠯ ᠢ ᠨᠢᠭᠡ ᠴᠣᠭᠴᠠ ᠪᠣᠯᠭᠠᠭᠰᠠᠨ ᠶᠡᠷᠦᠩᠬᠡᠶᠢᠯᠡᠭᠰᠡᠨ ᠴᠢᠨᠠᠷᠲᠠᠶ ᠪᠣᠭᠤᠮᠲᠠ ᠶᠢᠨ ᠬᠢᠨᠠᠯᠲᠠ ᠬᠠᠮᠢᠶᠠᠷᠤᠯᠲᠠ ᠶᠢᠨ ᠲᠠᠯᠠᠪᠠᠢ ᠪᠣᠯᠵᠤ᠂ ᠪᠣᠭᠤᠮᠲᠠ᠂ ᠰᠢᠯᠭᠠᠨ ᠪᠠᠶᠢᠴᠠᠭᠠᠬᠤ ᠬᠢᠵᠢᠭ ᠪᠠᠶᠢᠴᠠᠭᠠᠬᠤ ᠰᠠᠯᠠᠭ᠎ᠠ ᠮᠥᠴᠢᠷ ᠡᠨᠡᠬᠦ ᠲᠥᠪ ᠢᠶᠠᠷ ᠪᠠᠷᠠᠭ᠎ᠠ ᠣᠷᠣᠭᠤᠯᠵᠤ ᠭᠠᠷᠭᠠᠬᠤ ᠳᠠᠭᠠᠨ ︽ᠮᠡᠳᠡᠭᠦᠯᠬᠦ᠂ ᠪᠠᠶᠢᠴᠠᠭᠠᠨ ᠰᠢᠯᠭᠠᠬᠤ᠂ ᠥᠩᠭᠡᠷᠡᠭᠦᠯᠬᠦ︾᠎ ᠶᠢ ᠨᠢᠭᠡᠳᠬᠡᠭᠰᠡᠨ ᠪᠠᠶᠢᠳᠠᠭ᠂ ᠡᠨᠡ ᠨᠢ ᠪᠠᠰᠠ ᠴᠤ ᠤᠯᠤᠰ ᠤᠨ ︽ᠨᠢᠭᠡ ᠵᠠᠮ ᠨᠢᠭᠡ ᠪᠦᠰᠡ︾ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠳᠤ ᠦᠢᠯᠡᠴᠢᠯᠡᠨ᠂ ᠡᠯ᠎ᠡ ᠵᠦᠢᠯ ᠤᠨ ᠲᠡᠭᠡᠭᠡᠪᠦᠷᠢ ᠶᠢᠨ ᠠᠷᠭ᠎ᠠ ᠬᠡᠯᠪᠡᠷᠢ ᠶᠢᠨ ᠨᠡᠶᠢᠯᠡᠮᠡᠯ ᠳᠠᠪᠠᠭᠤᠯᠢᠭ ᠲᠠᠯ᠎ᠠ ᠪᠠ ᠶᠡᠷᠦᠩᠭᠡᠢ ᠦᠷ᠎ᠡ ᠪᠦᠲᠦᠮᠵᠢ ᠶᠢ ᠬᠠᠷᠠᠭᠤᠯᠤᠭᠰᠠᠨ ᠨᠢᠭᠡ ᠵᠦᠢᠯ ᠤᠨ ᠲᠡᠭᠡᠭᠡᠪᠦᠷᠢ ᠶᠢᠨ ᠵᠣᠬᠢᠶᠠᠨ ᠪᠠᠶᠢᠭᠤᠯᠤᠯᠲᠠ ᠶᠢᠨ ᠬᠡᠯᠪᠡᠷᠢ ᠪᠠᠶᠢᠵᠤ᠂ ᠲᠡᠭᠡᠭᠡᠪᠦᠷᠢ ᠶᠢᠨ ᠦᠷ᠎ᠡ ᠪᠦᠲᠦᠮᠵᠢ ᠶᠢ ᠳᠡᠭᠡᠭᠰᠢᠯᠡᠭᠦᠯᠬᠦ᠂ ᠡᠳ᠋ ᠪᠠᠷᠠᠭᠠᠨ ᠤ ᠭᠦᠢᠯᠭᠡᠭᠡᠨ ᠤ ᠥᠪᠡᠷ ᠤᠨ ᠥᠷᠲᠡᠭ ᠢ ᠪᠠᠭᠤᠷᠠᠭᠤᠯᠬᠤ᠂ ᠮᠠᠨᠵᠤᠤᠷ ᠪᠣᠭᠤᠮᠲᠠ ᠶᠢᠨ ᠣᠳᠣ ᠦᠶ᠎ᠡ ᠶᠢᠨ ᠡᠳ᠋ ᠪᠠᠷᠠᠭᠠᠨ ᠤ ᠭᠦᠢᠯᠭᠡᠭᠡ ᠶᠢᠨ ᠦᠢᠯᠡᠰ ᠤᠨ ᠬᠥᠭᠵᠢᠯᠲᠡ ᠶᠢ ᠳᠥᠯᠭᠢᠨ ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ ᠶᠤᠮ᠃      ᠳᠠᠯᠠᠶ ᠪᠠ ᠲᠡᠮᠦᠷ ᠵᠠᠮ ᠤᠨ ᠬᠠᠮᠲᠤᠷᠠᠨ ᠲᠡᠭᠡᠭᠡᠪᠦᠷᠢᠯᠡᠬᠦ ᠠᠷᠭ᠎ᠠ ᠶᠢ ᠪᠦᠬᠦ ᠲᠠᠯ᠎ᠠ ᠪᠠᠷ ᠡᠬᠢᠯᠡᠭᠰᠡᠨ ᠢ ᠳᠠᠭᠠᠯᠳᠤᠨ᠂ ᠮᠠᠨᠵᠤᠤᠷ ᠪᠣᠭᠤᠮᠲᠠ ᠬᠢᠭᠡᠳ ᠳ᠋ᠠᠯᠢᠶᠠᠨ᠂ ᠲᠢᠶᠠᠨᠵᠢᠨ᠂ ᠵᠢᠨᠵᠧᠦ ᠵᠡᠷᠭᠡ ᠵᠡᠭᠦᠨ ᠬᠡᠰᠡᠭ ᠤᠨ ᠳᠠᠯᠠᠶ ᠳᠠᠭᠠᠤ ᠭᠠᠷᠠᠮ ᠯᠤᠭ᠎ᠠ ᠪᠠᠷᠠᠭᠠᠨ ᠤ ᠭᠦᠢᠯᠭᠡᠭᠡᠨ ᠤ ᠵᠣᠯᠭᠠᠭᠤᠯᠬᠤ ᠲᠠᠯ᠎ᠠ ᠪᠠᠷ ᠭᠦᠨᠵᠡᠭᠡᠶ  ᠬᠤᠷᠰᠢᠯᠴᠠᠭ᠎ᠠ ᠶᠢ ᠶᠡᠬᠡᠪᠡᠷ ᠠᠬᠢᠭᠤᠯᠵᠤ᠂ ᠳ᠋ᠠᠯᠢᠶᠠᠨ᠂ ᠶᠢᠩᠺᠧᠦ ᠪᠣᠯᠣᠨ ᠬᠠᠷᠪᠢᠨ ᠵᠡᠷᠭᠡ ᠭᠠᠵᠠᠷ ᠠᠴᠠ  ᠡᠬᠢᠯᠡᠨ᠂ ᠮᠠᠨᠵᠤᠤᠷ ᠪᠣᠭᠤᠮᠲᠠ ᠪᠠᠷ ᠳᠠᠮᠵᠢᠨ ᠬᠢᠯᠢ ᠳᠠᠪᠠᠭ᠋ᠤ ᠳᠤᠮᠳᠠᠳᠤ ᠧᠦ᠋ᠷᠣᠫᠠ ᠶᠢᠨ ᠡᠭᠡᠯᠵᠢ ᠶᠢᠨ ᠭᠠᠯᠲᠤ ᠲᠡᠷᠭᠡ ᠶᠢᠨ ᠲᠡᠭᠡᠭᠡᠪᠦᠷᠢᠯᠡᠬᠦ ᠴᠢᠳᠠᠪᠤᠷᠢ ᠶᠢ ᠦᠷᠭᠡᠵᠢᠭᠦᠯᠬᠦ ᠪᠠ ᠡᠳ᠋ ᠪᠠᠷᠠᠭ᠎ᠠ ᠰᠢᠯᠵᠢᠭᠦᠯᠦᠨ ᠲᠡᠭᠡᠭᠡᠪᠦᠷᠢᠯᠡᠬᠦ ᠦᠷ᠎ᠡ ᠪᠦᠲᠦᠮᠵᠢ ᠶᠢ ᠳᠡᠭᠡᠭᠰᠢᠯᠡᠭᠦᠯᠬᠦ ᠦᠢᠯᠡᠳᠦᠯ ᠨᠢ ᠮᠡᠳᠡᠭᠡᠵᠢ ᠶᠢᠨ ᠬᠡᠷᠡᠭ ᠶᠤᠮ᠃ ᠠᠩᠬ᠎ᠠ ᠠᠯᠬᠤᠮ ᠤᠨ ᠪᠦᠷᠢᠳᠬᠡᠯ ᠢ ᠦᠨᠳᠦᠰᠦᠯᠡᠪᠡᠯ ᠂ ᠬᠤᠯᠪᠣᠭᠳᠠᠯ ᠪᠦᠬᠦᠢ ᠡᠭᠡᠯᠵᠢ ᠶᠢᠨ ᠭᠠᠯᠲᠤ ᠲᠡᠷᠭᠡ ᠶᠢᠨ ᠲᠡᠭᠡᠭᠡᠪᠦᠷᠢ ᠶᠢᠨ ᠦᠷ᠎ᠡ ᠪᠦᠲᠦᠮᠵᠢ ᠨᠢ 30%᠎ ᠪᠠᠷ ᠳᠡᠭᠡᠭᠰᠢᠯᠡᠵᠦ᠂ ᠡᠳ᠋ ᠪᠠᠷᠠᠭ᠎ᠠ ᠶᠢᠨ ᠲᠡᠭᠡᠭᠡᠪᠦᠷᠢ ᠶᠢᠨ ᠥᠪᠡᠷ ᠤᠨ ᠥᠷᠲᠡᠭ ᠢ 40%᠎ ᠪᠠᠷ ᠪᠠᠭᠤᠷᠠᠭᠤᠯᠤᠨ᠎ᠠ᠃ ᠲᠤᠰ ᠣᠯᠠᠨ ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ ᠪᠣᠭᠤᠮᠲᠠ ᠶᠢᠨ ᠬᠢᠨᠠᠨ ᠬᠠᠮᠢᠶᠠᠷᠤᠯᠲᠠ ᠶᠢᠨ ᠲᠥᠪ ᠪᠠᠶᠢᠭᠤᠯᠤᠭᠳᠠᠭᠰᠠᠨ ᠤ ᠳᠠᠷᠠᠭ᠎ᠠ᠂ ᠮᠠᠨᠵᠤᠤᠷ ᠪᠣᠭᠤᠮᠲᠠ ᠴᠢᠨᠠᠭᠰᠢᠯᠠᠪᠠᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠶᠡᠷᠦᠩᠬᠡᠶᠢᠯᠡᠭᠰᠡᠨ ᠵᠠᠮ ᠬᠠᠷᠢᠯᠴᠠᠭᠠᠨ ᠤ ᠰᠢᠰᠲ᠋ᠧᠮᠵᠢ ᠪᠠ ᠭᠠᠳᠠᠭᠠᠳᠤ ᠠᠷᠠᠯᠵᠢᠶᠠᠨ ᠤ ᠦᠢᠯᠡᠴᠢᠯᠡᠭᠡᠨ ᠤ ᠴᠢᠳᠠᠪᠤᠷᠢ ᠲᠦᠷᠭᠡᠨ ᠳᠡᠭᠡᠭᠰᠢᠯᠡᠵᠦ᠂ ᠮᠠᠨᠵᠤᠤᠷ ᠪᠣᠭᠤᠮᠲᠠ ᠶᠢᠨ ᠴᠠᠭ ᠲᠣᠬᠢᠶᠠᠯ ᠢ ᠠᠮᠵᠢᠨ᠂ ᠰᠠᠨᠠᠭᠠᠴᠢᠯᠠᠭ᠎ᠠ ᠲᠠᠢ ᠪᠠᠷ ᠠᠵᠢᠯᠯᠠᠬᠤ᠂ ᠣᠷᠣᠨ ᠪᠠᠶᠢᠷᠢ ᠶᠢᠨ ᠳᠠᠪᠠᠭᠤᠯᠢᠭ ᠢᠶᠠᠷ ᠲᠤ ᠰᠠᠭᠤᠷᠢᠯᠠᠨ᠂  ᠭᠠᠳᠠᠭᠰᠢᠯ ᠠᠵᠤ ᠠᠬᠤᠶ ᠶᠢ ᠬᠥᠭᠵᠢᠭᠦᠯᠬᠦ᠂  ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︽ᠤᠮᠠᠷᠠᠰᠢ ᠨᠡᠭᠡᠭᠡᠯᠲᠡ ᠬᠢᠬᠦ︾ ᠪᠠᠶᠢᠯᠳᠤᠬᠤ ᠪᠣᠳᠣᠯᠭ᠎ᠠ ᠪᠠ ︽ᠳᠤᠮᠳᠠᠳᠤ ᠮᠣᠩᠭᠤᠯ ᠣᠷᠣᠰ ᠤᠨ ᠠᠵᠤ ᠠᠬᠤᠶ ᠶᠢᠨ ᠬᠤᠩᠭᠢᠯ︾᠎ ᠢ ᠪᠦᠲᠦᠭᠡᠨ ᠪᠠᠶᠢᠭᠤᠯᠬᠤ ᠳᠤ ᠴᠢᠬᠤᠯᠠ ᠶᠡᠭᠡ ᠠᠴᠢ ᠬᠤᠯᠪᠣᠭᠳᠠᠯ ᠲᠠᠢ ᠶᠤᠮ᠃      ᠳᠠᠷᠠᠭᠠᠴᠢ ᠶᠢᠨ ᠠᠯᠬᠤᠮ ᠳᠤ᠂ ᠮᠠᠨᠵᠤᠤᠷ ᠪᠣᠭᠤᠮᠲᠠ ᠶᠢᠨ ᠬᠢᠨ ᠣᠷᠣᠨ ᠨᠤᠲᠤᠭ ᠤᠨ ᠵᠠᠰᠠᠭ ᠤᠨ ᠣᠷᠳᠣᠨ ᠲᠠᠢ ᠨᠢᠭᠲᠠ ᠬᠠᠮᠵᠢᠯᠴᠠᠨ ᠣᠯᠠᠨ ᠬᠡᠯᠪᠡᠷᠢᠲᠦ ᠬᠠᠮᠲᠤᠷᠠᠭᠰᠠᠨ ᠲᠡᠭᠡᠭᠡᠪᠦᠷᠢ ᠶᠢᠨ  ᠬᠢᠨᠠᠯᠲᠠ ᠬᠠᠮᠢᠶᠠᠷᠤᠯᠲᠠ ᠶᠢᠨ ᠲᠥᠪ ᠤᠨ ᠪᠦᠲᠦᠭᠡᠨ ᠪᠠᠶᠢᠭᠤᠯᠤᠯᠲᠠ ᠪᠣᠯᠣᠨ ᠰᠢᠯᠭᠠᠨ ᠬᠤᠷᠢᠶᠠᠬᠤ ᠶᠢ ᠠᠬᠢᠭᠤᠯᠵᠤ᠂ ᠮᠠᠨᠵᠤᠤᠷ ᠪᠣᠭᠤᠮᠲᠠ ᠶᠢᠨ ᠭᠠᠳᠠᠭᠠᠳᠤ ᠠᠷᠠᠯᠵᠢᠶ᠎ᠠ ᠶᠢᠨ ᠴᠤᠭ ᠪᠠᠳᠠᠷᠠᠩᠭᠤᠶ᠂ ᠡᠷᠡᠭᠦᠯ ᠢᠶᠠᠷ ᠬᠥᠭᠵᠢᠬᠦ ᠶᠢ  ᠠᠬᠢᠭᠤᠯᠤᠨ᠎ᠠ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号