10 ᠳ᠋ᠤᠭᠠᠷ ᠰᠠᠷ᠎ᠠ ᠶᠢᠨ14 ᠤ ᠡᠳᠤᠷ᠂ ᠪᠦᠬᠦ ᠤᠷᠤᠨ ᠤ ᠪᠤᠯᠪᠠᠰᠤᠨ ᠰᠤᠷᠭᠠᠭᠤᠯᠢ ᠶᠢᠨ ᠬᠦᠷᠢᠶ᠎ᠡ ᠶᠢ | ᠡᠬᠦᠳᠦᠨ ᠪᠠᠶᠢᠭᠤᠯᠬᠤ ᠠᠵᠢᠯ ᠤᠨ ᠠᠬᠢᠭᠤᠯᠬᠤ ᠬᠤᠷᠠᠯ ᠰᠢᠯᠢ ᠶᠢᠨ ᠬᠤᠲᠠ ᠳᠤ ᠬᠤᠷᠠᠯᠳᠤᠵᠥ᠂ ᠬᠤᠷᠠᠯ ᠳᠡᠭᠡᠷ᠎ᠡ | ᠲᠦᠪ ᠤᠨ ︽ᠪᠤᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠬᠦᠳᠦᠨ ᠪᠠᠶᠢᠭᠤᠯᠬᠤ ᠠᠵᠢᠯᠯᠠᠭ᠎ᠠ ᠶᠢ ᠬᠦᠨᠵᠡᠬᠡᠢ | ᠦᠷᠨᠢᠬᠦᠯᠬᠦ ᠲᠤᠬᠠᠢ ᠬᠡᠷᠡᠭᠵᠢᠬᠦᠯᠬᠦ ᠰᠠᠨᠠᠯ︾ ᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠥ᠂ ᠪᠦᠬᠦ | ᠤᠷᠤᠨ ᠤ ᠪᠤᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠬᠦᠳᠦᠨ ᠪᠠᠶᠢᠭᠤᠯᠬᠤ ᠠᠵᠢᠯ ᠳᠤ ᠪᠠᠶᠢᠷᠢᠯᠠᠭᠤᠯᠤᠯᠳᠡ | ᠬᠢᠪᠡ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠡᠰ | ᠤᠨ ᠲᠠᠷᠤᠭ᠎ᠠ ᠤᠯᠠᠭᠠᠨ ᠬᠤᠷᠠᠯ ᠳᠤ ᠤᠷᠤᠯᠴᠠᠵᠥ ᠶᠠᠷᠢᠶ᠎ᠠ ᠲᠠᠯᠪᠢᠵᠠᠢ᠃ | ᠤᠯᠠᠭᠠᠨ ᠵᠢᠭᠠᠵᠦ ᠭᠠᠷᠭᠠᠬᠰᠠᠨ ᠨᠢ᠂ ᠪᠤᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠬᠦᠳᠦᠨ ᠪᠠᠶᠢᠭᠤᠯᠬᠤ | ᠠᠵᠢᠯ ᠪᠤᠯ ᠤᠳᠤ ᠦᠶ᠎ᠡ ᠳᠤ ᠭᠠᠪᠢᠶ᠎ᠠ ᠲᠠᠢ᠂ ᠠᠯᠤᠰ ᠢᠷᠡᠬᠡᠳᠤᠢ ᠳᠤ ᠠᠰᠢᠬᠳᠠᠢ ᠰᠢᠰᠲ᠋ᠧᠮᠳᠤ ᠢᠨᠵᠧᠨᠧᠷᠢᠩ | ᠪᠤᠯᠤᠨ᠎ᠠ᠂ ᠰᠤᠷᠭᠠᠭᠤᠯᠢ ᠶᠢᠨ ᠬᠦᠷᠢᠶ᠎ᠡ ᠶᠢᠨ ᠪᠦᠳᠦᠭᠡᠨ ᠪᠠᠶᠢᠭᠤᠯᠤᠯᠳᠠ ᠶᠢᠨ ᠲᠦᠷᠢ ᠲᠦᠷᠬᠦ᠂ ᠪᠢᠴᠢᠭ ᠵᠢᠭᠠᠵᠥ | ᠬᠦᠮᠥᠨ ᠬᠦᠮᠥᠵᠢᠬᠦᠯᠬᠦ ᠲᠦᠪᠰᠢᠨ᠂ ᠪᠠᠭᠰᠢ ᠶᠢᠨ ᠶᠤᠰᠤ ᠮᠤᠷᠠᠯ ᠪᠠᠭᠰᠢ ᠶᠢᠨ ᠰᠤᠷᠳᠠᠯ᠂ ᠰᠤᠷᠤᠭᠴᠢ ᠶᠢᠨ ᠬᠡᠪ | ᠪᠤᠯᠪᠠᠰᠤᠷᠠᠯ ᠵᠡᠷᠬᠡ ᠶᠡᠷᠤᠩᠬᠡᠶᠢᠯᠡᠭᠰᠡᠡ ᠪᠤᠳᠠᠳᠤ ᠬᠦᠴᠦᠨ ᠢ ᠲᠡᠭᠡᠭᠰᠢᠯᠡᠬᠦᠯᠬᠦ᠂ ᠰᠤᠷᠭᠠᠨ ᠬᠦᠮᠥᠵᠢᠯ ᠵᠢᠭᠠᠨ | ᠰᠤᠷᠭᠠᠯᠳᠡ ᠶᠢ ᠠᠬᠢᠭᠤᠯᠤᠨ ᠬᠦᠴᠦᠷᠭᠡᠭᠵᠢᠬᠦᠯᠬᠦ ᠶᠢ ᠪᠡᠶᠡᠯᠡᠬᠦᠯᠬᠦ᠂ ᠰᠤᠷᠭᠠᠭᠤᠯᠢ ᠶᠢᠨ ᠤᠶᠤᠨ ᠤ ᠪᠤᠯᠪᠠᠰᠤᠨ ᠤ | ᠪᠠᠶᠢᠭᠤᠯᠤᠯᠳᠠ ᠶᠢ ᠠᠬᠢᠭᠤᠯᠬᠤ᠂ ᠢᠷᠭᠡᠳ ᠤᠨ ᠪᠤᠯᠪᠠᠰᠤᠨ ᠬᠡᠪ ᠪᠤᠯᠪᠠᠰᠤᠷᠠᠯ ᠪᠤᠯᠤᠨ ᠭᠠᠵᠠᠷ ᠤᠷᠤᠨ ᠤ | ᠪᠤᠯᠪᠠᠰᠤᠨ ᠤ ᠬᠡᠮᠵᠢᠶ᠎ᠡ ᠲᠡᠭᠡᠭᠰᠢᠯᠡᠬᠦᠯᠬᠦ ᠳᠤ ᠴᠢᠬᠤᠯᠠ ᠪᠤᠳᠠᠳᠤ ᠠᠴᠢ ᠬᠤᠯᠪᠤᠭᠳᠠᠯ ᠪᠤᠯᠤᠨ ᠠᠯᠤᠰ ᠬᠡᠳᠤ ᠶᠢᠨ | ᠲᠡᠤᠬᠡᠳᠤ ᠠᠴᠢ ᠬᠤᠯᠪᠤᠭᠳᠠᠯ ᠲᠠᠢ ᠶᠤᠮ᠃ ᠡᠯ᠎ᠡ ᠱᠠᠳᠤᠨ ᠤ ᠡᠯ᠎ᠡ ᠲᠦᠷᠦᠯ ᠤᠨ ᠰᠤᠷᠭᠠᠭᠤᠯᠢ ᠶᠢᠨ ᠬᠢᠨ | ᠪᠤᠯᠪᠠᠰᠤᠨ ᠨᠢᠬᠡᠴᠡ ᠶᠢ ᠡᠬᠦᠳᠦᠨ ᠪᠠᠶᠢᠭᠤᠯᠬᠤ ᠠᠵᠢᠯ ᠤᠨ ᠦᠢᠯᠡᠳᠦᠯᠬᠡ ᠲᠠᠢ ᠪᠠᠨ ᠬᠦᠢᠴᠡᠳ ᠤᠶᠠᠯᠳᠤᠭᠤᠯᠵᠥ᠂ | ︽ᠵᠢᠷᠭᠤᠭᠠᠨ ᠰᠠᠶᠢᠨ︾ ᠤ ᠪᠠᠷᠢᠮᠵᠢᠶ᠎ᠠ ᠶᠤᠰᠤᠭᠠᠷ᠂ ᠪᠤᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠬᠦᠳᠦᠨ | ᠪᠠᠶᠢᠭᠤᠯᠬᠤ ᠠᠵᠢᠯ ᠢ ᠢᠳᠡᠪᠬᠢᠳᠡᠢ ᠠᠬᠢᠭᠤᠯᠵᠥ᠂ ᠲᠡᠭᠡᠷ᠎ᠡ ᠠᠴᠠ ᠲᠤᠷᠤᠭᠰᠢ᠂ ᠱᠠᠳᠤ ᠱᠠᠳᠤ ᠪᠠᠷ ᠠᠬᠢᠭᠤᠯᠤᠭᠰᠠᠠ | ᠪᠠᠶᠢᠳᠠᠯ ᠢ ᠪᠦᠷᠢᠯᠳᠦᠬᠦᠯᠬᠦ ᠬᠡᠷᠡᠭᠳᠡᠢ ᠬᠡᠪᠠ᠃ | ᠤᠯᠠᠭᠠᠨ ᠴᠢᠬᠤᠯᠠᠴᠢᠯᠠᠬᠰᠠᠨ ᠨᠢ᠂ ᠦᠵᠡᠯ ᠰᠠᠨᠠᠭ᠎ᠠ ᠲᠠᠨᠢᠯᠲᠡ ᠪᠠᠨ ᠤᠯᠠᠮ ᠴᠢᠨᠠᠭᠰᠢᠲᠠ ᠬᠦᠨᠵᠡᠭᠡᠶᠢᠷᠡᠭᠦᠯᠵᠦ᠂ | ᠪᠤᠯᠪᠠᠰᠤᠨ ᠰᠤᠷᠭᠠᠭᠤᠯᠢ ᠶᠢᠨ ᠬᠦᠷᠢᠶ᠎ᠠ ᠶᠢ ᠡᠭᠦᠳᠦᠨ ᠪᠠᠶᠢᠭᠤᠯᠬᠤ ᠦᠵᠡᠯ ᠰᠠᠨᠠᠭᠠᠨ ᠤ ᠤᠬᠠᠮᠰᠠᠷ ᠪᠠ ᠦᠢᠯᠡ | ᠠᠵᠢᠯᠯᠠᠭ᠎ᠠ ᠶᠢᠨ ᠤᠬᠠᠮᠰᠠᠷ ᠢᠶᠠᠨ ᠲᠡᠭᠡᠭᠰᠢᠯᠡᠬᠦᠯᠬᠦ ᠬᠡᠷᠡᠭᠲᠡᠢ᠃ ᠦᠵᠡᠯ ᠰᠠᠨᠠᠭ᠎ᠠ ᠶᠤᠰᠤ ᠮᠤᠷᠠᠯ ᠤᠨ ᠬᠦᠮᠦᠵᠢᠯ᠂ | ᠰᠤᠷᠭᠠᠭᠤᠯᠢ ᠶᠢᠨ ᠬᠦᠷᠢᠶ᠎ᠡ ᠶᠢᠨ ᠰᠤᠶᠤᠯ ᠤᠨ ᠪᠠᠶᠢᠭᠤᠯᠤᠯᠲᠠ᠂ ᠠᠵᠢᠯᠯᠠᠭ᠎ᠠ ᠶᠢᠨ ᠪᠠᠬᠢᠯᠡᠯᠲᠡ ᠶᠢᠨ ᠬᠠᠮᠢᠶᠠᠷᠤᠯᠲᠠ᠂ | ᠰᠤᠷᠭᠠᠭᠤᠯᠢ ᠶᠢᠨ ᠬᠦᠷᠢᠶ᠎ᠡ ᠶᠢᠨ ᠤᠷᠴᠢᠨ ᠲᠤᠭᠤᠷᠢᠨ ᠤ ᠪᠦᠲᠦᠭᠡᠨ ᠪᠠᠶᠢᠭᠤᠯᠤᠯᠲᠠ᠂ ᠪᠠᠭᠰᠢ ᠶᠢᠨ ᠡᠩᠨᠡᠭᠡ ᠶᠢᠨ | ᠪᠠᠶᠢᠭᠤᠯᠤᠯᠲᠠ᠂ ᠤᠳᠤᠷᠢᠳᠬᠤ ᠪᠠᠭ ᠤᠨ ᠪᠠᠶᠢᠭᠤᠯᠤᠯᠲᠠ ᠵᠡᠷᠭᠡ ᠲᠠᠯ᠎ᠠ ᠳᠤ ᠡᠭᠦᠳᠦᠨ ᠪᠠᠶᠢᠭᠤᠯᠬᠤ ᠠᠭᠤᠯᠭ᠎ᠠ ᠪᠠᠨ | ᠤᠯᠠᠮ ᠴᠢᠨᠠᠭᠰᠢᠲᠠ ᠨᠠᠷᠢᠯᠢᠭᠵᠢᠭᠤᠯᠵᠤ᠂ ︽ᠵᠢᠷᠭᠤᠭᠠᠨ ᠰᠠᠶᠢᠨ︾ ᠪᠠᠷᠢᠮᠵᠢᠶ᠎ᠠ ᠶᠢᠨ ᠱᠠᠭᠠᠷᠳᠠᠯᠭ᠎ᠠ ᠶᠢ | ᠨᠠᠶᠢᠳᠠᠪᠤᠷᠢᠵᠢᠭᠤᠯᠵᠤ᠂ ᠪᠤᠯᠪᠠᠰᠤᠨ ᠰᠤᠷᠭᠠᠭᠤᠯᠢ ᠶᠢᠨ ᠬᠦᠷᠢᠶ᠎ᠡ ᠶᠢ ᠡᠭᠦᠳᠦᠨ ᠪᠠᠶᠢᠭᠤᠯᠬᠤ ᠪᠦᠬᠦᠯᠢ ᠴᠤᠭᠴᠠ ᠶᠢᠨ | ᠶᠠᠰᠤ ᠴᠢᠨᠠᠷ ᠪᠠ ᠬᠢᠷᠢ ᠲᠦᠪᠰᠢᠨ ᠢ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ᠃ ᠡᠭᠦᠳᠦᠨ ᠪᠦᠲᠦᠭᠡᠬᠦ | ᠠᠴᠢᠶᠠᠯᠠᠭᠴᠢ ᠶᠢ ᠤᠯᠠᠮ ᠴᠢᠨᠠᠭᠰᠢᠲᠠ ᠪᠠᠶᠠᠯᠢᠭᠵᠢᠭᠤᠯᠵᠤ᠂ ︽ᠶᠤᠰᠤ ᠰᠤᠷᠲᠠᠬᠤᠨ ᠢᠶᠠᠨ ᠳᠠᠪᠲᠠᠨ | ᠪᠤᠯᠪᠠᠰᠤᠷᠠᠭᠤᠯᠵᠤ᠂ ᠰᠢᠷᠭᠠᠭᠤ ᠬᠠᠲᠠᠭᠤᠵᠢᠯᠲᠠᠢ ᠰᠤᠷᠤᠯᠴᠠᠵᠤ· ᠴᠢᠳᠠᠪᠤᠷᠢᠲᠠᠨ ᠪᠤᠯᠵᠤ ᠬᠦᠰᠡᠯᠡᠩ ᠢᠶᠠᠨ | ᠪᠡᠶᠡᠯᠡᠭᠦᠯᠦᠶ᠎ᠡ︾ ᠭᠡᠬᠦ ᠪᠠᠷ ᠨᠢᠬᠡᠳᠤᠯᠳᠡᠢ ᠵᠢᠯᠤᠭᠤᠳᠤᠭᠤᠯᠵᠥ᠂ ᠦᠷᠲᠡᠭ ᠢ ᠳᠠᠶᠢᠯᠠᠨ ᠳᠠᠭᠠᠭᠤᠯᠬᠤ᠂ ᠶᠤᠰᠤ | ᠰᠤᠷᠲᠠᠬᠤᠨ ᠪᠤᠯᠪᠠᠰᠤᠷᠠᠯ ᠢ ᠬᠦᠮᠦᠵᠢᠭᠦᠯᠬᠦ᠂ ᠪᠤᠯᠪᠠᠰᠤᠨ ᠢ ᠡᠭᠦᠳᠦᠨ ᠪᠠᠶᠢᠭᠤᠯᠬᠤ᠂ ᠰᠤᠷᠭᠠᠭᠤᠯᠢ ᠶᠢᠨ ᠰᠤᠷᠲᠠᠯ ᠢ | ᠤᠯᠠᠮᠵᠢᠯᠠᠬᠤ ᠵᠡᠷᠭᠡ ᠠᠴᠢᠶᠠᠯᠠᠭᠴᠢ ᠶᠢ ᠪᠠᠶᠠᠯᠢᠭᠵᠢᠭᠤᠯᠬᠤ ᠶᠢ ᠭᠤᠤᠯᠳᠠᠯᠭ᠎ᠠ ᠲᠠᠢ ᠰᠠᠶᠢᠳᠤᠷ ᠠᠳᠬᠤᠵᠤ᠂ | ᠭᠤᠤᠯᠯᠠᠭᠴᠢ ᠦᠷᠲᠡᠭ ᠤᠨ ᠦᠵᠡᠯᠳᠡ ᠶᠢᠨ ᠪᠤᠯᠪᠠᠰᠤᠨ ᠰᠤᠷᠭᠠᠭᠤᠯᠢ ᠶᠢᠨ ᠬᠦᠷᠢᠶ᠎ᠡ ᠳᠤ ᠨᠠᠶᠢᠳᠠᠪᠤᠷᠢᠵᠢᠭᠳᠠᠬᠤ ᠶᠢ | ᠠᠬᠢᠭᠤᠯᠬᠤ ᠬᠡᠷᠡᠭᠲᠡᠢ᠃ ᠡᠭᠦᠳᠦᠨ ᠪᠠᠶᠢᠭᠤᠯᠬᠤ ᠬᠠᠷᠠᠯᠲᠠ ᠪᠠᠨ ᠤᠯᠠᠮ ᠴᠢᠨᠠᠭᠰᠢᠲᠠ ᠳᠤᠳᠤᠷᠬᠠᠢᠢᠯᠠᠵᠤ᠂ ᠵᠤᠬᠢᠶᠠᠨ | ᠪᠠᠶᠢᠭᠤᠯᠤᠯᠳᠠ ᠶᠢᠨ ᠤᠳᠤᠷᠢᠳᠤᠯᠭ᠎ᠠ ᠪᠠᠨ ᠴᠢᠩᠭᠠᠳᠬᠠᠵᠤ᠂ ᠠᠵᠢᠯ ᠤᠨ ᠳᠤᠭᠲᠠᠴᠠ ᠶᠢ ᠲᠡᠭᠦᠯᠳᠡᠷᠵᠢᠭᠦᠯᠵᠦ᠂ | 2020 ᠤᠨ ᠪᠤᠯᠲᠠᠯ᠎ᠠ ᠪᠦᠬᠦ ᠤᠷᠤᠨ ᠤ ᠶᠡᠭᠡ ᠳᠡᠭᠡᠳᠦ ᠰᠤᠷᠭᠠᠭᠤᠯᠢ᠂ ᠳᠤᠮᠳᠠᠳᠤ ᠪᠠᠭ᠎ᠠ ᠰᠤᠷᠭᠠᠭᠤᠯᠢ ᠶᠢᠨ | ᠪᠤᠯᠪᠠᠰᠤᠨ ᠰᠤᠷᠭᠠᠭᠤᠯᠢ ᠶᠢᠨ ᠬᠦᠷᠢᠶ᠎ᠠ ᠶᠢ ᠡᠭᠦᠳᠦᠨ ᠪᠠᠶᠢᠭᠤᠯᠬᠤ ᠠᠵᠢᠯᠯᠠᠭ᠎ᠠ ᠶᠢ 100% ᠢᠶᠠᠷ ᠪᠦᠷᠬᠦᠭᠦᠯᠬᠦ ᠶᠢ | ᠪᠠᠲᠤᠯᠠᠵᠤ᠂ ᠡᠭᠦᠳᠦᠨ ᠪᠠᠶᠢᠭᠤᠯᠬᠤ ᠠᠵᠢᠯ ᠤᠨ ᠳᠦᠷᠢᠮᠵᠢᠯᠲᠡ᠂ ᠪᠠᠶᠢᠩᠭᠤᠵᠢᠯᠲᠠ᠂ ᠵᠢᠷᠤᠮᠵᠢᠯᠲᠠ ᠶᠢ ᠠᠬᠢᠭᠤᠯᠬᠤ | ᠬᠡᠷᠡᠭᠲᠡᠢ ᠭᠡᠪᠠ᠃ | ᠬᠤᠷᠠᠯ ᠤᠨ ᠬᠤᠭᠤᠴᠠᠭᠠᠨ ᠳᠤ᠂ ᠬᠤᠷᠠᠯ ᠳᠤ ᠤᠷᠤᠯᠴᠠᠭᠰᠠᠨ ᠲᠦᠯᠦᠭᠡᠯᠡᠭᠴᠢᠳ ᠰᠢᠯᠢ ᠶᠢᠨ ᠬᠤᠲᠠ ᠶᠢᠨ | ᠪᠤᠯᠪᠠᠰᠤᠨ ᠰᠤᠷᠭᠠᠭᠤᠯᠢ ᠶᠢᠨ ᠬᠦᠷᠢᠶ᠎ᠠ ᠶᠢ ᠡᠭᠦᠳᠦᠨ ᠪᠠᠶᠢᠭᠤᠯᠤᠭᠰᠠᠨ ᠠᠵᠢᠯ ᠤᠨ ᠪᠠᠶᠢᠳᠠᠯ ᠢ ᠲᠤᠭᠤᠷᠢᠨ ᠦᠵᠡᠪᠡ᠃ | ᠤᠷᠳᠤᠰ ᠬᠤᠲᠠ ᠶᠢᠨ ᠤᠶᠤᠨ ᠤ ᠪᠤᠯᠪᠠᠰᠤᠨ ᠤ ᠪᠠᠶᠢᠭᠤᠯᠤᠯᠳᠠ ᠶᠢᠨ ᠵᠢᠯᠤᠭᠤᠳᠬᠤ ᠵᠦᠪᠯᠡᠯ ᠤᠨ ᠠᠯᠪᠠᠨ ᠭᠡᠷ᠂ | ᠰᠢᠯᠢᠩᠬᠤᠲᠠ ᠶᠢᠨ ᠵᠢᠷᠭᠤᠳᠤᠭᠠᠷ ᠳᠤᠮᠳᠠᠳᠤ ᠰᠤᠷᠭᠠᠭᠤᠯᠢ ᠵᠡᠷᠭᠡ 8 ᠭᠠᠵᠠᠷ ᠤᠷᠤᠨ ᠪᠠ ᠪᠠᠶᠢᠭᠤᠯᠭ᠎ᠠ ᠲᠤᠷᠰᠢᠯᠭ᠎ᠠ | ᠰᠤᠯᠢᠯᠴᠠᠬᠤ ᠶᠠᠷᠢᠶ᠎ᠠ ᠢᠯᠡᠳᠬᠡᠯ ᠬᠢᠵᠡᠢ᠃ |