ᠳᠠᠷᠠᠭ᠎ᠠ ᠵᠢᠯ ᠤᠨ 1 ᠳ᠋ᠦ᠋ᠭᠡᠷ ᠰᠠᠷ᠎ᠠ ᠶᠢᠨ 5᠎ ᠤ ᠡᠳᠦᠷ ᠠᠴᠠ ᠡᠬᠢᠯᠡᠨ ᠬᠥᠬᠡᠬᠤᠲᠠ ᠲᠡᠮᠦᠷ ᠵᠠᠮ ᠤᠨ ᠲᠣᠪᠴᠢᠶ᠎ᠠ 25 ᠬᠤᠤᠰ ᠠᠶᠠᠨᠴᠢᠳ ᠤᠨ ᠭᠠᠯᠲᠤ ᠲᠡᠷᠭᠡᠨ ᠤ ᠠᠶᠠᠯᠠᠯ ᠤᠨ ᠵᠢᠷᠤᠭ ᠲᠤ ᠲᠤᠬᠢᠷᠠᠭᠤᠯᠤᠯᠲᠠ ᠬᠢᠨ᠎ᠡ
ᠨᠡᠶᠢᠲᠡᠯᠡᠭᠰᠡᠨ ᠴᠠᠭ᠄
2016/11/14
     ᠠᠶᠠᠨᠴᠢᠳ ᠤᠨ ᠭᠠᠳᠠᠭᠰᠢ ᠶᠠᠪᠤᠬᠤ ᠳᠤ ᠤᠯᠠᠮ ᠢᠯᠡᠭᠦᠦ ᠳᠥᠭᠦᠮ ᠦᠵᠡᠭᠦᠯᠵᠦ᠂ ᠵᠠᠮ ᠱᠤᠭᠤᠮ ᠢ ᠤᠯᠠᠮ ᠨᠢᠭᠡ ᠠᠯᠬᠤᠮ ᠰᠢᠯᠢᠳᠡᠭᠵᠢᠭᠦᠯᠦᠨ ᠲᠡᠭᠡᠭᠡᠪᠦᠷᠢᠯᠡᠬᠦ ᠴᠢᠳᠠᠪᠤᠷᠢ ᠶᠢ ᠰᠤᠯᠠᠯᠠᠬᠤ ᠶᠢᠨ ᠲᠤᠰᠠᠳᠠ᠂ 2017 ᠤᠨ ᠤ 1 ᠳ᠋ᠦ᠋ᠭᠡᠷ ᠰᠠᠷ᠎ᠠ ᠶᠢᠨ 5᠎ ᠤ ᠡᠳᠦᠷ ᠠᠴᠠ ᠡᠬᠢᠯᠡᠨ᠂ ᠬᠥᠬᠡᠬᠤᠲᠠ ᠲᠡᠮᠦᠷ ᠵᠠᠮ ᠤᠨ ᠲᠣᠪᠴᠢᠶ᠎ᠠ 25 ᠬᠤᠤᠰ ᠠᠶᠠᠨᠴᠢᠳ ᠤᠨ ᠭᠠᠯᠲᠤ ᠲᠡᠷᠭᠡ ᠶᠢᠨ ᠠᠶᠠᠯᠠᠯ ᠤᠨ ᠵᠢᠷᠤᠭ ᠲᠤ ᠲᠣᠬᠢᠷᠠᠭᠤᠯᠤᠯᠲᠠ ᠬᠢᠵᠦ᠂ 2 ᠬᠤᠤᠰ ᠠᠶᠠᠨᠴᠢᠳ ᠤᠨ ᠭᠠᠯᠲᠤ ᠲᠡᠷᠭᠡ ᠶᠢ ᠰᠢᠨ᠎ᠡ ᠪᠠᠷ ᠨᠡᠮᠡᠵᠦ᠂ 1 ᠬᠤᠤᠰ ᠠᠶᠠᠨᠴᠢᠳ ᠤᠨ ᠭᠠᠯᠲᠤ ᠲᠡᠷᠭᠡ ᠶᠢ ᠵᠤᠭᠰᠤᠭᠠᠵᠤ᠂ 2 ᠬᠤᠤᠰ ᠠᠶᠠᠨᠴᠢᠳ ᠤᠨ ᠭᠠᠯᠲᠤ ᠲᠡᠷᠭᠡ ᠶᠢᠨ ᠠᠶᠠᠯᠠᠯ ᠤᠨ ᠬᠡᠰᠡᠭ ᠢ ᠲᠤᠬᠢᠷᠠᠭᠤᠯᠵᠤ᠂ 20 ᠬᠤᠤᠰ ᠠᠶᠠᠨᠴᠢᠳ ᠤᠨ ᠭᠠᠯᠲᠤ ᠲᠡᠷᠭᠡ ᠶᠢᠨ ᠬᠡᠰᠡᠭ ᠵᠤᠭᠰᠤᠭᠠᠯ ᠢ ᠨᠡᠮᠡᠵᠦ ᠬᠠᠰᠤᠪᠠ᠃ ᠪᠣᠳᠠᠲᠠᠶ ᠪᠠᠷ ᠳᠣᠣᠷᠠᠬᠢ ᠮᠡᠲᠦ᠄      ᠪᠤᠭᠤᠲᠤ ᠠᠴᠠ ᠯᠢᠨᠾᠧ ᠬᠦᠷᠬᠦ Z6541/2 ᠤᠳᠠᠭ᠎ᠠ᠂ ᠬᠥᠬᠡᠬᠤᠲᠠ ᠠᠴᠠ ᠤᠷᠠᠳ ᠤᠨ ᠡᠮᠦᠨᠡᠲᠦ ᠬᠤᠰᠢᠭᠤ ᠬᠦᠷᠬᠦ K7925/6 ᠤᠳᠠᠭᠠᠨ ᠤ 2 ᠬᠤᠤᠰ ᠠᠶᠠᠨᠴᠢᠳ ᠤᠨ ᠭᠠᠯᠲᠤ ᠲᠡᠷᠭᠡ ᠶᠢ ᠰᠢᠨ᠎ᠡ ᠪᠠᠷ ᠨᠡᠮᠡᠨ᠎ᠡ︔ ᠵᠧᠩᠵᠧᠦ ᠠᠴᠠ ᠬᠥᠬᠡᠬᠤᠲᠠ ᠬᠦᠷᠬᠦ K1626/3᠂ K1624/5 ᠤᠳᠠᠭᠠᠨ ᠤ 1 ᠬᠤᠤᠰ ᠠᠶᠠᠨᠴᠢᠳ ᠤᠨ ᠭᠠᠯᠲᠤ ᠲᠡᠷᠭᠡ ᠶᠢ ᠵᠤᠭᠰᠤᠭᠠᠨ᠎ᠠ︔ ᠪᠤᠭᠤᠲᠤ ᠠᠴᠠ ᠱᠧᠨᠵᠧᠨ ᠵᠡᠭᠦᠨ ᠬᠦᠷᠬᠦ Z184/1᠂ Z182/3 ᠤᠳᠠᠭ᠎ᠠ ᠪᠠ ᠪᠤᠭᠤᠲᠤ ᠠᠴᠠ ᠨᠠᠨᠴᠠᠩ ᠪᠠᠷᠠᠭᠤᠨ ᠬᠦᠷᠬᠦ K1276/7᠂ K1278/ ᠤᠳᠠᠭᠠᠨ ᠤ 2 ᠬᠤᠤᠰ ᠠᠶᠠᠨᠴᠢᠳ ᠤᠨ ᠭᠠᠯᠲᠤ ᠲᠡᠷᠭᠡ ᠶᠢᠨ ᠠᠶᠠᠯᠠᠯ ᠤᠨ ᠬᠡᠰᠡᠭ ᠢ ᠲᠤᠬᠢᠷᠠᠭᠤᠯᠤᠨ᠎ᠠ︔ ᠳ᠋ᠦᠩᠱᠧᠩ ᠪᠠᠷᠠᠭᠤᠨ ᠠᠴᠠ ᠪᠡᠭᠡᠵᠢᠩ ᠪᠠᠷᠠᠭᠤᠨ ᠬᠦᠷᠬᠦ K574/3 ᠤᠳᠠᠭ᠎ᠠ᠂ ᠬᠥᠬᠡᠬᠤᠲᠠ ᠠᠴᠠ ᠦᠬᠠᠶ ᠪᠠᠷᠠᠭᠤᠨ ᠬᠦᠷᠬᠦ T6308/7 ᠤᠳᠠᠭ᠎ᠠ ᠵᠡᠷᠭᠡ 20 ᠬᠤᠤᠰ ᠠᠶᠠᠨᠴᠢᠳ ᠤᠨ ᠭᠠᠯᠲᠤ ᠲᠡᠷᠭᠡ ᠶᠢᠨ ᠬᠡᠰᠡᠭ ᠵᠤᠭᠰᠤᠭᠠᠯ ᠢ ᠲᠤᠬᠢᠷᠠᠭᠤᠯᠬᠤ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号