ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶ᠎ᠠ 2015 ᠤᠨ ᠤ ᠮᠤᠩᠭᠤᠯ ᠢᠶᠠᠷ ᠬᠢᠴᠢᠶᠡᠯᠯᠡᠭᠰᠡᠨ᠂ ᠮᠣᠩᠭᠤᠯ ᠬᠢᠲᠠᠳ ᠬᠤᠶᠠᠷ ᠬᠡᠯᠡ ᠳᠤ ᠨᠡᠪᠲᠡᠷᠡᠭᠰᠡᠨ ᠵᠢᠴᠢ ᠡᠩ ᠤᠨ ᠠᠵᠢᠯ ᠤᠨ ᠪᠠᠶᠢᠷᠢ ᠳᠤ ᠬᠡᠷ᠎ᠠ ᠶᠢᠨ ᠲᠦᠷᠢᠮᠳᠤ 50 ᠰᠤᠪᠢᠯᠠᠭᠴᠢ ᠡᠯᠰᠡᠬᠦ ᠠᠯᠪᠠᠨ ᠵᠠᠷ
ᠨᠡᠶᠢᠲᠡᠯᠡᠭᠰᠡᠨ ᠴᠠᠭ᠄
2015/8/12
     ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ᠎ᠠ ᠪᠤᠯ ᠤᠯᠤᠰ ᠠᠴᠠ ᠳᠤᠭᠳᠠᠭᠠᠭᠰᠠᠨ ᠭᠤᠤᠯᠳᠠᠯᠭᠠᠳᠤ ᠦᠨᠳᠦᠰᠦᠳᠡᠨ ᠤ ᠠᠨᠠᠭᠠᠬᠤ ᠤᠬᠠᠭᠠᠨ ᠤ ᠡᠮᠨᠡᠯᠭᠡ ᠶᠢᠨ ᠬᠤᠷᠢᠶᠠᠨ ᠤ ᠪᠦᠳᠦᠭᠡᠨ ᠪᠠᠶᠢᠭᠤᠯᠤᠯᠳᠠ ᠶᠢᠨ ᠨᠢᠭᠡᠴᠡ᠂ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ 2006 ᠤᠨ ᠳᠤ ᠰᠢᠨ᠎ᠡ ᠪᠠᠷ ᠪᠠᠶᠢᠭᠤᠯᠬᠤ ᠪᠠᠷ ᠳᠤᠭᠳᠠᠭᠠᠭᠰᠠᠨ ᠪᠦᠳᠦᠭᠡᠨ  ᠪᠠᠶᠢᠭᠤᠯᠤᠯᠳᠠ ᠶᠢᠨ ᠳᠦᠷᠦᠯ ᠵᠦᠢᠯ ᠪᠤᠯᠤᠨ᠎ᠠ᠃ 2008 ᠤᠨ ᠳᠤ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠳᠤᠰ ᠪᠦᠳᠦᠭᠡᠨ ᠪᠠᠶᠢᠭᠤᠯᠤᠯᠳᠠ ᠶᠢᠨ ᠳᠦᠷᠦᠯ ᠵᠦᠢᠯ ᠢ ᠠᠷᠠᠳ ᠤᠨ ᠠᠮᠢᠳᠤᠷᠠᠯ ᠤᠨ ᠭᠤᠤᠯᠳᠠᠯᠭ᠎ᠠ ᠲᠠᠢ ᠪᠦᠳᠦᠭᠡᠨ ᠪᠠᠶᠢᠭᠤᠯᠤᠯᠳᠠ ᠶᠢᠨ ᠨᠢᠭᠡ ᠪᠣᠯᠭᠠᠬᠤ ᠪᠠᠷ ᠳᠤᠭᠳᠠᠭᠠᠭᠰᠠᠨ ᠪᠠᠶᠢᠨ᠎ᠠ᠃ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ᠎ᠠ ᠪᠣᠯ ᠮᠤᠩᠭᠤᠯ ᠡᠮ ᠡᠮᠨᠡᠯᠭᠡ ᠪᠠᠷ ᠭᠤᠤᠯ ᠪᠤᠯᠭᠠᠭᠰᠠᠨ ᠠᠨᠠᠭᠠᠬᠤ᠂ ᠵᠢᠭᠠᠨ ᠰᠤᠷᠭᠠᠬᠤ᠂ ᠰᠢᠨᠵᠢᠯᠡᠬᠦ ᠤᠬᠠᠭᠠᠨ ᠤ ᠰᠤᠳᠤᠯᠤᠯ᠂ ᠡᠷᠡᠬᠦᠯ ᠮᠡᠨᠳᠦ ᠶᠢ ᠬᠠᠮᠠᠭᠠᠯᠠᠬᠤ᠂ ᠰᠡᠷᠭᠡᠶᠢᠯᠡᠬᠦ᠂ ᠡᠷᠡᠬᠦᠯᠵᠢᠬᠦᠯᠬᠦ᠂ ᠳᠦᠷᠭᠡᠨ ᠡᠮᠨᠡᠨ ᠠᠪᠤᠷᠠᠬᠤ᠂ ᠡᠮ ᠨᠡᠶᠢᠷᠠᠭᠤᠯᠤᠨ ᠦᠢᠯᠡᠳᠪᠤᠷᠢᠯᠡᠬᠦ ᠵᠡᠷᠭᠡ ᠠᠵᠢᠯ ᠢ  ᠨᠢᠭᠡ ᠴᠤᠭᠴᠠᠵᠢᠭᠤᠯᠤᠨ ᠡᠷᠬᠢᠯᠡᠭᠰᠡᠨ ᠮᠠᠨ ᠤ ᠤᠯᠤᠰ ᠤᠨ ᠬᠡᠪᠴᠢᠶ᠎ᠡ ᠪᠠᠷ ᠬᠠᠮᠤᠭ ᠤᠨ ᠶᠡᠭᠡ ᠭᠤᠷᠪᠠᠳᠤᠭᠠᠷ ᠵᠡᠷᠭᠡ ᠶᠢᠨ ᠬᠦᠭᠡ ᠳᠡᠰ ᠤᠨ ᠶᠡᠷᠦᠩᠭᠡᠶᠢᠯᠡᠭᠰᠡᠨ ᠮᠤᠩᠭᠤᠯ ᠡᠮᠨᠡᠯᠭᠡ ᠶᠢᠨ ᠬᠤᠷᠢᠶ᠎ᠠ ᠪᠤᠯᠵᠤ᠂ ᠪᠠᠰᠠ 1000 ᠡᠪᠡᠳᠴᠢᠳᠡᠨ ᠤ ᠤᠷᠤ ᠲᠠᠢ ᠬᠤᠶᠠᠳᠤᠭᠠᠷ  ᠬᠤᠭᠤᠴᠠᠭᠠᠨ ᠤ ᠢᠨᠵᠢᠨᠧᠷᠢᠩ ᠢ ᠡᠨᠡ ᠵᠢᠯ ᠳᠤ ᠡᠬᠢᠯᠡᠬᠦᠯᠬᠦ ᠪᠠᠷ ᠪᠤᠢ᠃ ᠤᠯᠤᠰ ᠠᠴᠠ ᠪᠠᠰᠠ ᠳᠤᠰ ᠡᠮᠨᠡᠯᠭᠡ ᠶᠢᠨ ᠬᠤᠷᠢᠶ᠎ᠠ ᠶᠢ  ᠮᠤᠩᠭᠤᠯ ᠡᠮ ᠡᠮᠨᠡᠯᠭᠡ ᠶᠢᠨ ᠮᠡᠷᠭᠡᠵᠢᠯ ᠤᠨ ᠭᠤᠤᠯ ᠬᠦᠴᠦᠳᠡᠨ ᠢ ᠬᠦᠮᠦᠵᠢᠬᠦᠯᠦᠨ ᠪᠤᠯᠪᠠᠰᠤᠷᠠᠭᠤᠯᠬᠤ ᠰᠠᠭᠤᠷᠢᠨ ᠭᠠᠵᠠᠷ᠂ ᠤᠯᠤᠰ ᠤᠨ ᠮᠤᠩᠭᠤᠯ ᠡᠮ ᠨᠠᠶᠢᠷᠠᠭᠤᠯᠤᠨ ᠦᠢᠯᠡᠳᠪᠤᠷᠢᠯᠡᠬᠦ ᠳᠦᠪ᠂ ᠤᠯᠤᠰ ᠤᠨ ᠮᠤᠩᠭᠤᠯ ᠠᠨᠠᠭᠠᠬᠤ ᠤᠬᠠᠭᠠᠨ ᠤ ᠳᠠᠪᠤᠨ  ᠵᠠᠰᠠᠯ ᠤᠨ ᠭᠤᠣᠯᠳᠠᠯᠭ᠎ᠠ ᠲᠠᠢ ᠰᠤᠳᠤᠯᠬᠤ ᠳᠠᠰᠤᠭ᠂ ᠨᠠᠢᠮᠠᠨ ᠮᠤᠵᠢ ᠤᠷᠤᠨ ᠤ ᠮᠤᠩᠭᠤᠯ ᠡᠮ ᠡᠮᠨᠡᠯᠭᠡ ᠶᠢᠨ ᠠᠨᠠᠭᠠᠬᠤ᠂ ᠰᠢᠨᠵᠢᠯᠡᠬᠦ ᠤᠬᠠᠭᠠᠨ ᠰᠤᠳᠤᠯᠤᠯ᠂ ᠵᠢᠭᠠᠨ ᠰᠤᠷᠭᠠᠬᠤ ᠶᠢ ᠵᠢᠭᠠᠨ ᠵᠢᠯᠣᠭᠤᠳᠬᠤ ᠳᠦᠪ ᠪᠠ ᠮᠤᠩᠭᠤᠯ ᠡᠮ ᠡᠮᠨᠡᠯᠭᠡ ᠶᠢᠨ ᠤᠯᠠᠨ ᠤᠯᠤᠰ ᠤᠨ  ᠰᠤᠯᠢᠯᠴᠠᠭᠠᠨ ᠤ ᠳᠦᠪ᠂ ᠦᠪᠦᠷ ᠮᠤᠩᠭᠤᠯ ᠤᠨ 60 ᠮᠤᠩᠭᠤᠯ ᠬᠢᠳᠡᠳ ᠡᠮᠨᠡᠯᠭᠡ ᠶᠢᠨ ᠬᠤᠷᠢᠶ᠎ᠠ ᠶᠢᠨ ᠬᠤᠯᠪᠤᠭᠠᠳᠤ ᠶᠡᠷᠦᠩᠭᠡᠢ  ᠡᠮᠨᠡᠯᠭᠡ ᠶᠢᠨ ᠬᠤᠷᠢᠶ᠎ᠡ ᠪᠤᠯᠭᠠᠨ ᠳᠤᠭᠳᠠᠭᠠᠭᠰᠠᠨ ᠪᠠᠶᠢᠨ᠎ᠠ᠃ ᠳᠤᠰ ᠡᠮᠨᠡᠯᠭᠡ ᠶᠢᠨ ᠬᠤᠷᠢᠶ᠎ᠠ ᠨᠢ ᠮᠦᠨ ᠴᠤ ᠦᠪᠦᠷ ᠮᠤᠩᠭᠤᠯ ᠤᠨ  ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠮᠤᠩᠭᠤᠯ ᠡᠮ ᠡᠮᠨᠡᠯᠭᠡ ᠶᠢᠨ ᠡᠮᠴᠢᠯᠡᠭᠡᠨ ᠤ ᠠᠨᠠᠭᠠᠬᠤ ᠤᠬᠠᠭᠠᠨ ᠤ ᠳᠡᠭᠡᠳᠤ  ᠰᠤᠷᠭᠠᠭᠤᠯᠢ᠂ ᠦᠪᠦᠷ ᠮᠤᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠳᠤ ᠮᠤᠩᠭᠤᠯ ᠡᠮᠨᠡᠯᠭᠡ ᠶᠢᠨ ᠬᠤᠷᠢᠶ᠎ᠠ᠂  ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠵᠢᠭᠠᠨ ᠰᠤᠷᠭᠠᠬᠤ ᠡᠮᠨᠡᠯᠭᠡ ᠶᠢᠨ ᠬᠤᠷᠢᠶ᠎ᠠ ᠪᠠᠶᠢᠭ᠎ᠠ ᠶᠤᠮ᠃        ᠡᠮᠨᠡᠯᠭᠡ ᠶᠢᠨ ᠬᠤᠷᠢᠶ᠎ᠠ ᠪᠠᠶᠢᠭᠤᠯᠤᠭᠳᠠᠭᠰᠠᠨ ᠭᠤᠷᠪᠠᠨ ᠵᠢᠯ ᠳᠤ᠂ ᠦᠪᠦᠷ ᠮᠤᠩᠭᠤᠯ ᠤᠨ  ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ ᠎ᠠ ᠶᠢᠨ ᠬᠦᠯᠢᠶᠡᠨ ᠠᠪᠴᠤ ᠡᠮᠨᠡᠭᠰᠡᠨ ᠡᠪᠡᠳᠴᠢᠳᠠᠨ ᠤ ᠳᠤᠭ᠎ᠠ 120 ᠳᠦᠮᠡ ᠤᠳᠠᠭ᠎ᠠ᠂ ᠡᠮᠨᠡᠯᠭᠡ ᠳᠤ ᠰᠠᠭᠤᠯᠭᠠᠵᠤ ᠡᠮᠨᠡᠭᠰᠡᠨ ᠡᠪᠡᠳᠴᠢᠳᠡᠨ ᠤ ᠳᠤᠭ᠎ᠠ 5 ᠳᠦᠮᠡ ᠤᠳᠠᠭ᠎ᠠ᠂ ᠳᠦᠷᠭᠡᠨ  ᠡᠪᠡᠳᠴᠢᠨ ᠢᠶᠠᠷ ᠡᠮᠨᠡᠭᠰᠡᠨ ᠡᠪᠡᠳᠴᠢᠳᠡᠨ ᠤ ᠳᠤᠭ᠎ᠠ 2 ᠳᠦᠮᠡ ᠤᠳᠠᠭ᠎ᠠ ᠳᠤ ᠬᠦᠷᠪᠡ᠃ ᠮᠤᠩᠭᠤᠯ ᠡᠮ ᠡᠮᠨᠡᠯᠭᠡ ᠶᠢᠨ  ᠤᠨᠴᠠᠯᠢᠭᠳᠤ ᠳᠠᠪᠠᠭᠤᠯᠢᠭ ᠢ ᠳᠤᠪᠤᠶᠢᠯᠭᠠᠬᠤ᠂ ᠶᠡᠷᠦᠩᠭᠡᠶᠢᠯᠡᠭᠰᠡᠨ ᠡᠮᠨᠡᠯᠭᠡ ᠶᠢᠨ ᠦᠢᠯᠡᠴᠢᠯᠡᠭᠡ ᠶᠢ ᠡᠷᠴᠢᠮᠵᠢᠬᠦᠯᠬᠦ᠂ ᠳᠡᠷᠢᠬᠦᠨ  ᠳᠡᠰ ᠤᠨ ᠴᠢᠳᠠᠪᠤᠷᠢᠳᠠᠨ᠂ ᠳᠡᠷᠢᠬᠦᠨ ᠳᠡᠰ ᠤᠨ ᠮᠡᠷᠭᠡᠵᠢᠯ᠂ ᠳᠡᠷᠢᠬᠦᠨ ᠳᠡᠰ ᠤᠨ ᠦᠢᠯᠡᠴᠢᠯᠡᠭᠡ᠂ ᠳᠡᠷᠢᠬᠦᠨ ᠳᠡᠰ ᠤᠨ ᠳᠤᠨᠤᠭ  ᠳᠦᠬᠦᠭᠡᠷᠦᠮᠵᠢ᠂ ᠳᠡᠷᠢᠬᠦᠨ ᠳᠡᠰ ᠤᠨ ᠤᠷᠴᠢᠨ ᠳᠤᠭᠤᠷᠢᠨ ᠤ ᠨᠦᠬᠦᠴᠡᠯ ᠳᠤᠤᠷ᠎ᠠ ᠡᠮᠴᠢᠯᠡᠭᠡᠨ ᠤ ᠠᠵᠢᠯ ᠢ ᠦᠷᠨᠢᠬᠦᠯᠬᠦ ᠵᠠᠷᠴᠢᠮ ᠢ  ᠰᠤᠯᠠᠷᠠᠭᠤᠯᠤᠯ ᠦᠭᠡᠢ ᠪᠠᠷᠢᠮᠳᠠᠯᠠᠵᠤ ᠢᠷᠡᠭᠰᠡᠨ ᠢᠶᠠᠷ ᠪᠠᠶᠢᠩᠭᠤ ᠳᠤᠬᠢᠶᠠᠯᠳᠤᠬᠤ ᠡᠪᠡᠳᠴᠢᠨ᠂ ᠤᠯᠠᠨ ᠡᠬᠦᠰᠬᠦ ᠡᠪᠡᠳᠴᠢᠨ᠂ ᠤᠷᠤᠨ  ᠨᠤᠳᠤᠭ ᠤᠨ ᠡᠪᠡᠳᠴᠢᠨ ᠪᠤᠯᠤᠨ ᠡᠭᠡᠳᠡᠷᠭᠡᠨᠳᠤ ᠳᠦᠪᠡᠭᠳᠡᠢ ᠡᠪᠡᠳᠴᠢᠨ ᠢ ᠵᠡᠰᠠᠵᠤ ᠠᠨᠠᠭᠠᠭᠰᠠᠨ ᠳᠠᠯ᠎ᠠ ᠪᠠᠷ ᠦᠪᠦᠷ ᠮᠤᠩᠭᠤᠯ ᠤᠨ  ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ᠎ᠠ ᠨᠢ ᠤᠯᠤᠰ ᠤᠨ ᠳᠤᠳᠤᠭᠠᠳᠤ ᠭᠠᠳᠠᠭᠠᠳᠤ᠂ ᠤᠷᠤᠨ ᠤ ᠳᠤᠳᠤᠭᠠᠳᠤ  ᠭᠠᠳᠠᠭᠠᠳᠤ ᠶᠢᠨ ᠦᠷᠭᠡᠨ ᠤᠯᠠᠨ ᠡᠪᠡᠳᠴᠢᠳᠡᠳ ᠤᠨ ᠢᠳᠡᠭᠡᠯ ᠢ ᠬᠦᠷᠳᠡᠵᠡᠢ᠃ ᠳᠤᠰ ᠡᠮᠨᠡᠯᠭᠡ ᠶᠢᠨ ᠬᠤᠷᠢᠶ᠎ᠠ ᠨᠢ ᠡᠯ᠎ᠡ ᠦᠨᠳᠦᠰᠦᠳᠡᠨ ᠤ ᠤᠯᠠᠨ ᠳᠦᠮᠡᠨ ᠤ ᠪᠡᠶ᠎ᠡ ᠮᠠᠬᠠᠪᠤᠳ ᠤᠨ ᠡᠷᠡᠬᠦᠯ ᠴᠢᠬᠢᠷᠠᠭ ᠪᠤᠯᠤᠨ ᠠᠮᠢ ᠨᠠᠰᠤᠨ ᠤ ᠠᠮᠤᠷ ᠳᠦᠪᠰᠢᠨ᠂  ᠤᠨᠴᠠᠭᠠᠢᠢᠯᠠᠨ ᠬᠦᠭᠡᠬᠤᠳᠠ ᠠᠴᠠ ᠵᠡᠬᠦᠨᠰᠢᠬᠢ ᠤᠷᠤᠨ ᠤ ᠠᠷᠠᠳ ᠤᠯᠠᠨ ᠤ ᠳᠦᠷᠭᠡᠨ ᠡᠪᠡᠳᠴᠢᠨ ᠢ ᠡᠮᠨᠡᠵᠦ ᠳᠦᠷᠭᠡᠨ ᠠᠪᠤᠷᠠᠬᠤ  ᠳᠠᠯ᠎ᠠ ᠪᠠᠷ ᠬᠦᠨᠳᠤ ᠴᠢᠬᠤᠯᠠ ᠦᠢᠯᠡᠳᠦᠯ ᠢᠶᠠᠨ ᠪᠠᠳᠠᠷᠠᠭᠤᠯᠵᠤ ᠪᠠᠶᠢᠬᠤ ᠮᠦᠷᠳᠡᠭᠡᠨ ᠪᠠᠰᠠ ᠮᠤᠩᠭᠤᠯ ᠤᠯᠤᠰ ᠤᠨ ᠡᠭᠡᠳᠡᠷᠭᠡᠨᠳᠤ  ᠳᠦᠪᠡᠭᠳᠡᠢ ᠬᠦᠨᠳᠤ ᠡᠪᠡᠳᠴᠢᠨ ᠳᠤ ᠨᠡᠷᠪᠡᠭᠳᠡᠭᠰᠡᠨ ᠠᠯᠢ ᠤᠯᠠᠨ ᠡᠪᠡᠳᠴᠢᠳᠡᠨ ᠳᠤ ᠡᠪᠡᠳᠴᠢᠨ ᠦᠵᠡᠵᠦ ᠦᠭᠭᠦ ᠪᠤᠯᠤᠭᠠᠳ᠂ ᠮᠠᠨ ᠤ  ᠤᠷᠤᠨ ᠬᠢᠭᠡᠳ ᠮᠤᠩᠭᠤᠯ ᠤᠯᠤᠰ ᠤᠨ ᠬᠦᠷᠰᠢ ᠵᠡᠷᠭᠡᠯᠡᠳᠡᠭᠡ ᠤᠯᠤᠰ ᠤᠷᠤᠨ ᠤ ᠨᠦᠬᠦᠷᠰᠡᠭ ᠶᠠᠪᠤᠯᠴᠠᠭ᠎ᠠ ᠶᠢ ᠠᠬᠢᠭᠤᠯᠬᠤ ᠳᠤ  ᠭᠠᠷᠭᠠᠪᠠᠰᠤ ᠵᠤᠬᠢᠬᠤ ᠬᠤᠪᠢ ᠨᠡᠮᠡᠷᠢ ᠪᠠᠨ ᠭᠠᠷᠭᠠᠵᠤ ᠪᠠᠶᠢᠨ᠎ᠠ᠃          ᠳᠤᠰ  ᠡᠮᠨᠡᠯᠭᠡ ᠶᠢᠨ ᠬᠤᠷᠢᠶ᠎ᠠ ᠶᠢᠨ ᠮᠤᠩᠭᠤᠯ ᠡᠮᠨᠡᠯᠭᠡ ᠶᠢᠨ ᠲᠠᠪᠤᠨ ᠵᠠᠰᠠᠯ ᠤᠨ ᠰᠠᠯᠠᠭ᠎ᠠ᠂ ᠮᠤᠩᠭᠤᠯ ᠡᠮᠨᠡᠯᠭᠡ ᠶᠢᠨ ᠡᠷᠡᠭᠦᠯᠵᠢᠯ ᠤᠨ ᠰᠠᠯᠠᠭ᠎ᠠ᠂ ᠮᠤᠩᠭᠤᠯ ᠡᠮᠨᠡᠯᠭᠡ ᠶᠢᠨ ᠪᠡᠶ᠎ᠠ ᠰᠡᠳᠭᠢᠯ ᠤᠨ ᠠᠨᠠᠭᠠᠬᠤ ᠤᠬᠠᠭᠠᠨ ᠤ ᠰᠠᠯᠠᠭ᠎ᠠ᠂ ᠮᠤᠩᠭᠤᠯ ᠡᠮᠨᠡᠯᠭᠡ ᠶᠢᠨ ᠲᠡᠯᠢᠭᠦᠦ ᠬᠤᠳᠤᠭᠤᠳᠤ ᠶᠢᠨ ᠰᠠᠯᠠᠭ᠎ᠠ᠂ ᠮᠤᠩᠭᠤᠯ ᠡᠮᠨᠡᠯᠭᠡ ᠶᠢᠨ ᠰᠤᠪᠢᠯᠠᠬᠤ ᠤᠬᠠᠭᠠᠨ ᠤ ᠰᠠᠯᠠᠭ᠎ᠠ᠂ ᠮᠤᠩᠭᠤᠯ ᠡᠮᠨᠡᠯᠭᠡ ᠶᠢᠨ ᠰᠠ ᠡᠪᠡᠳᠴᠢᠨ ᠤ ᠰᠠᠯᠠᠭ᠎ᠠ ᠵᠡᠷᠭᠡ 6  ᠡᠮᠴᠢᠯᠡᠭᠡᠨ ᠤ ᠰᠠᠯᠠᠭ᠎ᠠ ᠲᠠᠰᠤᠭ ᠨᠢ ᠡᠷᠡᠭᠦᠯ ᠬᠠᠮᠠᠭᠠᠯᠠᠯ ᠤᠨ ᠶᠠᠮᠤᠨ ᠳᠤ ᠤᠯᠤᠰ ᠤᠨ ᠡᠮᠴᠢᠯᠡᠭᠡᠨ ᠤ ᠭᠤᠤᠯᠳᠠᠯᠭ᠎ᠠ ᠲᠠᠢ ᠳᠤᠰᠬᠠᠢ ᠮᠡᠷᠭᠡᠵᠢᠯ ᠤᠨ ᠰᠠᠯᠠᠭ᠎ᠠ ᠪᠠᠷ᠂ ᠮᠤᠩᠭᠤᠯ ᠡᠮᠨᠡᠯᠭᠡ ᠶᠢᠨ ᠵᠢᠷᠦᠬᠡᠨ ᠡᠪᠡᠳᠴᠢᠨ ᠤ ᠰᠠᠯᠠᠭ᠎ᠠ ᠵᠡᠷᠭᠡ 9 ᠲᠤᠰᠬᠠᠢ ᠮᠡᠷᠭᠡᠵᠢᠯ ᠤᠨ ᠰᠠᠯᠠᠭ᠎ᠠ ᠨᠢ ᠤᠯᠤᠰ ᠤᠨ ᠬᠢᠳᠠᠳ ᠡᠮ ᠡᠮᠨᠡᠯᠭᠡ ᠶᠢᠨ ᠬᠠᠮᠢᠶᠠᠷᠤᠯᠳᠠ ᠶᠢᠨ ᠲᠤᠪᠴᠢᠶ᠎ᠠ ᠶᠢᠨ ᠭᠤᠤᠯᠳᠠᠯᠭᠠᠳᠤ ᠲᠤᠰᠬᠠᠢ ᠮᠡᠷᠭᠡᠵᠢᠯ ᠤᠨ ᠰᠠᠯᠠᠭ᠎ᠠ ᠪᠠᠷ᠂ ᠮᠤᠩᠭᠤᠯ ᠡᠮᠨᠡᠯᠭᠡ ᠶᠢᠨ ᠴᠢᠰᠦᠨ ᠤ ᠡᠪᠡᠳᠴᠢᠨ ᠤ ᠰᠠᠯᠠᠭ᠎ᠠ ᠵᠡᠷᠭᠡ 4 ᠰᠢᠨᠵᠢᠯᠡᠭᠡᠨ ᠤ ᠰᠠᠯᠠᠭ᠎ᠠ ᠨᠢ ᠤᠯᠤᠰ ᠤᠨ ᠬᠢᠳᠠᠳ ᠡᠮ ᠡᠮᠨᠡᠯᠭᠡ ᠶᠢᠨ ᠬᠠᠮᠢᠶᠠᠷᠤᠯᠳᠠ ᠶᠢᠨ ᠲᠤᠪᠴᠢᠶ᠎ᠠ ᠭᠤᠤᠯᠳᠠᠯᠭᠠᠳᠤ ᠰᠢᠨᠵᠢᠯᠡᠭᠡᠨ ᠤ ᠰᠠᠯᠠᠭ᠎ᠠ ᠪᠠᠷ᠂ ᠮᠤᠩᠭᠤᠯ ᠡᠮᠨᠡᠯᠭᠡ ᠶᠢᠨ  ᠰᠡᠳᠭᠢᠴᠡ ᠪᠡᠶ᠎ᠡ ᠮᠠᠬᠠᠪᠤᠳ ᠤᠨ ᠠᠨᠠᠭᠠᠬᠤ ᠤᠬᠠᠭᠠᠨ ᠤ ᠰᠠᠯᠠᠭ᠎ᠠ ᠵᠡᠷᠭᠡ 4 ᠰᠢᠨᠵᠢᠯᠡᠭᠡᠨ ᠤ ᠰᠠᠯᠠᠭ᠎ᠠ ᠨᠢ ᠦᠪᠡᠷᠳᠡᠭᠡᠨ ᠵᠠᠰᠠᠬᠤ  ᠤᠷᠤᠨ ᠤ ᠳᠡᠷᠢᠬᠦᠯᠡᠭᠰᠡᠨ ᠰᠢᠨᠵᠢᠯᠡᠭᠡᠨ ᠤ ᠰᠠᠯᠠᠭ᠎ᠠ ᠪᠦᠭᠡᠳ ᠭᠤᠤᠯᠳᠠᠯᠭᠠᠳᠤ ᠰᠢᠨᠵᠢᠯᠡᠭᠡᠨ ᠤ ᠰᠠᠯᠠᠭ᠎ᠠ ᠪᠠᠷ ᠦᠨᠡᠯᠡᠭᠳᠡᠵᠡᠢ᠃  ᠡᠮᠨᠡᠯᠭᠡ ᠶᠢᠨ ᠬᠤᠷᠢᠶ᠎ᠠ ᠨᠢ ᠪᠠᠰᠠ ᠤᠯᠤᠰ ᠤᠨ ︽12.5︾᠎ ᠤ ᠲᠥᠯᠥᠪᠵᠢᠭᠦᠯᠭᠡ ᠶᠢᠨ ᠰᠢᠨᠵᠢᠯᠡᠬᠦ ᠤᠬᠠᠭᠠᠨ ᠮᠠᠷᠭᠡᠵᠢᠯ ᠤᠨ ᠳᠤᠯᠭᠠᠭᠤᠷᠢᠯᠠᠬᠤ ᠰᠤᠳᠤᠯᠭᠠᠨ ᠤ ᠵᠦᠢᠯ ᠪᠤᠯᠤᠨ ᠤᠯᠤᠰ ᠤᠨ ᠪᠠᠶᠢᠭᠠᠯᠢ ᠶᠢᠨ ᠰᠢᠨᠵᠢᠯᠡᠬᠦ  ᠤᠬᠠᠭᠠᠨ ᠤ ᠰᠠᠭᠤᠷᠢ ᠮᠦᠩᠬᠦᠨ ᠤ ᠳᠡᠮᠵᠢᠯᠭᠡ ᠪᠦᠬᠦᠢ ᠰᠤᠳᠤᠯᠭᠠᠨ ᠤ ᠵᠦᠢᠯ ᠨᠡᠶᠢᠲᠡ 5᠂ ᠤᠯᠤᠰ ᠤᠨ ᠳᠡᠰ ᠤᠨ ᠪᠤᠰᠤᠳ ᠰᠤᠳᠤᠯᠭᠠᠨ ᠤ  ᠵᠦᠢᠯ 17᠂ ᠮᠤᠵᠢ ᠶᠢᠨ ᠳᠡᠰ ᠤᠨ ᠰᠤᠳᠤᠯᠭᠠᠨ ᠤ ᠵᠦᠢᠯ 18᠂ ᠳᠢᠩᠬᠢᠮ ᠤᠨ ᠳᠡᠰ ᠤᠨ ᠰᠤᠳᠤᠯᠭᠠᠨ ᠤ ᠵᠦᠢᠯ 38᠎ ᠶᠢ ᠲᠠᠭᠠᠭᠠᠴᠢᠯᠠᠵᠤ ᠪᠤᠢ︔ ᠤᠯᠤᠰ ᠤᠨ ᠠᠪᠤᠷᠭᠤ ᠤᠳᠠᠴᠢ ᠶᠢᠨ ᠠᠵᠢᠯ ᠤᠨ ᠳᠠᠰᠤᠭ 2᠂ ᠤᠯᠤᠰ ᠤᠨ ᠦᠨᠡᠯᠡᠨ ᠳᠤᠭᠳᠠᠭᠠᠭᠰᠠᠨ ᠪᠦᠬᠦ  ᠤᠯᠤᠰ ᠤᠨ ᠨᠡᠷᠡᠳᠤ ᠠᠬᠠᠮᠠᠳ ᠮᠤᠩᠭᠤᠯ ᠬᠢᠳᠠᠳ ᠡᠮ ᠡᠮᠨᠡᠯᠭᠡ ᠶᠢᠨ ᠳᠤᠰᠬᠠᠢ ᠮᠡᠷᠭᠡᠵᠢᠯᠳᠡᠳ ᠤᠨ ᠦᠪᠯᠡᠨ ᠤᠯᠠᠮᠵᠢᠯᠠᠬᠤ ᠠᠵᠢᠯ ᠤᠨ  ᠳᠠᠰᠤᠭ 6᠂ ᠤᠷᠤᠰᠬᠠᠯ ᠪᠦᠯᠦᠭ ᠤᠨ ᠦᠪᠯᠡᠨ ᠤᠯᠠᠮᠵᠢᠯᠠᠬᠤ ᠠᠵᠢᠯ ᠤᠨ ᠳᠠᠰᠤᠭ 1 ᠪᠤᠢ᠃ ᠡᠳᠡᠭᠡᠷ ᠤᠯᠤᠰ ᠤᠨ ᠳᠡᠰ ᠤᠨ ᠪᠤᠯᠤᠨ  ᠦᠪᠡᠷᠳᠡᠭᠡᠨ ᠵᠠᠰᠠᠬᠤ ᠤᠷᠤᠨ ᠤ ᠳᠡᠰ ᠤᠨ ᠲᠡᠷᠢᠭᠦᠯᠦᠭᠰᠡᠨ ᠰᠢᠨᠵᠢᠯᠡᠭᠡᠨ ᠤ ᠰᠠᠯᠠᠭ᠎ᠠ᠂ ᠭᠤᠤᠯᠳᠠᠯᠭᠠᠳᠤ ᠰᠢᠨᠵᠢᠯᠡᠭᠡᠨ ᠤ ᠰᠠᠯᠠᠭ᠎ᠠ  ᠪᠤᠯᠤᠨ ᠳᠤᠰᠬᠠᠢ ᠮᠡᠷᠭᠡᠵᠢᠯ ᠤᠨ ᠰᠠᠯᠠᠭ᠎ᠠ ᠶᠢᠨ ᠬᠦᠭᠵᠢᠯᠳᠡ ᠨᠢ ᠳᠤᠰ ᠡᠮᠨᠡᠯᠭᠡ ᠶᠢᠨ ᠬᠤᠷᠢᠶ᠎ᠠ ᠶᠢᠨ ᠡᠯ᠎ᠡ ᠰᠢᠨᠵᠢᠯᠡᠭᠡᠨ ᠤ ᠰᠠᠯᠠᠭ᠎ᠠ ᠶᠢᠨ  ᠪᠠᠶᠢᠭᠤᠯᠤᠯᠳᠠ ᠬᠢᠭᠡᠳ ᠬᠦᠭᠵᠢᠯᠳᠡ ᠶᠢ ᠮᠠᠰᠢ ᠶᠡᠭᠡ ᠪᠠᠷ ᠳᠦᠯᠬᠢᠨ ᠠᠬᠢᠭᠤᠯᠤᠭᠰᠠᠨ ᠪᠠᠶᠢᠨ᠎ᠠ᠃                        ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ᠎ᠠ ᠨᠢ ᠤᠷᠢᠳ ᠬᠤᠵᠢᠳ ᠪᠦᠬᠦ ᠤᠯᠤᠰ ᠤᠨ ᠬᠢᠳᠠᠳ ᠡᠮ ᠡᠮᠨᠡᠯᠭᠡ ︵ᠦᠨᠳᠦᠰᠦᠳᠡᠨ ᠤ ᠡᠮ ᠡᠮᠨᠡᠯᠭᠡ ᠪᠠᠭᠳᠠᠵᠤ ᠪᠤᠢ︶᠎ ᠶᠢᠨ ᠳᠦᠷᠭᠡᠨ ᠡᠪᠡᠳᠴᠢᠨ ᠳᠤ ᠨᠡᠷᠪᠡᠭᠳᠡᠭᠰᠡᠳ ᠢ ᠡᠮᠨᠡᠨ  ᠠᠪᠤᠷᠠᠭᠰᠠᠨ ᠠᠵᠢᠯ ᠤᠨ ᠳᠡᠷᠢᠬᠦᠨ ᠤ ᠬᠠᠮᠳᠤ᠂ ᠤᠯᠤᠰ ᠤᠨ ᠦᠨᠳᠦᠰᠦᠳᠡᠨ ᠤ ᠠᠨᠠᠭᠠᠬᠤ ᠤᠬᠠᠭᠠᠨ ᠤ ᠭᠤᠤᠯᠳᠠᠯᠭᠠᠳᠤ  ᠰᠢᠨᠵᠢᠯᠡᠭᠡᠨ ᠤ ᠰᠠᠯᠠᠭ᠎ᠠ ᠶᠢᠨ ᠮᠤᠩᠭᠤᠯ ᠠᠨᠠᠭᠠᠬᠤ ᠤᠬᠠᠭᠠᠨ ᠤ ᠬᠠᠮᠵᠢᠯᠴᠠᠭᠠᠨ ᠤ ᠳᠤᠭᠤᠢᠢᠯᠠᠩ ᠤᠨ ᠳᠤᠭᠤᠢᠢᠯᠠᠩ ᠤᠨ ᠳᠠᠷᠤᠭ᠎ᠠ  ᠪᠤᠯᠬᠤ ᠨᠢᠭᠡᠴᠡ᠂ ᠪᠦᠬᠦ ᠤᠯᠤᠰ ᠤᠨ ᠬᠢᠳᠠᠳ ᠡᠮᠨᠡᠯᠭᠡ ᠶᠢᠨ ᠬᠤᠷᠢᠶ᠎ᠠ ︵ᠦᠨᠳᠦᠰᠦᠳᠡᠨ ᠤᠨ ᠡᠮᠨᠡᠯᠭᠡ ᠶᠢᠨ ᠬᠤᠷᠢᠶ᠎ᠠ ᠪᠠᠭᠳᠠᠵᠤ ᠪᠤᠢ︶ ᠎ ᠶᠢᠨ ᠰᠢᠯᠢᠳᠡᠭ ᠰᠤᠪᠢᠯᠠᠯᠳᠠ ᠶᠢᠨ ᠦᠢᠯᠡᠴᠢᠯᠡᠭᠡᠨ ᠤ ᠳᠡᠷᠢᠬᠦᠨ ᠤ ᠨᠢᠭᠡᠴᠡ᠂ ᠤᠯᠤᠰ ᠤᠨ ᠮᠤᠩᠭᠤᠯ ᠡᠮ ᠡᠮᠨᠡᠯᠭᠡ ᠶᠢᠨ ᠰᠤᠶᠤᠯ ᠤᠨ  ᠤᠬᠠᠭᠤᠯᠭ᠎ᠠ ᠬᠦᠮᠦᠵᠢᠯ ᠤᠨ ᠰᠠᠭᠤᠷᠢᠨ ᠭᠠᠵᠠᠷ᠂ ᠪᠦᠬᠦ ᠤᠷᠤᠨ ᠤ ᠭᠠᠳᠠᠭᠰᠢ ᠬᠠᠨᠳᠤᠭᠤᠯᠤᠭᠰᠠᠨ ᠰᠤᠶᠤᠯ ᠤᠨ ᠰᠤᠯᠢᠯᠴᠠᠭᠠᠨ ᠤ  ᠳᠡᠷᠢᠬᠦᠨ ᠤ ᠨᠢᠭᠡᠴᠡ᠂ ᠳᠤᠮᠳᠠᠳᠤ ᠤᠯᠤᠰ ᠪᠤᠯᠤᠨ ᠮᠤᠩᠭᠤᠯ ᠤᠯᠤᠰ ᠤᠨ ᠠᠷᠠᠯᠵᠢᠶᠠᠨ ᠤ ᠰᠤᠯᠢᠯᠴᠠᠭᠠᠨ ᠤ ᠠᠵᠢᠯᠯᠠᠭ᠎ᠠ ᠶᠢᠨ  ᠬᠠᠮᠤᠭ ᠤᠨ ᠰᠠᠶᠢᠨ ᠵᠤᠬᠢᠶᠠᠨ ᠪᠠᠶᠢᠭᠤᠯᠤᠭᠰᠠᠨ ᠱᠠᠩᠨᠠᠯ ᠢ ᠬᠦᠷᠳᠡᠭᠴᠢ᠂ ᠤᠯᠠᠭᠠᠨᠬᠦᠦ ᠮᠤᠩᠭᠤᠯ ᠦᠭᠡ ᠭᠡᠯᠡ ᠦᠰᠦᠭ ᠪᠢᠴᠢᠭ ᠤᠨ  ᠱᠠᠩᠨᠠᠯ ᠬᠦᠷᠳᠡᠭᠰᠡᠨ ᠳᠡᠷᠢᠬᠦᠨ ᠤ ᠬᠠᠮᠳᠤ ᠂ ᠪᠦᠬᠦ ᠤᠯᠤᠰ ᠪᠤᠯᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠡᠮ ᠡᠮᠨᠡᠯᠭᠡ ᠶᠢᠨ ᠰᠤᠶᠤᠯ ᠤᠨ ᠤᠬᠠᠭᠤᠯᠭ᠎ᠠ ᠬᠦᠮᠦᠵᠢᠯ ᠤᠨ ᠰᠤᠷᠭᠠᠨ ᠬᠦᠮᠦᠵᠢᠯ ᠤᠨ ᠰᠠᠭᠤᠷᠢᠨ ᠭᠠᠵᠠᠷ ᠵᠡᠷᠭᠡ ᠪᠠᠷ ᠦᠨᠡᠯᠡᠭᠳᠡᠵᠦ᠂ ᠨᠠᠢᠮᠠᠳᠤᠭᠠᠷ  ᠬᠤᠭᠤᠴᠠᠭ᠎ᠠ ᠪᠤᠯᠤᠨ ᠶᠢᠰᠦᠳᠦᠭᠡᠷ ᠬᠤᠭᠤᠴᠠᠭᠠᠨ ᠤ ᠳᠦᠪ ᠬᠤᠳᠠ ᠶᠢᠨ ᠤᠯᠠᠨ ᠳᠦᠮᠡᠨ ᠳᠤ ᠬᠠᠮᠤᠭ ᠠᠴᠠ ᠢᠯᠡᠬᠦᠦ  ᠳᠠᠭᠠᠰᠢᠶᠠᠭᠳᠠᠭᠰᠠᠨ ᠳᠦᠷᠦᠯ ᠳᠡᠮᠳᠡᠭᠳᠤ ᠶᠡᠷᠦᠩᠭᠡᠶᠢᠯᠡᠭᠰᠡᠨ ᠡᠮᠨᠡᠯᠭᠡ ᠶᠢᠨ ᠬᠤᠷᠢᠶ᠎ᠠ ᠪᠠᠷ ᠬᠤᠶᠠᠷ ᠵᠢᠯ ᠳᠠᠷᠠᠭᠠᠯᠠᠨ ᠴᠤᠯᠠᠯᠠᠭᠳᠠᠨ᠂ ᠮᠤᠩᠭᠤᠯ ᠤᠯᠤᠰ ᠤᠨ ᠦᠪᠦᠷ ᠮᠤᠩᠭᠤᠯ ᠳᠤ ᠰᠠᠭᠤᠭ᠎ᠠ ᠺᠤᠨᠰᠦᠯ ᠤᠨ ︽ᠢᠳᠡᠭᠡᠮᠵᠢᠳᠤ ᠨᠢᠭᠡᠴᠡ ᠳᠤ ᠳᠠᠯᠠᠷᠬᠠᠭᠰᠠᠨ ᠪᠢᠴᠢᠭ︾᠎ ᠢ  ᠬᠦᠷᠳᠡᠵᠦ᠂ ᠬᠡᠳᠦᠨ ᠮᠤᠩᠭᠤᠯ ᠡᠮᠴᠢ ᠫᠷᠦᠹᠧᠰᠰᠤᠷ ᠮᠤᠩᠭᠤᠯ ᠤᠯᠤᠰ ᠤᠨ ᠡᠷᠡᠭᠦᠯ ᠬᠠᠮᠠᠭᠠᠯᠠᠯ ᠤᠨ ᠶᠠᠮᠤᠨ ᠪ᠊ ︽ᠭᠠᠪᠢᠶᠠᠳᠤ ᠡᠮᠴᠢ︾ ᠎ ᠶᠢᠨ ᠢᠷᠠᠭᠤ ᠠᠯᠳᠠᠷ ᠢ ᠬᠦᠷᠳᠡᠵᠦ᠂ 2013 ᠤᠨ ᠳᠤ ᠦᠪᠦᠷ ᠮᠤᠩᠭᠤᠯ ᠪᠤᠯᠤᠨ ᠬᠦᠭᠡᠬᠤᠳᠠ ᠶᠢᠨ ᠬᠤᠶᠠᠷ ᠱᠠᠳᠤᠨ ᠤ ᠤᠯᠠᠨ  ᠳᠦᠮᠡᠨ ᠤ ᠮᠠᠭᠳᠠᠭᠠᠯᠳᠤ ᠡᠮᠨᠡᠯᠭᠡ ᠶᠢᠨ ᠬᠤᠷᠢᠶ᠎ᠠ ᠶᠢᠨ ᠠᠯᠳᠠᠨ ᠱᠠᠩᠨᠠᠯ ᠢᠶᠠᠷ ᠮᠢᠯᠢᠶᠠᠯᠭᠠᠭᠰᠠᠨ ᠪᠠᠶᠢᠨ᠎ᠠ᠃            ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠭᠡ ᠶᠢᠨ ᠬᠤᠷᠢᠶ᠎ᠠ ᠳᠤ ᠤᠳᠤᠬᠠᠨ ᠡᠪᠡᠳᠴᠢᠳᠡᠨ ᠤ ᠤᠷᠤ ᠨᠢ  1300 ᠪᠠᠶᠢᠵᠤ᠂ ᠡᠪᠡᠳᠴᠢᠳᠡᠨ ᠤ ᠤᠷᠤ ᠶᠢᠨ ᠠᠰᠢᠭᠯᠠᠯᠳᠠ ᠶᠢᠨ ᠨᠤᠷᠮ᠎ᠠ ᠨᠢ 120%᠎ ᠢ ᠳᠠᠪᠠᠪᠡ᠃ ᠡᠯ᠎ᠠ ᠵᠦᠢᠯ ᠤᠨ  ᠡᠪᠡᠳᠴᠢᠨ ᠤ ᠡᠪᠡᠳᠴᠢᠳᠡᠨ ᠤ ᠳᠠᠰᠤᠷᠠᠯᠳᠠ ᠦᠭᠡᠢ ᠨᠡᠮᠡᠭᠳᠡᠬᠦ ᠶᠢ ᠳᠠᠭᠠᠯᠳᠤᠨ᠂ ᠡᠮᠨᠡᠯᠭᠡ ᠶᠢᠨ ᠬᠤᠷᠢᠶ᠎ᠠ ᠶᠢᠨ ᠠᠵᠢᠯ ᠲᠠᠰᠤᠷᠠᠯᠳᠠ  ᠦᠭᠡᠢ ᠨᠡᠮᠡᠭᠳᠡᠵᠦ᠂ ᠡᠮᠴᠢᠯᠡᠭᠡᠨ ᠤ ᠦᠢᠯᠡᠴᠢᠯᠡᠭᠡ ᠶᠢᠨ ᠴᠢᠳᠠᠪᠬᠢ ᠲᠠᠰᠤᠷᠠᠯᠳᠠ ᠦᠭᠡᠢ ᠲᠡᠭᠦᠯᠳᠡᠷᠵᠢᠵᠦ᠂ ᠡᠮᠴᠢ ᠰᠤᠪᠢᠯᠠᠭᠴᠢ ᠶᠢᠨ  ᠬᠦᠴᠦᠨ ᠬᠦᠷᠦᠯᠴᠡᠬᠦ ᠦᠭᠡᠢ ᠪᠠᠶᠢᠳᠠᠯ ᠡᠳᠦᠷ ᠢᠷᠡᠬᠦᠶ᠎ᠡ ᠭᠡᠴᠡᠬᠦᠳᠡᠵᠦ ᠪᠠᠶᠢᠨ᠎ᠠ᠃ ᠤᠨᠴᠠᠭᠠᠢᠢᠯᠠᠨ ᠮᠤᠩᠭᠤᠯ ᠡᠮ ᠡᠮᠨᠡᠯᠭᠡ ᠶᠢᠨ  ᠠᠵᠢᠯᠳᠠᠡ ᠪᠤᠯᠤᠨ ᠮᠤᠩᠭᠤᠯ ᠬᠢᠳᠠᠳ ᠭᠡᠯᠡᠨ ᠳᠤ ᠨᠡᠪᠳᠡᠷᠡᠭᠰᠡᠨ ᠡᠮᠴᠢ ᠪᠤᠯᠤᠨ ᠰᠤᠪᠢᠯᠠᠭᠴᠢ ᠳᠤᠳᠠᠭᠳᠠᠵᠤ ᠪᠠᠶᠢᠬᠤ ᠪᠠᠶᠢᠳᠠᠯ ᠨᠢ  ᠳᠠᠰᠤᠷᠠᠯᠳᠠ ᠦᠭᠡᠢ ᠨᠡᠮᠡᠭᠳᠡᠵᠦ ᠪᠠᠶᠢᠭ᠎ᠠ ᠮᠤᠩᠭᠤᠯ ᠡᠮᠨᠡᠯᠭᠡ ᠶᠢᠨ ᠦᠢᠯᠡᠴᠢᠯᠡᠭᠡ ᠬᠦᠷᠳᠡᠬᠦ ᠱᠠᠭᠠᠷᠳᠠᠯᠭ᠎ᠠ ᠪᠦᠬᠦᠢ ᠡᠪᠡᠳᠴᠢᠳᠡᠳ ᠤᠨ ᠡᠪᠡᠳᠴᠢᠨ ᠢᠶᠠᠨ ᠡᠮᠨᠡᠬᠦᠯᠬᠦ ᠶᠠᠪᠤᠳᠠᠯ ᠢ ᠰᠢᠭᠤᠳ ᠨᠦᠯᠦᠭᠡᠯᠡᠨ᠂ ᠮᠤᠩᠭᠤᠯ ᠠᠨᠠᠭᠠᠬᠤ ᠤᠬᠠᠭᠠᠨ ᠤ ᠠᠨᠠᠭᠠᠵᠤ ᠰᠤᠪᠢᠯᠠᠬᠤ ᠤᠨᠴᠠᠯᠢᠭ ᠢ  ᠪᠠᠳᠠᠷᠠᠭᠤᠯᠬᠤ ᠪᠠ ᠮᠤᠩᠭᠤᠯ ᠡᠮᠨᠡᠯᠭᠡ ᠪᠠᠷ ᠠᠨᠠᠭᠠᠵᠤ ᠰᠤᠪᠢᠯᠠᠭᠰᠠᠨ ᠡᠪᠡᠳᠴᠢᠨ ᠤ ᠳᠡᠦᠭᠡ ᠶᠢ ᠵᠢᠷᠤᠮᠵᠢᠭᠤᠯᠤᠨ ᠪᠢᠴᠢᠬᠦ ᠶᠠᠪᠤᠳᠠᠯ ᠢ  ᠨᠦᠯᠦᠭᠡᠯᠡᠵᠤ᠂ ᠤᠯᠠᠮ ᠴᠢᠨᠠᠭᠰᠢᠯᠠᠪᠠᠯ ᠵᠠᠷᠢᠮ ᠬᠢᠳᠠᠳ ᠦᠭᠡ ᠮᠡᠳᠡᠬᠦ ᠦᠭᠡᠢ ᠮᠠᠯᠴᠢᠨ ᠳᠠᠷᠢᠶᠠᠴᠢᠨ ᠵᠢᠴᠢ ᠮᠤᠩᠭᠤᠯ ᠤᠯᠤᠰ ᠤᠨ ᠡᠪᠡᠳᠴᠢᠳᠡᠨ ᠯᠦᠭᠡ ᠶᠢᠨ ᠭᠡᠪ ᠶᠣᠰᠤᠭᠠᠷ ᠶᠠᠷᠢᠯᠴᠠᠵᠤ ᠤᠢᠢᠯᠠᠭᠠᠯᠴᠠᠬᠤ ᠶᠠᠪᠤᠳᠠᠯ ᠢ ᠨᠦᠯᠦᠭᠡᠯᠡᠵᠦ ᠪᠠᠶᠢᠨ᠎ᠠ᠃ ᠦᠷᠬᠡᠨ ᠤᠯᠠᠨ ᠮᠠᠯᠴᠢᠨ ᠳᠠᠷᠢᠶᠠᠴᠢᠨ ᠵᠢᠴᠢ ᠮᠤᠩᠭᠤᠯ ᠤᠯᠤᠰ ᠤᠨ ᠡᠪᠡᠳᠴᠢᠳᠡᠨ ᠤ ᠡᠪᠡᠳᠴᠢᠨ ᠢᠶᠠᠨ ᠡᠮᠨᠡᠬᠦᠯᠬᠦ  ᠬᠡᠷᠡᠭᠴᠡᠭᠡ ᠶᠢ  ᠨᠡᠩ ᠰᠠᠶᠢᠲᠤᠷ ᠬᠠᠩᠭᠠᠵᠤ᠂ ᠨᠡᠩ ᠴᠢᠨᠠᠷ ᠰᠠᠶᠢᠲᠠᠢ᠂ ᠠᠮᠤᠷ ᠲᠦᠪᠰᠢᠨ ᠰᠣᠪᠢᠯᠠᠬᠤ ᠦᠢᠯᠡᠴᠢᠯᠡᠭᠡ  ᠬᠠᠩᠭᠠᠵᠤ᠂ ᠮᠤᠩᠭᠤᠯ ᠡᠮᠨᠡᠯᠬᠡ ᠶᠢᠨ ᠰᠤᠪᠢᠯᠠᠬᠤ ᠡᠪᠡᠳᠴᠢᠨ ᠤ ᠳᠡᠦᠬᠡ ᠪᠢᠴᠢᠬᠦ ᠵᠡᠷᠬᠡ ᠠᠵᠢᠯ ᠢ ᠨᠡᠩ  ᠰᠠᠶᠢᠲᠤᠷ ᠬᠢᠬᠦ ᠶᠢᠨ ᠲᠤᠰᠠᠳᠠ᠂ ᠨᠡᠶᠢᠬᠡᠮ ᠨᠡᠶᠢᠳᠡ ᠠᠴᠠ ᠬᠡᠷ᠎ᠡ ᠶᠢᠨ ᠲᠦᠷᠢᠮᠳᠤ 50 ᠨᠡᠷ᠎ᠡ ᠰᠤᠪᠢᠯᠠᠭᠴᠢ ᠢᠯᠡ ᠪᠠᠷ ᠤᠷᠢᠬᠤ ᠪᠠᠴᠢᠮ ᠴᠢᠬᠤᠯᠠᠲᠠᠢ  ᠪᠠᠶᠢᠨ᠎ᠠ᠃      ᠨᠢᠭᠡ᠂ ᠤᠷᠢᠬᠤ ᠠᠵᠢᠯ ᠤᠨ ᠪᠠᠶᠢᠷᠢ            ᠮᠤᠩᠭᠤᠯ ᠢᠶᠠᠷ ᠬᠢᠴᠢᠶᠡᠯᠯᠡᠭᠰᠡᠨ ᠰᠣᠪᠢᠯᠠᠬᠤ ᠠᠵᠢᠯ ᠤᠨ  ᠪᠠᠶᠢᠷᠢ ᠳᠤ 30 ᠨᠡᠷ᠎ᠡ᠂ ᠬᠢᠳᠠᠳ ᠮᠤᠩᠭᠤᠯ ᠬᠡᠯᠡ ᠮᠡᠳᠡᠬᠦ ᠰᠤᠪᠢᠯᠠᠬᠤ ᠠᠵᠢᠯ ᠤᠨ ᠪᠠᠶᠢᠷᠢ ᠳᠤ 10 ᠨᠡᠷ᠎ᠡ᠂ ᠡᠩ ᠤᠨ ᠰᠣᠪᠢᠯᠠᠬᠤ ᠠᠵᠢᠯ ᠤᠨ ᠪᠠᠶᠢᠷᠢ ᠳᠤ 10 ᠨᠡᠷ᠎ᠡ᠃       ᠬᠤᠶᠠᠷ᠂ ᠤᠷᠢᠬᠤ ᠨᠥᠬᠦᠴᠡᠯ      1. ᠰᠣᠪᠢᠯᠠᠬᠤ ᠲᠤᠰᠬᠠᠢ ᠮᠡᠷᠭᠡᠵᠢᠯ ᠤᠨ ᠤᠯᠤᠰ ᠤᠨ ᠨᠢᠭᠡᠳᠦᠯᠲᠡᠢ ᠡᠯᠰᠡᠭᠰᠡᠨ ᠪᠦᠬᠦᠯᠢ ᠡᠳᠦᠷ ᠤᠨ ᠳᠦᠷᠢᠮᠲᠦ ᠡᠩ ᠤᠨ ᠳᠡᠭᠡᠳᠦ ᠰᠤᠷᠭᠠᠭᠤᠯᠢ ᠶᠢᠨ ᠲᠤᠰᠬᠠᠢ ᠮᠡᠷᠭᠡᠵᠢᠯ ︵3 + 2 ᠎ ᠤᠨ ᠳᠡᠭᠡᠳᠦ ᠵᠡᠷᠭᠡ ᠶᠢᠨ ᠲᠤᠰᠬᠠᠢ ᠮᠡᠷᠭᠡᠵᠢᠯ ᠪᠠᠭᠲᠠᠬᠤ︶ ᠵᠢᠴᠢ ᠲᠡᠭᠦᠨ ᠠᠴᠠ ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠢ ᠪᠠᠶᠢᠵᠤ᠂ ᠰᠤᠪᠢᠯᠠᠭᠴᠢ ᠶᠢᠨ ᠠᠵᠢᠯ ᠡᠷᠬᠢᠯᠡᠬᠦ ᠦᠨᠡᠮᠯᠡᠯ ᠣᠯᠣᠭᠰᠠᠳ ᠢ ᠡᠩ ᠲᠡᠷᠢᠭᠦᠨ ᠳᠤ ᠪᠣᠳᠣᠯᠬᠢᠯᠠᠨ᠎ᠠ︔      2. ᠲᠤᠰ ᠲᠤᠰᠬᠠᠢ ᠮᠡᠷᠭᠡᠵᠢᠯ ᠤᠨ ᠦᠨᠳᠦᠰᠦᠨ ᠣᠨᠣᠯ ᠪᠣᠯᠣᠨ ᠦᠢᠯᠡᠳᠦᠯᠭᠡ ᠶᠢᠨ ᠮᠡᠷᠭᠡᠰᠢᠯ ᠢ  ᠡᠵᠡᠮᠰᠢᠵᠦ᠂ ᠨᠡᠯᠢᠶᠡᠳ ᠰᠠᠶᠢᠨ ᠲᠤᠰᠬᠠᠢ ᠮᠡᠷᠭᠡᠵᠢᠯ ᠤᠨ ᠬᠡᠪ ᠪᠣᠯᠪᠠᠰᠤᠷᠠᠯ ᠪᠣᠯᠣᠨ ᠠᠵᠢᠯ ᠤᠨ ᠪᠠᠶᠢᠷᠢ ᠪᠠᠨ ᠬᠠᠶᠢᠷᠠᠯᠠᠵᠤ ᠠᠵᠢᠯ ᠦᠢᠯᠡᠰ ᠢᠶᠠᠨ ᠳᠡᠭᠡᠳᠦᠯᠡᠬᠦ ᠵᠣᠷᠢᠭ ᠰᠠᠨᠠᠭ᠎ᠠ ᠲᠠᠢ ᠪᠠᠶᠢᠬᠤ  ︔      3. ᠪᠡᠶ᠎ᠡ ᠮᠠᠬᠠᠪᠤᠳ ᠡᠷᠡᠭᠦᠯ ᠴᠢᠬᠢᠷᠠᠭ᠂  ᠪᠦᠬᠦᠯᠢ 30 ᠨᠠᠰᠤᠨ ᠠᠴᠠ ᠳᠣᠷᠣᠭᠰᠢ ᠪᠠᠶᠢᠭᠰᠠᠳ᠃      ᠭᠤᠷᠪᠠ᠂ ᠤᠯᠭᠤᠮᠵᠢ      ᠡᠮᠨᠡᠯᠭᠡ ᠶᠢᠨ ᠬᠤᠷᠢᠶ᠎ᠠ ᠶᠢᠨ ᠴᠠᠯᠢᠩ ᠤᠨ ᠬᠤᠪᠢᠶᠠᠷᠢᠯᠠᠯᠲᠠ ᠶᠢᠨ ᠠᠷᠭ᠎ᠠ ᠪᠠᠷ ᠬᠡᠷᠡᠭᠵᠢᠭᠦᠯᠵᠦ᠂  ᠨᠠᠰᠤᠵᠢᠯ ᠤᠨ ᠠᠰᠠᠷᠠᠮᠵᠢ ᠶᠢᠨ ᠳᠠᠭᠠᠳᠬᠠᠯ᠂ ᠡᠮᠨᠡᠯᠭᠡ ᠶᠢᠨ ᠳᠠᠭᠠᠳᠬᠠᠯ᠂ ᠠᠵᠢᠯ ᠠᠯᠳᠠᠯᠲᠠ ᠶᠢᠨ ᠳᠠᠭᠠᠳᠬᠠᠯ ᠵᠡᠷᠭᠡ ᠲᠠᠪᠣᠨ ᠲᠥᠷᠥᠯ ᠤᠨ ᠳᠠᠭᠠᠳᠬᠠᠯ ᠢ ᠬᠦᠷᠲᠡᠨ᠎ᠡ᠃      ᠳᠥᠷᠪᠡ᠂  ᠤᠷᠢᠬᠤ ᠳᠡᠰ ᠳᠠᠷᠠᠭᠠᠯᠠᠯ      1.ᠨᠡᠷ᠎ᠡ ᠮᠡᠳᠡᠭᠦᠯᠬᠦ      ᠲᠤᠰ ᠬᠥᠮᠥᠨ ᠥᠪᠡᠷ ᠤᠨ ᠲᠣᠪᠴᠢ ᠨᠠᠮᠲᠠᠷ᠂ ᠰᠤᠷᠭᠠᠭᠤᠯᠢ ᠲᠡᠭᠦᠰᠦᠭᠰᠡᠨ ᠦᠨᠡᠮᠯᠡᠯ᠂ ᠰᠣᠪᠢᠯᠠᠭᠴᠢ ᠶᠢᠨ ᠠᠵᠢᠯ ᠡᠷᠬᠢᠯᠡᠬᠦ ᠦᠨᠡᠮᠯᠡᠯ ᠪᠣᠶᠤ ᠰᠣᠪᠢᠯᠠᠭᠴᠢ ᠶᠢᠨ ᠬᠢᠷᠢ ᠭᠡᠮ ᠤᠨ ᠰᠢᠯᠭᠠᠯᠲᠠ ᠳᠤ ᠬᠢᠷᠢ ᠲᠡᠩᠴᠡᠭᠰᠡᠨ ᠬᠢᠷᠢ ᠪᠦᠲᠦᠮᠵᠢ ᠶᠢᠨ ᠬᠠᠭᠤᠳᠠᠰᠤ᠂ ᠬᠤᠶᠠᠳᠠᠭᠢ ᠦᠶ᠎ᠡ ᠶᠢᠨ ᠪᠡᠶ᠎ᠡ ᠶᠢᠨ ᠦᠨᠡᠮᠯᠡᠯ ᠤᠨ ᠤᠭ  ᠵᠦᠢᠯ ᠵᠢᠴᠢ ᠬᠠᠭᠤᠯᠪᠤᠷᠢ ᠪᠠᠨ ᠠᠪᠴᠤ ᠲᠣᠬᠠᠢ ᠶᠢᠨ ᠲᠠᠯᠠᠪᠠᠢ ᠳᠤ ᠬᠦᠷᠴᠦ ᠨᠡᠷ᠎ᠡ ᠮᠡᠳᠡᠭᠦᠯᠦᠨ᠎ᠡ᠂ ᠨᠡᠷ᠎ᠡ ᠮᠡᠳᠡᠭᠦᠯᠬᠦ ᠰᠦᠢᠳᠬᠡᠯ 100 ᠲᠥᠬᠦᠷᠢᠭ᠃      2.ᠨᠡᠷ᠎ᠡ ᠮᠡᠳᠡᠭᠦᠯᠬᠦ ᠴᠠᠭ᠂ ᠭᠠᠵᠠᠷ       2015 ᠤᠨ ᠤ 8 ᠳ᠋ᠤᠭᠠᠷ ᠰᠠᠷ᠎ᠠ ᠶᠢᠨ 11 — 8 ᠳ᠋ᠤᠭᠠᠷ ᠰᠠᠷ᠎ᠠ ᠶᠢᠨ 12᠎ ᠤᠨ ᠡᠳᠦᠷ᠂ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶ᠎ᠠ ᠶᠢᠨ 18 ᠳ᠋ᠤᠭᠠᠷ ᠳᠠᠪᠬᠤᠷᠯᠢᠭ ᠤᠨ ᠬᠦᠮᠦᠨ ᠤ ᠬᠦᠴᠦᠨ ᠤ ᠡᠬᠢ ᠪᠠᠶᠠᠯᠢᠭ ᠤᠨ ᠬᠡᠯᠳᠡᠰ ᠲᠤ ᠬᠦᠷᠴᠦ ᠨᠡᠷ᠎ᠡ ᠮᠡᠳᠡᠭᠦᠯᠦᠨ᠂ ᠬᠢᠨᠠᠨ ᠬᠠᠷᠭᠤᠭᠤᠯᠤᠨ᠎ᠠ᠃        3.ᠨᠢᠭᠤᠷᠳᠠᠨ ᠰᠢᠯᠭᠠᠬᠤ ᠴᠠᠭ᠂ ᠭᠠᠵᠠᠷ᠂ ᠱᠠᠭᠠᠷᠳᠠᠯᠭ᠎ᠠ      ᠨᠢᠭᠤᠷᠳᠠᠨ ᠰᠢᠯᠭᠠᠬᠤ ᠴᠠᠭ᠄ 2015 ᠤᠨ ᠤ 8 ᠳ᠋ᠤᠭᠠᠷ ᠰᠠᠷ᠎ᠠ ᠶᠢᠨ 15 — 16᠎ ᠤ ᠡᠳᠦᠷ ︵ᠭᠠᠷᠠᠭ ᠤᠨ ᠵᠢᠷᠭᠤᠭᠠᠨ᠂ ᠡᠳᠦᠷ︶᠃ ᠨᠢᠭᠤᠷᠳᠠᠨ ᠰᠢᠯᠭᠠᠬᠤ ᠭᠠᠵᠠᠷ᠄ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶ᠎ᠠ ᠶᠢᠨ 19 ᠳ᠋ᠦ᠋ᠭᠡᠷ ᠳᠠᠪᠬᠤᠷᠯᠢᠭ ᠤᠨ ᠬᠤᠷᠠᠯ ᠤᠨ ᠬᠡᠷ᠃            ᠱᠠᠭᠠᠷᠳᠠᠯᠭ᠎ᠠ᠄ ᠮᠤᠩᠭᠤᠯ ᠢᠶᠠᠷ ᠬᠢᠴᠢᠶᠡᠯᠯᠡᠭᠰᠡᠨ᠂ ᠮᠤᠩᠭᠤᠯ ᠬᠢᠳᠠᠳ ᠬᠤᠶᠠᠷ ᠬᠡᠯᠡ ᠳᠤ ᠨᠡᠪᠲᠡᠷᠡᠭᠰᠡᠨ ᠠᠵᠢᠯ ᠤᠨ ᠪᠠᠶᠢᠷᠢ ᠶᠢᠨ ᠨᠢᠭᠤᠷᠳᠠᠨ ᠰᠢᠯᠭᠠᠬᠤ ᠳᠤ ᠵᠠᠪᠠᠯ ᠮᠤᠩᠭᠤᠯ ᠢᠶᠠᠷ ᠰᠡᠳᠦᠪ ᠬᠠᠷᠢᠭᠤᠯᠬᠤ ᠬᠡᠷᠡᠭᠳᠡᠢ᠃        ᠲᠠᠪᠤ᠂ ᠬᠠᠷᠢᠯᠴᠠᠬᠤ ᠠᠷᠭ᠎ᠠ      ᠬᠠᠷᠢᠯᠴᠠᠬᠤ ᠬᠥᠮᠥᠨ᠄  ᠱᠠᠩ ᠴᠦᠨ ᠬᠤᠢ᠂ ᠭᠤᠤ ᠢᠦᠢ ᠱᠠᠨ      ᠬᠠᠷᠢᠯᠴᠠᠬᠤ ᠳ᠋ᠢᠶᠠᠩᠬᠤᠸᠠ᠄ 0471 -5182013      ᠲᠤᠰ ᠤᠷᠢᠨ ᠤᠷᠢᠬᠤ ᠠᠯᠪᠠᠨ ᠵᠠᠷ ᠢ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶ᠎ᠠ ᠬᠠᠷᠢᠭᠤᠴᠠᠨ ᠲᠠᠶᠢᠯᠪᠤᠷᠢᠯᠠᠨ᠎ᠠ᠃      ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶ᠎ᠠ      ᠬᠦᠮᠦᠨ ᠤ ᠬᠦᠴᠦᠨ ᠤ ᠡᠬᠢ ᠪᠠᠶᠠᠯᠢᠭ ᠤᠨ ᠬᠡᠯᠳᠡᠰ      2015 ᠣᠨ ᠤ 7  ᠳ᠋ᠤᠭᠠᠷ ᠰᠠᠷ᠎ᠠ ᠶᠢᠨ 31᠎ ᠤ ᠡᠳᠦᠷ
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号