2016 ᠣᠨ ᠤ 1 ᠳ᠋ᠦ᠋ᠭᠡᠷ ᠰᠠᠷ᠎ᠠ ᠶᠢᠨ 10 ᠤ ᠡᠳᠦᠷ ᠤᠨ ᠲᠡᠭ ᠴᠠᠭ ᠠᠴᠠ ᠡᠬᠢᠯᠡᠨ ᠭᠠᠯᠲᠤ ᠲᠡᠷᠭᠡᠨ ᠤ | ᠠᠶᠠᠯᠠᠯ ᠤᠨ ᠵᠢᠷᠤᠭ ᠢ ᠵᠢᠩᠬᠢᠨᠢ ᠪᠠᠷ ᠲᠣᠬᠢᠷᠠᠭᠤᠯᠵᠤ᠂ ᠲᠣᠬᠢᠷᠠᠭᠤᠯᠤᠯᠲᠠ ᠬᠢᠭᠰᠡᠨ ᠠᠩᠬᠠᠨ ᠤ ᠡᠳᠦᠷ ᠨᠡᠶᠢᠲᠡ 8. | 8 ᠲᠦᠮᠡᠨ ᠠᠶᠠᠨᠴᠢᠳ ᠲᠤ ᠬᠦᠷᠭᠡᠪᠡ᠃ ᠣᠶᠢᠯᠭᠠᠭᠰᠠᠨ ᠢᠶᠠᠷ᠂ ᠲᠤᠰ ᠤᠳᠠᠭᠠᠨ ᠤ ᠲᠣᠬᠢᠷᠠᠭᠤᠯᠤᠯᠲᠠ ᠨᠢ ᠣᠷᠣᠨ | ᠤ ᠳᠣᠲᠣᠨᠠᠬᠢ ᠭᠠᠳᠠᠨᠠᠬᠢ ᠠᠶᠠᠨᠴᠢᠳ ᠤᠨ ᠠᠶᠠᠯᠠᠯ ᠤᠨᠱᠠᠭᠠᠷᠳᠠᠯᠭ᠎ᠠ ᠶᠢ ᠶᠡᠷᠦᠩᠬᠡᠶᠢᠯᠡᠨ ᠪᠣᠳᠣᠯᠬᠢᠯᠠᠵᠤ᠂ ︽ | ᠠᠶᠠᠨᠴᠢᠳ ᠲᠤ ᠲᠥᠷᠥᠯ ᠰᠠᠳᠤᠨ ᠨᠢ ᠮᠡᠲᠦ ᠬᠠᠨᠳᠤᠬᠤ︾ ᠦᠢᠯᠡᠴᠢᠯᠡᠭᠡᠨ ᠤ ᠵᠣᠷᠢᠯᠲᠠ ᠶᠢ ᠢᠯᠡᠷᠡᠭᠦᠯᠵᠦ᠂ | ᠠᠶᠠᠨᠴᠢᠳ ᠤᠨ ᠠᠶᠠᠯᠠᠯ ᠳᠤ ᠮᠠᠰᠢ ᠳᠥᠭᠦᠮ ᠦᠵᠡᠭᠦᠯᠪᠡ ᠃ | ᠬᠤᠷᠳᠤᠨ ᠤ ᠭᠠᠯᠲᠤ ᠲᠡᠷᠭᠡ ᠨᠡᠮᠡᠵᠦ ᠠᠶᠠᠯᠬᠤ ᠳᠤ ᠨᠡᠩ ᠳᠥᠭᠦᠮ ᠪᠣᠯᠭᠠᠪᠠ᠃ ᠪᠤᠭᠤᠲᠤ ᠠᠴᠠ ᠬᠠᠩᠵᠧᠦ | ᠬᠦᠷᠬᠦ K658/5 ᠂ K656/7 ᠣᠳᠠᠭᠠᠨ ᠤ ᠬᠤᠷᠳᠤᠨ ᠤ ᠭᠠᠯᠲᠤ ᠲᠡᠷᠭᠡ ᠶᠢ ᠰᠢᠨ᠎ᠡ ᠪᠠᠷ 1 ᠬᠤᠣᠰ ᠨᠡᠮᠡᠵᠦ᠂ | ᠪᠤᠭᠤᠲᠤ ᠥᠷᠲᠡᠭᠡ ᠠᠴᠠ ᠡᠬᠢᠯᠡᠨ ᠠᠶᠠᠯᠠᠵᠤ᠂ ᠪᠤᠭᠤᠲᠤ — ᠰᠢ ᠠᠨ ᠤ ᠱᠤᠭᠤᠮ᠂ ᠶᠦᠩ ᠨᠢᠩ — ᠰᠢ ᠠᠨ | ᠤ ᠱᠤᠭᠤᠮ᠂ ᠬᠤᠸᠠᠢ ᠨᠠᠨ — ᠡᠦ ᠬᠡᠦ ᠶᠢᠨ ᠱᠤᠭᠤᠮ᠂ ᠨᠠᠨᠵᠢᠩ — ᠡᠦ ᠬᠡᠦ ᠶᠢᠨ ᠱᠤᠭᠤᠮ᠂ ᠰᠢᠦᠸᠠᠨ | ᠴᠧᠩ— ᠬᠠᠩᠵᠧᠦ ᠶᠢᠨ ᠱᠤᠭᠤᠮ ᠢ ᠥᠩᠭᠡᠷᠡᠵᠦ᠂ ᠬᠠᠩᠵᠧᠦ ᠳᠤ ᠰᠢᠭᠤᠳ ᠬᠦᠷᠦᠨ᠎ᠡ᠂ ᠪᠦᠬᠦ ᠠᠶᠠᠯᠠᠯ ᠳᠤ 33 | ᠴᠠᠭ 30 ᠮᠢᠨᠦ᠋ᠲ ᠬᠡᠷᠡᠭᠯᠡᠵᠦ᠂ ᠯᠦᠸᠧ ᠱᠠᠨ᠂ ᠰᠢ ᠰᠢᠶᠠᠨ᠂ ᠬᠤᠸ᠋ᠩ ᠵᠸᠦ᠂ ᠱᠠᠩ ᠴᠧᠩ᠂ ᠭᠦ᠋ ᠱᠢ᠂ ᠯᠢᠦ | ᠠᠨ᠂ ᠾᠧ ᠹᠧᠢ᠂ ᠴᠤᠤ ᠬᠡᠦ᠂ ᠡᠦ ᠬᠡᠦ᠂ ᠰᠢᠦᠸᠠᠨ ᠴᠧᠩ᠂ ᠴᠠᠩ ᠰᠢᠩ᠂ ᠳ᠋ᠧ ᠴᠧᠩ ᠨᠡᠶᠢᠲᠡ12 | ᠬᠤᠲᠠ ᠳᠤ ︽ᠥᠪᠥᠷ ᠮᠣᠩᠭᠤᠯ ᠤᠨ ᠭᠠᠯᠲᠤ ᠲᠡᠷᠭᠡ ᠰᠢᠭᠤᠳ ᠬᠦᠷᠬᠦ︾ ᠶᠢ ᠠᠩᠬ᠎ᠠ ᠠᠯᠬᠤᠮ ᠪᠡᠶᠡᠯᠡᠭᠦᠯᠵᠦ᠂ | ᠥᠩᠭᠡᠷᠡᠭᠰᠡᠨ ᠳᠤ ᠥᠪᠥᠷ ᠮᠣᠩᠭᠤᠯ ᠠᠴᠠ ᠡᠳᠡᠭᠡᠷ ᠬᠤᠲᠠ ᠳᠤ ᠬᠦᠷᠬᠦ ᠳᠤ ᠲᠡᠷᠭᠡ ᠰᠣᠯᠢᠳᠠᠭ ᠪᠠᠶᠢᠭᠰᠠᠨ | ᠲᠡᠦᠬᠡ ᠶᠢ ᠡᠴᠦᠰᠯᠡᠭᠦᠯᠪᠡ᠃ | ᠠᠶᠠᠨᠴᠢᠨ ᠤ ᠭᠠᠯᠲᠤ ᠲᠡᠷᠭᠡ ᠶᠢ ᠲᠣᠬᠢᠷᠠᠭᠤᠯᠵᠤ ᠠᠶᠠᠯᠠᠯ ᠢ ᠨᠡᠩ ᠰᠢᠯᠤᠭᠤᠨ ᠪᠣᠯᠭᠠᠪᠠ᠃ | ᠬᠥᠬᠡᠬᠤᠲᠠ ᠠᠴᠠ ᠴᠧᠩᠳᠦ᠋ ᠬᠦᠷᠬᠦ ᠠᠶᠠᠨᠴᠢᠨ ᠤ ᠭᠠᠯᠲᠤ ᠲᠡᠷᠭᠡ ᠶᠢᠨ ᠠᠶᠠᠯᠠᠯ ᠤᠨ ᠱᠤᠭᠤᠮ ᠢ 1ᠬᠤᠣᠰ | ᠲᠣᠬᠢᠷᠠᠭᠤᠯᠵᠤ᠂ ᠤᠤᠯ ᠤᠨ 1717 /8 ᠤᠳᠠᠭᠠᠨ ᠤ ᠭᠠᠯᠲᠤ ᠲᠡᠷᠭᠡ ᠶᠢ K195/6 ᠪᠣᠯᠭᠠᠨ ᠲᠣᠬᠢᠷᠠᠭᠤᠯᠵᠤ᠂ | ᠭᠠᠯᠲᠤ ᠲᠡᠷᠭᠡ ᠶᠢᠨ ᠳᠡᠰ ᠢ ᠡᠩ ᠤᠨ ᠬᠤᠷᠳᠤᠴᠠᠲᠤ ᠭᠠᠯᠲᠤ ᠲᠡᠷᠭᠡ ᠠᠴᠠ ᠬᠤᠷᠳᠤᠨ ᠤ ᠭᠠᠯᠲᠤ ᠲᠡᠷᠭᠡ ᠪᠣᠯᠭᠠᠨ | ᠳᠡᠭᠡᠭᠰᠢᠯᠡᠭᠦᠯᠪᠡ᠂ ᠠᠶᠠᠯᠠᠯ ᠤᠨ ᠱᠤᠭᠤᠮ ᠢ ᠪᠤᠭᠤᠲᠤ — ᠯᠠᠨᠵᠸᠦ ᠶᠢᠨ ᠱᠤᠭᠤᠮ᠂ ᠭᠠᠨᠰᠤ — ᠯᠢᠶᠠᠨ ᠶᠦᠨ | ᠭᠠᠩ ᠤᠨ ᠱᠤᠭᠤᠮ᠂ ᠪᠤᠤ ᠵᠢᠢ — ᠴᠧᠩᠳᠦ ᠶᠢᠨ ᠱᠤᠭᠤᠮ ᠢ ᠥᠭᠡᠷᠡᠴᠢᠯᠡᠭᠡᠳ ᠪᠤᠭᠤᠲᠤ — ᠰᠢ ᠠᠨ ᠤ | ᠱᠤᠭᠤᠮ᠂ ᠰᠢ ᠠᠨ — ᠠᠨ ᠺᠠᠩ ᠤᠨ ᠱᠤᠭᠤᠮ᠂ ᠰᠢᠶᠠᠩ ᠶᠠᠩ — ᠴᠦᠩᠴᠢᠩ ᠤᠨ ᠱᠤᠭᠤᠮ᠂ ᠳ᠋ᠠ ᠵᠸᠦ — | ᠴᠧᠩᠳᠦ ᠶᠢᠨ ᠱᠤᠭᠤᠮ ᠢᠶᠠᠷ ᠠᠶᠠᠯᠠᠬᠤ ᠪᠣᠯᠭᠠᠪᠠ᠃ ᠲᠣᠬᠢᠷᠠᠭᠤᠯᠤᠯᠲᠠ ᠪᠠᠷ ᠳᠠᠮᠵᠢᠨ᠂ ᠲᠤᠰ ᠲᠡᠷᠭᠡ ᠶᠢᠨ ᠪᠦᠬᠦ | ᠠᠶᠠᠯᠠᠯ ᠤᠨ ᠴᠠᠭ ᠢ ᠤᠤᠯ ᠳᠠᠭᠠᠨ 40.5 ᠴᠠᠭ ᠪᠠᠶᠢᠭᠰᠠᠨᠡᠴᠠ ᠨᠢ 27 ᠴᠠᠭ ᠪᠣᠯᠭᠠᠨ ᠪᠣᠭᠤᠨᠢᠰᠬᠠᠵᠤ᠂ | ᠴᠧᠩᠳᠦ᠋ ᠬᠢᠭᠡᠳ ᠬᠥᠬᠡᠬᠤᠲᠠ ᠬᠤᠶᠠᠷ ᠭᠠᠵᠠᠷ ᠤᠨ ᠬᠤᠭᠤᠷᠣᠨᠳᠤᠬᠢ ᠠᠶᠠᠯᠬᠤ ᠵᠠᠢ ᠶᠢ ᠶᠡᠭᠡ ᠪᠠᠷ ᠣᠶᠢᠷᠠᠲᠤᠭᠤᠯᠪᠠ᠃ | ᠵᠣᠭᠰᠣᠬᠤ ᠥᠷᠲᠡᠭᠡ ᠪᠠ ᠬᠦᠷᠬᠦ ᠥᠷᠲᠡᠭᠡ ᠶᠢ ᠰᠢᠯᠢᠳᠡᠭᠵᠢᠭᠦᠯᠵᠦ ᠠᠶᠠᠯᠠᠯ ᠢ ᠤᠯᠠᠮ ᠠᠮᠢᠳᠤᠯᠢᠭ ᠪᠣᠯᠭᠠᠪᠠ᠃ | 19 ᠬᠤᠣᠰ ᠵᠣᠭᠰᠣᠬᠤ ᠥᠷᠲᠡᠭᠡ ᠨᠡᠮᠡᠭᠰᠡᠨ ᠪᠠ ᠬᠠᠰᠤᠵᠤ᠂ ᠬᠥᠬᠡᠬᠤᠲᠠ ᠶᠢᠨ ᠲᠡᠮᠦᠷ ᠵᠠᠮ ᠤᠨ ᠲᠤᠪᠴᠢᠶ᠎ᠠ ᠶᠢᠨ | ᠬᠠᠮᠢᠶᠠᠷᠤᠯᠲᠠ ᠳᠠᠬᠢ ᠬᠤᠯᠪᠣᠭᠳᠠᠭᠰᠠᠨ ᠨᠡᠶᠢᠲᠡ 6 ᠬᠤᠣᠰ ᠭᠠᠯᠲᠤ ᠲᠡᠷᠭᠡ ᠡᠭᠦᠨ ᠲᠠᠢ ᠬᠤᠯᠪᠣᠭᠳᠠᠪᠠ᠂ | ᠪᠤᠭᠤᠲᠤ ᠠᠴᠠ ᠪᠡᠭᠡᠵᠢᠩ ᠬᠦᠷᠬᠦ K263/4 ᠤᠳᠠᠭᠠᠨ ᠤ ᠭᠠᠯᠲᠤ ᠲᠡᠷᠭᠡ ᠳᠤ ᠬᠥᠬᠡᠬᠤᠲᠠ ᠳᠤ ᠵᠣᠭᠰᠣᠬᠤ | ᠥᠷᠲᠡᠭᠡ ᠶᠢ ᠨᠡᠮᠡᠵᠦ᠂ ᠰᠢ ᠠᠨ ᠠᠴᠠ ᠦᠬᠠᠢ ᠬᠦᠷᠬᠦ K1686/7 ᠭᠠᠯᠲᠤ ᠲᠡᠷᠭᠡ ᠳᠤ ᠦᠬᠠᠢ ᠳᠤ ᠵᠣᠭᠰᠣᠬᠤ | ᠥᠷᠲᠡᠭᠡ ᠶᠢ ᠨᠡᠮᠡᠵᠦ᠂ ᠪᠤᠭᠤᠲᠤ ᠠᠴᠠ ᠭᠤᠸ᠋ᠩᠵᠸᠦ ᠬᠦᠷᠬᠦ K598/9 ᠤᠳᠠᠭ᠎ᠠ᠂ ᠭᠤᠸ᠋ᠩᠵᠸᠦ ᠠᠴᠠ ᠪᠤᠭᠤᠲᠤ | ᠬᠦᠷᠬᠦ K600/597 ᠤᠳᠠᠭᠠᠨ ᠤ ᠭᠠᠯᠲᠤ ᠲᠡᠷᠭᠡ ᠳᠤ ᠪᠦᠷ ᠬᠥᠬᠡᠬᠤᠲᠠ ᠳᠤ ᠵᠣᠭᠰᠣᠬᠤ ᠥᠷᠲᠡᠭᠡ ᠶᠢ ᠨᠡᠮᠡᠪᠡ᠂ | ᠦᠬᠠᠢ ᠶᠢᠨ ᠪᠠᠷᠠᠭᠤᠨ ᠠᠴᠠ ᠲᠢᠶᠠᠨᠵᠢᠨ ᠬᠦᠷᠬᠦ 1134/5 ᠤᠳᠠᠭᠠᠨ ᠤ ᠭᠠᠯᠲᠤ ᠲᠡᠷᠭᠡ ᠳᠤ ᠬᠥᠬᠡᠬᠤᠲᠠ | ᠵᠣᠭᠰᠣᠬᠤ ᠥᠷᠲᠡᠭᠡ ᠶᠢ ᠨᠡᠮᠡᠵᠦ᠂ ᠬᠥᠬᠡᠬᠤᠲᠠ ᠶᠢᠨ ᠵᠡᠭᠦᠨ ᠵᠣᠭᠰᠣᠬᠤ ᠥᠷᠲᠡᠭᠡ ᠶᠢ ᠬᠠᠰᠤᠪᠠ᠂ | ᠬᠥᠬᠡᠬᠤᠲᠠ ᠠᠴᠠ ᠡᠵᠡᠨ᠎ᠡ ᠬᠦᠷᠬᠦ K7911/2 ᠤᠳᠠᠭᠠᠨ ᠤ ᠭᠠᠯᠲᠤ ᠲᠡᠷᠭᠡ ᠳᠤ ᠦᠶᠦᠸᠠᠨ᠂ ᠤᠷᠠᠳ ᠤᠨ | ᠡᠮᠦᠨᠡᠲᠦ ᠬᠤᠰᠢᠭᠤᠨ ᠳᠤ ᠵᠣᠭᠰᠣᠬᠤ ᠥᠷᠲᠡᠭᠡ ᠶᠢ ᠨᠡᠮᠡᠪᠡ᠂ ᠬᠥᠬᠡᠬᠤᠲᠠ ᠠᠴᠠ ᠡᠷᠢᠶᠡᠨ ᠬᠤᠲᠠ ᠬᠦᠷᠬᠦ | 6856/7᠂ 6858/5 ᠤᠳᠠᠭᠠᠨ ᠤ ᠭᠠᠯᠲᠤ ᠲᠡᠷᠭᠡ ᠳᠤ ᠬᠥᠬᠡᠬᠤᠲᠠ ᠶᠢᠨ ᠵᠡᠭᠦᠨ ᠥᠷᠲᠡᠭᠡᠨ ᠳᠤ ᠵᠣᠭᠰᠣᠬᠤ | ᠥᠷᠲᠡᠭᠡ ᠶᠢ ᠨᠡᠮᠡᠪᠡ᠃ | ᠬᠥᠬᠡᠬᠤᠲᠠ ᠪᠤᠭᠤᠲᠤ ᠵᠢᠨᠢᠩ ᠤᠨ ᠬᠤᠭᠤᠷᠣᠨᠳᠤ 1 ᠴᠠᠭ ᠠᠶᠠᠯᠬᠤ ᠳᠤ ᠨᠡᠩ ᠳᠥᠭᠦᠮ ᠳᠦᠳᠡ ᠪᠣᠯᠪᠠ᠃ | ᠰᠢᠨ᠎ᠡ ᠠᠶᠠᠯᠠᠯ ᠤᠨ ᠵᠢᠷᠤᠭ ᠳᠤ ᠢᠯᠡᠷᠡᠭᠰᠡᠨ ᠨᠢ᠂ ᠬᠥᠬᠡᠬᠤᠲᠠ ᠵᠢᠨᠢᠩ ᠪᠤᠭᠤᠲᠤ ᠶᠢᠨ ᠬᠤᠭᠤᠷᠣᠨᠳᠤ ᠠᠶᠠᠯᠬᠤ | ᠬᠥᠳᠡᠯᠭᠡᠬᠦ ᠬᠦᠴᠦᠨᠲᠦ ᠭᠠᠯᠲᠤ ᠲᠡᠷᠭᠡ 12 ᠬᠤᠣᠰ ᠪᠠᠶᠢᠨ᠎ᠠ᠃ ᠡᠭᠦᠨ ᠳᠤ ᠬᠥᠬᠡᠬᠤᠲᠠ ᠶᠢᠨ ᠵᠡᠭᠦᠨ | ᠥᠷᠲᠡᠭᠡ ᠠᠴᠠ ᠪᠤᠭᠤᠲᠤ ᠬᠦᠷᠬᠦ 9 ᠬᠤᠣᠰ᠂ ᠪᠤᠭᠤᠲᠤ ᠠᠴᠠ ᠵᠢᠨᠢᠩ ᠤᠨ ᠡᠮᠦᠨ᠎ᠡ ᠥᠷᠲᠡᠭᠡ ᠬᠦᠷᠬᠦ 3 ᠬᠤᠣᠰ | ᠬᠥᠳᠡᠯᠭᠡᠬᠦ ᠬᠦᠴᠦᠨᠲᠦ ᠭᠠᠯᠲᠤ ᠲᠡᠷᠭᠡ ᠪᠠᠶᠢᠨ᠎ᠠ᠃ ᠰᠠᠭᠠᠯᠢᠴᠢ ᠥᠷᠲᠡᠭᠡ ᠳᠤ ᠵᠣᠭᠰᠣᠬᠤ ᠭᠠᠯᠲᠤ ᠲᠡᠷᠭᠡ ᠶᠢ 2 | ᠤᠳᠠᠭ᠎ᠠ ᠪᠠᠶᠢᠭᠰᠠᠨ ᠠᠴᠠ 4 ᠤᠳᠠᠭ᠎ᠠ ᠪᠣᠯᠭᠠᠪᠠ᠂ ᠡᠭᠦᠨ ᠳᠤD6755᠂ D6756᠂ D6760᠂ | D6773 ᠪᠠᠭᠲᠠᠨ᠎ᠠ᠂ ᠡᠨᠡ ᠨᠢ ᠬᠥᠬᠡᠬᠤᠲᠠ ᠪᠤᠭᠤᠲᠤ ᠵᠢᠨᠢᠩ ᠤᠨ ᠭᠤᠷᠪᠠᠨ ᠭᠠᠵᠠᠷ ᠤᠨ ᠬᠤᠭᠤᠷᠣᠨᠳᠤᠬᠢ | ᠬᠥᠳᠡᠯᠭᠡᠬᠦ ᠬᠦᠴᠦᠨᠲᠦ ᠭᠠᠯᠲᠤ ᠲᠡᠷᠭᠡ ᠶᠢ ︽ᠨᠡᠶᠢᠲᠡ ᠶᠢᠨ ᠮᠠᠰᠢᠨ ᠲᠡᠷᠭᠡᠨᠴᠡᠯᠡᠬᠦ︾ ᠠᠶᠠᠯᠠᠯ ᠤᠨ ᠵᠠᠭᠪᠤᠷᠰᠢᠯ ᠢ | ᠠᠬᠢᠭᠤᠯᠵᠤ᠂ ᠠᠷᠠᠳ ᠲᠥᠮᠡᠨ ᠤ ᠠᠶᠠᠯᠠᠯ ᠤᠨ ᠱᠠᠭᠠᠷᠳᠠᠯᠭ᠎ᠠ ᠶᠢ ᠤᠯᠠᠮ ᠨᠢᠭᠡ ᠠᠯᠬᠤᠮ ᠬᠠᠩᠭᠠᠬᠤ ᠪᠣᠯᠣᠨ᠎ᠠ᠃ |