ᠦᠪᠡᠷᠳᠡᠬᠡᠨ ᠵᠠᠰᠬᠠᠤ ᠤᠷᠤᠨ ᠤ ᠰᠤᠷᠭᠠᠨ ᠬᠦᠮᠦᠵᠢᠯ ᠤᠨ ᠰᠤᠷᠤᠭᠴᠢ ᠡᠯᠰᠡᠬᠦ ᠰᠢᠯᠭᠠᠯᠳᠠ ᠶᠢᠨ | ᠲᠦᠪ ᠠᠴᠠ ᠤᠢᠢᠯᠠᠭᠠᠭᠰᠠᠨ ᠢᠶᠠᠷ᠂ ᠮᠠᠨ ᠤ ᠤᠷᠤᠨ ᠤ 2017 ᠣᠨ ᠤ ᠡᠩ ᠤᠨ ᠶᠡᠭᠡ ᠳᠡᠬᠡᠳᠤ | ᠰᠤᠷᠭᠠᠭᠤᠯᠢ ᠶᠢᠨ ᠨᠢᠬᠡᠳᠦᠯᠳᠡᠢ ᠰᠢᠯᠭᠠᠯᠳᠠ 2016 ᠣᠨ ᠤ 12 ᠳ᠋ᠤᠭᠠᠷ ᠰᠠᠷ᠎ᠠ ᠶᠢᠨ 1 ᠤ ᠡᠳᠦᠷ ᠤᠨ 9᠄ 00 | ᠴᠠᠭ ᠠᠴᠠ 12 ᠤᠨ ᠡᠳᠦᠷ ᠤᠨ 18᠄ 00 ᠴᠠᠭ ᠪᠤᠯᠳᠠᠯ᠎ᠠ ᠨᠡᠷ᠎ᠡ ᠮᠡᠳᠡᠬᠦᠯᠦᠨ᠎ᠡ᠃ | ᠰᠢᠯᠭᠠᠭᠤᠯᠤᠭᠴᠢ ᠳᠤᠭᠳᠠᠭᠰᠠᠨ ᠴᠠᠭ ᠤᠨ ᠳᠤᠳᠤᠷ᠎ᠠ ᠰᠦᠯᠵᠢᠶᠡᠨ ᠳᠡᠬᠡᠷ᠎ᠡ ᠤᠷᠢᠳᠴᠢᠯᠠᠨ ᠨᠡᠷ᠎ᠡ ᠮᠡᠳᠡᠬᠦᠯᠵᠦ᠂ | ᠰᠦᠯᠵᠢᠶᠡᠨ ᠳᠡᠬᠡᠷ᠎ᠡ ᠨᠡᠷ᠎ᠡ ᠮᠡᠳᠡᠬᠦᠯᠬᠦ ᠰᠦᠢᠳᠬᠡᠯ ᠢᠶᠠᠨ ᠳᠤᠰᠢᠶᠠᠵᠤ᠂ ᠳᠤᠬᠠᠢ ᠶᠢᠨ ᠳᠠᠯᠠᠪᠠᠢ ᠳᠤ ᠬᠤᠷᠤᠭᠤᠨ | ᠤᠷᠤᠮ ᠤᠨ ᠮᠡᠳᠡᠭᠡ ᠵᠠᠩᠬᠢ ᠪᠠᠨ ᠴᠤᠭᠯᠠᠭᠤᠯᠤᠨ᠂ ᠳᠤᠬᠠᠢ ᠶᠢᠨ ᠳᠠᠯᠠᠪᠠᠢ ᠳᠤ ᠰᠡᠬᠦᠳᠡᠷ ᠳᠠᠳᠠᠭᠤᠯᠵᠤ᠂ ᠨᠡᠷ᠎ᠡ | ᠮᠡᠳᠡᠬᠦᠯᠦᠭᠰᠡᠨ ᠮᠡᠳᠡᠭᠡ ᠵᠠᠩᠬᠢ ᠳᠠᠭᠠᠨ ᠭᠠᠷ ᠤᠨ ᠦᠰᠦᠭ ᠵᠢᠷᠤᠨ ᠨᠤᠳᠠᠯᠠᠨ᠎ᠠ᠂ ᠬᠤᠭᠤᠴᠠᠭ᠎ᠠ ᠨᠢ ᠬᠡᠳᠦᠷᠡᠪᠡᠯ | ᠬᠠᠮᠢᠶ᠎ᠠ ᠪᠦᠬᠦᠢ ᠭᠠᠷ ᠬᠦᠢᠴᠡᠳᠬᠡᠯ ᠢ ᠨᠦᠬᠦᠵᠦ ᠬᠢᠵᠤ ᠥᠭᠬᠦ ᠦᠭᠡᠢ᠃ | ᠰᠢᠯᠭᠠᠭᠤᠯᠤᠭᠴᠢ ᠡᠷᠦᠬᠡ ᠠᠮᠠ ᠶᠢᠨ ᠳᠠᠩᠰᠠ ᠪᠠᠶᠢᠭ᠎ᠠ ᠬᠤᠰᠢᠭᠤ ︵ᠰᠢᠶᠠᠨ᠂ ᠬᠤᠳᠠ᠂ ᠳᠤᠭᠤᠷᠢᠭ︶ ᠶᠢᠨ | ᠰᠤᠷᠤᠭᠴᠢ ᠡᠯᠰᠡᠬᠦ ᠰᠢᠯᠭᠠᠯᠳᠠ ᠶᠢᠨ ᠪᠠᠶᠢᠭᠤᠯᠤᠮᠵᠢ ᠳᠤ ᠨᠡᠷ᠎ᠡ ᠮᠡᠳᠡᠬᠦᠯᠦᠨ᠎ᠡ᠃ ᠤᠷᠤᠨ ᠤ ᠭᠠᠳᠠᠨᠠᠬᠢ ᠬᠦᠯᠦᠰᠦᠨ | ᠠᠵᠢᠯ ᠬᠢᠭᠰᠡᠳ ᠤᠨ ᠡᠵᠢ ᠠᠪᠤ ᠪᠠᠨ ᠳᠠᠭᠠᠵᠤ ᠨᠡᠬᠦᠵᠦ ᠢᠷᠡᠭᠰᠡᠨ ᠰᠢᠯᠭᠠᠭᠤᠯᠤᠭᠴᠢ ᠡᠵᠢ ᠠᠪᠤ ᠶᠢᠨ ᠢᠶᠠᠨ ᠰᠠᠭᠤᠭ᠎ᠠ | ᠭᠠᠵᠠᠷ ᠤᠨ ᠬᠤᠰᠢᠭᠤ ᠰᠢᠶᠠᠨ ᠳᠤ ᠨᠡᠷ᠎ᠡ ᠮᠡᠳᠡᠬᠦᠯᠦᠨ᠎ᠡ᠃ | ᠨᠢᠬᠡ᠂ ᠦᠪᠡᠷᠳᠡᠬᠡᠨ ᠵᠠᠰᠬᠠᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠤᠨ ᠵᠦᠪᠰᠢᠶᠡᠷᠡᠭᠰᠡᠨ | ᠰᠤᠷᠤᠭᠴᠢ ᠡᠯᠰᠡᠬᠦ ᠬᠡᠪᠴᠢᠶᠡᠨ ᠳᠠᠬᠢ ᠠᠶᠢᠮᠠᠭ ᠬᠤᠳᠠ ᠠᠯᠤᠰᠯᠠᠨ ᠡᠯᠰᠡᠭᠰᠡᠨ ᠶᠠᠳᠠᠭᠤ ᠬᠦᠴᠢᠷᠳᠡᠯᠳᠡᠢ ᠰᠢᠯᠢᠳᠡᠭ | ᠰᠤᠷᠤᠭᠴᠢ ᠶᠢᠨ ᠠᠩᠬᠢ ᠶᠢᠨ ᠰᠢᠨ᠎ᠡ ᠳᠡᠬᠦᠰᠬᠦ ᠰᠤᠷᠤᠭᠴᠢ︔ ᠬᠤᠶᠠᠷ᠂ ᠠᠶᠢᠮᠠᠭ ᠬᠤᠳᠠ ᠳᠤ ᠰᠢᠭᠤᠳ | ᠬᠠᠷᠢᠶᠠᠯᠠᠭᠳᠠᠬᠤ ᠳᠡᠬᠡᠳᠤ ᠳᠡᠰ ᠤᠨ ᠳᠤᠮᠳᠠ ᠵᠡᠷᠬᠡ ᠶᠢᠨ ᠰᠤᠷᠭᠠᠭᠤᠯᠢ ᠶᠢᠨ ᠳᠤᠰ ᠠᠶᠢᠮᠠᠭ ᠤᠨ ᠡᠷᠦᠬᠡ ᠠᠮᠠ ᠶᠢᠨ | ᠳᠠᠩᠰᠠ ᠲᠠᠢ ᠰᠢᠨ᠎ᠡ ᠳᠡᠬᠦᠰᠬᠦ ᠰᠤᠷᠤᠭᠴᠢ︔ ᠭᠤᠷᠪᠠ᠂ ᠮᠤᠩᠭᠤᠯ ᠢᠶᠠᠷ ᠬᠢᠴᠢᠶᠡᠯᠯᠡᠭᠰᠡᠨ ᠡᠯ᠎ᠠ ᠬᠢᠴᠢᠶᠡᠯ ᠲᠦᠷᠦᠯ | ᠤᠨ ᠰᠢᠨ᠎ᠡ ᠳᠡᠬᠦᠰᠬᠦ ᠰᠤᠷᠤᠭᠴᠢ︔ ᠲᠦᠷᠪᠡ᠂ ᠳᠡᠬᠡᠳᠤ ᠵᠡᠷᠬᠡ ᠶᠢᠨ ᠠᠵᠢᠯ ᠮᠡᠷᠬᠡᠵᠢᠯ ᠤᠨ ᠰᠤᠷᠭᠠᠭᠤᠯᠢ ᠳᠤᠮᠳᠠ | ᠵᠡᠷᠬᠡ ᠶᠢᠨ ᠠᠵᠢᠯ ᠮᠡᠷᠬᠡᠵᠢᠯ ᠤᠨ ᠰᠤᠷᠭᠠᠭᠤᠯᠢ ᠠᠴᠠ ᠳᠤᠰᠬᠠᠢ ᠮᠡᠷᠬᠡᠵᠢᠯ ᠢᠶᠠᠷ ᠨᠢ ᠵᠤᠯᠭᠠᠯᠴᠠᠭᠤᠯᠤᠨ ᠰᠤᠷᠤᠭᠴᠢ | ᠡᠯᠰᠡᠬᠦ ᠰᠢᠨ᠎ᠡ ᠳᠡᠬᠦᠰᠬᠦ ᠰᠤᠷᠤᠭᠴᠢ︔ ᠲᠠᠪᠤ᠂ ᠳᠠᠪᠤᠨ ᠵᠢᠯ ᠤᠨ ᠲᠦᠷᠢᠮᠳᠤ ᠳᠡᠬᠡᠳᠤ ᠵᠡᠷᠬᠡ ᠶᠢᠨ ᠠᠵᠢᠯ ᠮᠡᠷᠬᠡᠵᠢᠯ | ᠤᠨ ᠰᠤᠷᠭᠠᠭᠤᠯᠢ ᠶᠢᠨ ᠭᠤᠷᠪᠠ ᠬᠤᠶᠠᠷ ᠢᠶᠠᠷ ᠱᠠᠳᠤ ᠬᠤᠪᠢᠶᠠᠭᠰᠠᠨ᠂ ᠳᠤᠮᠳᠠ ᠵᠡᠷᠬᠡ ᠶᠢᠨ ᠠᠵᠢᠯ ᠮᠡᠷᠬᠡᠵᠢᠯ ᠤᠨ | ᠰᠤᠷᠭᠠᠭᠤᠯᠢ ᠠᠴᠠ ᠳᠡᠬᠡᠳᠤ ᠵᠡᠷᠬᠡ ᠶᠢᠨ ᠠᠵᠢᠯ ᠮᠡᠷᠬᠡᠵᠢᠯ ᠤᠨ ᠰᠤᠷᠭᠠᠭᠤᠯᠢ ᠳᠤ ᠰᠢᠯᠵᠢᠬᠦ ᠰᠢᠨ᠎ᠡ ᠳᠡᠬᠦᠰᠬᠦ | ᠰᠤᠷᠤᠭᠴᠢ ᠵᠡᠷᠬᠡ ᠳᠡᠬᠡᠷᠡᠬᠢ 5 ᠵᠦᠢᠯ ᠤᠨ ᠰᠢᠯᠭᠠᠭᠤᠯᠤᠭᠴᠢ ᠰᠤᠷᠤᠯᠴᠠᠵᠤ ᠪᠠᠶᠢᠭ᠎ᠠ ᠰᠤᠷᠭᠠᠭᠤᠯᠢ ᠶᠢᠨ ᠪᠠᠶᠢᠭ᠎ᠠ | ᠬᠤᠰᠢᠭᠤ ᠰᠢᠶᠠᠨ ᠳᠤ ᠨᠡᠷ᠎ᠡ ᠮᠡᠳᠡᠬᠦᠯᠦᠨ᠎ᠡ᠃ | ᠮᠤᠩᠭᠤᠯ ᠢᠶᠠᠷ ᠬᠢᠴᠢᠶᠡᠯᠯᠡᠭᠰᠡᠨ ᠨᠢᠬᠡᠨᠳᠡ ᠳᠡᠬᠦᠰᠦᠭᠰᠡᠨ ᠰᠤᠷᠤᠭᠴᠢ︔ ᠳᠡᠬᠡᠳᠤ ᠵᠡᠷᠬᠡ ᠶᠢᠨ ᠠᠵᠢᠯ | ᠮᠡᠷᠬᠡᠵᠢᠯ ᠤᠨ ᠰᠤᠷᠭᠠᠭᠤᠯᠢ ᠳᠤᠮᠳᠠ ᠵᠡᠷᠬᠡ ᠶᠢᠨ ᠠᠵᠢᠯ ᠮᠡᠷᠬᠡᠵᠢᠯ ᠤᠨ ᠰᠤᠷᠭᠠᠭᠤᠯᠢ ᠠᠴᠠ ᠳᠤᠰᠬᠠᠢ | ᠮᠡᠷᠬᠡᠵᠢᠯ ᠢᠶᠠᠷ ᠨᠢ ᠵᠤᠯᠭᠠᠯᠴᠠᠭᠤᠯᠤᠨ ᠰᠤᠷᠤᠭᠴᠢ ᠡᠯᠰᠡᠬᠦ ᠨᠢᠬᠡᠨᠳᠡ ᠳᠡᠬᠦᠰᠦᠭᠰᠡᠨ ᠰᠤᠷᠤᠭᠴᠢ︔ ᠬᠢᠳᠠᠳ ᠢᠶᠠᠷ | ᠬᠢᠴᠢᠶᠡᠯᠯᠡᠭᠰᠡᠨ ᠮᠤᠩᠭᠤᠯ ᠬᠡᠯᠡᠨ ᠤ ᠬᠦᠬᠡᠭᠴᠢᠨ ᠰᠡᠳᠦᠪ ᠢ ᠨᠡᠮᠡᠵᠦ ᠰᠢᠯᠭᠠᠬᠤ ᠨᠢᠬᠡᠨᠳᠡ ᠳᠡᠬᠦᠰᠦᠭᠰᠡᠨ ᠰᠤᠷᠤᠭᠴᠢ︔ | ᠭᠠᠳᠠᠭᠠᠳᠤ ᠬᠡᠯᠡᠡ ᠤ ᠰᠢᠯᠭᠠᠬᠤ ᠰᠡᠳᠦᠪ ᠨᠢ ᠶᠠᠫᠤᠨ ᠬᠡᠯᠡ ᠪᠤᠶᠤ ᠤᠷᠤᠰ ᠬᠡᠯᠡᠨ ᠤ ᠰᠢᠯᠭᠠᠭᠤᠯᠤᠭᠴᠢ ᠪᠤᠯ ᠠᠶᠢᠮᠠᠭ | ᠬᠤᠳᠠ ᠶᠢᠨ ᠰᠤᠷᠤᠭᠴᠢ ᠡᠯᠰᠡᠬᠦ ᠰᠢᠯᠭᠠᠯᠳᠠ ᠶᠢᠨ ᠪᠠᠶᠢᠭᠤᠯᠤᠮᠵᠢ ᠶᠢᠨ ᠳᠤᠭᠳᠠᠭᠠᠭᠰᠠᠨ ᠨᠡᠷ᠎ᠡ ᠮᠡᠳᠡᠬᠦᠯᠬᠦ ᠭᠠᠵᠠᠷ | ᠨᠡᠷ᠎ᠡ ᠮᠡᠳᠡᠬᠦᠯᠦᠨ᠎ᠡ᠃ | ᠰᠤᠯᠤᠩᠭᠤᠰ ᠬᠡᠯᠡ ᠪᠠᠷ ᠬᠢᠴᠢᠶᠡᠯᠯᠡᠭᠰᠡᠨ ᠰᠤᠷᠤᠭᠴᠢ ᠤᠯᠠᠭᠠᠨᠬᠤᠳᠠ ᠳᠤ ᠨᠢᠬᠡᠳᠦᠯᠳᠡᠢ ᠨᠡᠷ᠎ᠡ ᠮᠡᠳᠡᠬᠦᠯᠦᠨ᠎ᠡ᠃ | |