1 ᠳ᠋ᠤᠭᠡᠷ ᠰᠠᠷ᠎ᠠ ᠶᠢᠨ 15 ᠤ ᠡᠳᠦᠷ ᠠᠴᠠ ᠡᠬᠢᠯᠡᠨ᠂ ᠪᠤᠭᠤᠲᠤ ᠠᠴᠠ ᠳ᠋ᠠᠲ᠋ᠦ᠋ᠩ ᠬᠦᠷᠬᠦ Z4192/1 | ᠤᠳᠠᠭ᠎ᠠ ᠶᠢᠨ ᠣᠨᠴᠠ ᠬᠤᠷᠳᠤ ᠶᠢᠨ ᠴᠤᠪᠤᠭ᠎ᠠ ᠲᠡᠷᠭᠡ ᠶᠢ ᠨᠡᠮᠡᠨ᠎ᠡ᠂ ᠡᠨᠡ ᠴᠤᠪᠤᠭ᠎ᠠ ᠲᠡᠷᠭᠡ ᠨᠢ ᠪᠤᠭᠤᠲᠤ | ᠦᠷᠲᠡᠭᠡ᠂ ᠪᠤᠭᠤᠲᠤ ᠵᠡᠬᠦᠨ ᠦᠷᠲᠡᠭᠡ᠂ ᠬᠥᠬᠡᠬᠤᠲᠠ ᠦᠷᠲᠡᠭᠡ᠂ ᠵᠢᠨᠢᠩ ᠡᠮᠦᠨ᠎ᠡ ᠦᠷᠲᠡᠭᠡ᠂ ᠹᠸᠡᠭᠵᠧᠨ | ᠦᠷᠲᠡᠭᠡ᠂ ᠳ᠋ᠠᠲ᠋ᠦ᠋ᠩ ᠦᠷᠲᠡᠭᠡ ᠵᠡᠷᠭᠡ 6 ᠦᠷᠳᠡᠭᠡ ᠳᠤ ᠵᠤᠭᠰᠣᠵᠤ᠂ ᠣᠳᠣᠬᠠᠨ ᠤ ᠬᠠᠮᠤᠭ ᠤᠨ ᠲᠦᠷᠭᠡᠨ | ᠴᠤᠪᠤᠭ᠎ᠠ ᠲᠡᠷᠭᠡ ᠲᠠᠢ ᠬᠠᠷᠢᠴᠠᠭᠤᠯᠪᠠᠯ ᠬᠠᠭᠠᠰ ᠴᠠᠭ ᠲᠦᠷᠭᠡᠳᠭᠡᠭᠰᠡᠨ ᠪᠠᠶᠢᠨ᠎ᠠ᠃ | ᠪᠣᠳᠠᠲᠠᠶ ᠴᠠᠭ ᠨᠢ᠄ Z4192 ᠤᠳᠠᠭ᠎ᠠ ᠨᠢ 7:02 ᠴᠠᠭ ᠲᠤ ᠪᠤᠭᠤᠲᠤ ᠦᠷᠲᠡᠭᠡ ᠠᠴᠠ ᠭᠠᠷᠴᠤ᠂ 12: | 02 ᠴᠠᠭ ᠲᠤ ᠳ᠋ᠠᠲ᠋ᠦ᠋ᠩ ᠦᠷᠲᠡᠭᠡ ᠳᠤ ᠬᠦᠷᠦᠨ᠎ᠡ︔ Z4191 ᠤᠳᠠᠭ᠎ᠠ ᠨᠢ 12:42 ᠴᠠᠭ ᠲᠤ ᠳ᠋ᠠᠲ᠋ᠦ᠋ᠩ | ᠦᠷᠲᠡᠭᠡ ᠠᠴᠠ ᠭᠠᠷᠴᠤ᠂ 17:30 ᠴᠠᠭ ᠲᠤ ᠪᠤᠭᠤᠲᠤ ᠦᠷᠲᠡᠭᠡ ᠳᠤ ᠬᠦᠷᠦᠨ᠎ᠡ᠃ | ᠡᠭᠦᠨ ᠤ ᠬᠠᠮᠲᠤ᠂ 1 ᠳ᠋ᠤᠭᠡᠷ ᠰᠠᠷ᠎ᠠ ᠶᠢᠨ 15 ᠤ ᠡᠳᠦᠷ ᠲᠤ ᠪᠤᠭᠤᠲᠤ ᠠᠴᠠ ᠬᠠᠩᠵᠧᠦ ᠬᠦᠷᠬᠦ | K656/5 ᠤᠳᠠᠭ᠎ᠠ ᠶᠢᠨ ᠴᠤᠪᠤᠭ᠎ᠠ ᠲᠡᠷᠭᠡ ᠶᠢ ᠨᠡᠮᠡᠨ᠎ᠡ᠂ ᠪᠣᠳᠠᠲᠠᠶ ᠴᠠᠭ ᠨᠢ᠄ ᠬᠠᠩᠵᠧᠦ ᠠᠴᠠ ᠪᠤᠭᠤᠲᠤ ᠬᠦᠷᠬᠦ | K656 ᠤᠳᠠᠭ᠎ᠠ ᠶᠢᠨ ᠴᠤᠪᠤᠭ᠎ᠠ ᠲᠡᠷᠭᠡ 15 ᠤ ᠡᠳᠦᠷ ᠠᠴᠠ ᠡᠬᠢᠯᠡᠨ᠂ 16 ᠴᠠᠭ 20 ᠮᠢᠨᠦ᠋ᠲ ᠲᠤ ᠬᠠᠩᠵᠧᠦ | ᠦᠷᠲᠡᠭᠡ ᠠᠴᠠ ᠭᠠᠷᠴᠤ᠂ ᠭᠤᠷᠪᠠᠳᠠᠬᠢ ᠡᠳᠦᠷ ᠤᠨ 5 ᠴᠠᠭ 37 ᠮᠢᠨᠦ᠋ᠲ ᠲᠤ ᠪᠤᠭᠤᠲᠤ ᠦᠷᠲᠡᠭᠡ ᠳᠤ ᠬᠦᠷᠴᠦ᠂ | ᠵᠠᠮ ᠳᠠᠭᠠᠨ 37 ᠴᠠᠭ 17 ᠮᠢᠨᠦ᠋ᠲ ᠠᠶᠠᠯᠠᠨ᠎ᠠ᠂ ᠪᠢᠯᠧᠲ ᠢ ᠨᠢ ᠨᠢᠭᠡᠨᠲᠡ ᠬᠤᠳᠠᠯᠳᠤᠵᠤ ᠡᠬᠢᠯᠡᠪᠡ᠃ | ᠪᠤᠭᠤᠲᠤ ᠠᠴᠠ ᠬᠠᠩᠵᠧᠦ ᠬᠦᠷᠬᠦ K655 ᠤᠳᠠᠭ᠎ᠠ ᠶᠢᠨ ᠴᠤᠪᠤᠭ᠎ᠠ ᠲᠡᠷᠭᠡ 17 ᠤ ᠡᠳᠦᠷ ᠠᠴᠠ | ᠡᠬᠢᠯᠡᠨ᠎ᠡ᠃ 11 ᠴᠠᠭ 22 ᠮᠢᠨᠦ᠋ᠲ ᠲᠤ ᠪᠤᠭᠤᠲᠤ ᠦᠷᠲᠡᠭᠡ ᠠᠴᠠ ᠭᠠᠷᠴᠤ᠂ ᠳᠠᠷᠠᠭ᠎ᠠ ᠡᠳᠦᠷ ᠤᠨ 20 ᠴᠠᠭ | 53 ᠮᠢᠨᠦ᠋ᠲ ᠲᠤ ᠬᠠᠩᠵᠧᠦ ᠦᠷᠲᠡᠭᠡ ᠳᠤ ᠬᠦᠷᠴᠦ᠂ ᠵᠠᠮ ᠳᠠᠭᠠᠨ 33 ᠴᠠᠭ 31 ᠮᠢᠨᠦ᠋ᠲ ᠠᠶᠠᠯᠠᠨ᠎ᠠ᠂ ᠲᠡᠷᠭᠡᠨ | ᠪᠢᠯᠧᠲ ᠢ ᠨᠢᠭᠡᠨᠲᠡ ᠬᠤᠳᠠᠯᠳᠤᠵᠤ ᠡᠬᠢᠯᠡᠪᠡ᠂ ᠲᠠ ᠲᠡᠮᠦᠷ ᠵᠠᠮ ᠤᠨ 12306 ᠰᠦᠯᠵᠢᠶᠡᠨ ᠦᠷᠲᠡᠭᠡ ᠪᠤᠶᠤ ᠭᠠᠷ | ᠤᠲᠠᠰᠤᠨ ᠤ ᠬᠡᠷᠡᠭᠯᠡᠭᠴᠢ ᠶᠢᠨ ᠦᠵᠦᠬᠦᠷ ᠢ ᠴᠠᠭ ᠢᠮᠠᠭᠲᠠ ᠠᠩᠬᠠᠷᠴᠤ ᠦᠵᠡᠬᠡᠷᠠᠢ᠃ | ᠡᠨᠡ ᠴᠤᠪᠤᠭ᠎ᠠ ᠲᠡᠷᠭᠡ ᠨᠢ ᠴᠤᠤ ᠬᠤ᠋ ᠨᠠᠭᠤᠷ ᠦᠷᠲᠡᠭᠡ᠂ ᠡᠾᠧᠹᠸᠢ ᠦᠷᠲᠡᠭᠡ᠂ ᠯᠢᠦ ᠠᠨ ᠦᠷᠲᠡᠭᠡ᠂ | ᠰᠢᠤᠸᠠᠨ ᠴᠸᠡᠭ ᠦᠷᠲᠡᠭᠡ ᠵᠡᠷᠭᠡ ᠦᠷᠲᠡᠭᠡ ᠪᠠᠷ ᠳᠠᠭᠠᠷᠢᠨ᠎ᠠ᠂ ᠡᠨᠡ ᠪᠤᠯ ᠪᠤᠭᠤᠲᠤ ᠦᠷᠲᠡᠭᠡ ᠠᠴᠠ ᠡᠾᠧᠹᠸᠢ | ᠦᠷᠲᠡᠭᠡ ᠳᠤ ᠰᠢᠭᠤᠳ ᠬᠦᠷᠭ᠊ ᠠᠩᠬᠠᠳᠠᠭᠴᠢ ᠴᠤᠪᠤᠭ᠎ᠠ ᠲᠡᠷᠭᠡ ᠪᠤᠯᠤᠨ᠎ᠠ᠃ |