ᠸᠠᠩ ᠵᠢᠶᠦ᠋ᠨ ᠮᠤᠵᠢ ᠶᠢᠨ ᠲᠡᠰ ᠤᠨ ᠠᠬᠠᠮᠠᠳ ᠺᠠᠳ᠋ᠷ ᠪᠠ ᠵᠠᠭᠤ ᠨᠠᠰᠤᠯᠠᠭᠰᠠᠨ ᠨᠠᠰᠤᠳᠠᠨ ᠢ ᠲᠤᠬᠤᠨᠢᠭᠤᠯᠵᠦ  ᠪᠦᠬᠦ ᠤᠷᠤᠨ ᠤ ᠠᠬᠠᠮᠠᠳ ᠨᠦᠬᠦᠳ ᠲᠤ ᠴᠠᠭᠠᠨ ᠰᠠᠷ᠎ᠠ ᠶᠢᠨ ᠮᠡᠨᠳᠦᠴᠢᠯᠡᠯ ᠬᠦᠷᠭᠡᠪᠡ
ᠨᠡᠶᠢᠲᠡᠯᠡᠭᠰᠡᠨ ᠴᠠᠭ᠄
2016/2/4
     2 ᠳ᠋ᠤᠭᠠᠷ ᠰᠠᠷ᠎ᠠ ᠶᠢᠨ 2᠎ ᠎ ᠤᠨ ᠡᠳᠦᠷ ᠤᠨ ᠦᠳᠡ ᠶᠢᠨ ᠡᠮᠦᠨ᠎ᠡ᠂ ᠦᠪᠡᠷᠳᠡᠬᠡᠨ ᠵᠠᠰᠠᠬᠤ ᠤᠷᠤᠨ  ᠎ ᠤ ᠨᠠᠮ ᠎ ᠤᠨ ᠬᠤᠷᠢᠶ᠎ᠠ ᠶᠢᠨ ᠱᠦᠵᠢ ᠸᠠᠩ ᠵᠢᠶᠦ᠋ᠨ ᠶᠦᠨ ᠱᠦ ᠪᠢ ᠨᠠᠰᠤᠳᠠᠨ ᠢ ᠲᠤᠭᠤᠨᠢᠭᠤᠯᠵᠤ᠂ ᠨᠠᠰᠤᠳᠠᠨ ᠳᠤ ᠪᠠᠶᠠᠷ ᠎ ᠤᠨ ᠡᠳᠤᠷ ᠤᠨ ᠮᠡᠨᠳᠤᠴᠢᠯᠠᠯ ᠪᠠ ᠡᠷᠬᠢᠮ ᠲᠠᠬᠡᠳᠤ ᠬᠦᠨᠳᠤᠳᠬᠡᠯ ᠲᠡᠪᠰᠢᠬᠦᠯᠦᠭᠰᠡᠨ ᠪᠠᠶᠢᠨ᠎ᠠ᠃      ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠸᠠᠩ ᠵᠢᠶᠦ᠋ᠨ 2 ᠳ᠋ᠤᠭᠠᠷ ᠰᠠᠷ᠎ᠠ ᠶᠢᠨ 2 ᠎ ᠤᠨ ᠦᠳᠡ ᠶᠢᠨ ᠡᠮᠦᠨ᠎ᠠ ᠶᠦᠨ ᠱᠦ ᠪᠢ᠂ ᠹᠧᠩ ᠴᠢᠨ᠂ ᠰᠦᠩ ᡁᠢ ᠮᠢᠨ᠂ ᠪᠤᠤ ᠸᠧᠸ᠋ᠨ ᠹᠠ ᠵᠡᠷᠭᠡ 4 ᠮᠤᠵᠢ ᠶᠢᠨ ᠲᠡᠰ ᠤᠨ ᠤᠳᠤᠷᠢᠳᠬᠤ ᠨᠦᠬᠦᠳ ᠪᠠ ᠵᠠᠭᠤ ᠨᠠᠰᠤᠯᠠᠭᠰᠠᠨ ᠯᠢᠨ ᠭᠠᠨ ᠨᠠᠰᠤᠳᠠᠨ ᠢ ᠲᠤᠬᠤᠨᠢᠭᠤᠯᠵᠦ᠂ ᠳᠡᠳᠡᠨᠡᠷ ᠲᠤ ᠪᠠᠶᠠᠷ ᠤᠨ ᠡᠳᠦᠷ ᠤᠨ ᠮᠠᠨᠳᠤᠴᠢᠯᠠᠯ ᠪᠠ ᠡᠷᠬᠢᠮ ᠳᠡᠭᠡᠳᠦ ᠬᠦᠨᠳᠦᠳᠭᠡᠯ ᠳᠡᠪᠰᠢᠬᠦᠯᠵᠦ᠂ ᠪᠦᠬᠦ ᠤᠷᠤᠨ ᠎ ᠤ ᠠᠬᠠᠮᠠᠳ ᠨᠦᠬᠦᠳ᠂ ᠠᠬᠠᠮᠠᠳ ᠺᠠᠳ᠋ᠷ ᠲᠤ ᠰᠢᠨ᠎ᠠ ᠵᠢᠯ ᠤᠨ ᠪᠠᠶᠠᠷ ᠬᠦᠷᠭᠡᠵᠦ᠂ ᠭᠡᠷ ᠬᠤᠳᠠᠯᠠᠭᠠᠷ ᠢᠶᠠᠨ ᠠᠵᠠ ᠵᠢᠷᠭᠠᠯ ᠲᠠᠢ ᠪᠠᠶᠢᠬᠤ ᠶᠢ ᠵᠦᠩᠨᠡᠪᠡ᠃      92 ᠨᠠᠰᠤᠳᠠᠢ ᠶᠦᠨ ᠱᠦ ᠪᠢ ᠶᠢᠨ ᠭᠡᠷ ᠲᠤ ᠤᠷᠤᠮᠠᠭᠴᠠ ᠪᠠᠨ ᠸᠠᠩ ᠵᠢᠶᠦ᠋ᠨ᠄ ︽ᠴᠠᠭᠠᠨ ᠰᠠᠷ᠎ᠠ ᠤᠢᠢᠷᠠᠳᠤᠯ᠎ᠠ᠂ ᠪᠢ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠡᠮᠦᠨ᠎ᠠ ᠠᠴᠠ ᠲᠠᠨ ᠳᠤ ᠰᠢᠨ᠎ᠠ ᠵᠢᠯ ᠤᠨ ᠮᠠᠨᠳᠤᠴᠢᠯᠡᠯ ᠬᠦᠷᠭᠡᠵᠦ᠂ ᠰᠢᠨ᠎ᠠ ᠵᠢᠯ ᠳᠡᠭᠡᠨ ᠪᠠᠶᠠᠷ ᠪᠠᠶᠠᠰᠤᠯ ᠲᠠᠢ᠂ ᠭᠡᠷ ᠬᠤᠳᠠᠯᠠᠭᠠᠷ ᠢᠶᠠᠨ ᠠᠵᠠ ᠵᠢᠷᠭᠠᠯ ᠲᠠᠢ ᠪᠠᠶᠢᠬᠤ ᠶᠢ ᠴᠢᠨᠢ ᠵᠦᠩᠨᠡᠶ᠎ᠠ︕︾ ᠭᠡᠵᠦ ᠴᠠᠭᠠᠨ ᠰᠠᠷ᠎ᠠ ᠶᠢᠨ ᠵᠤᠯᠭᠠᠯᠳᠠ ᠬᠢᠵᠦ᠂ ᠨᠠᠰᠤᠳᠠᠨ ᠤ ᠪᠡᠶ᠎ᠠ ᠲᠡᠩᠭᠡᠬᠡ ᠰᠠᠶᠢᠨ᠂ ᠴᠤᠬ ᠵᠢᠪᠬᠤᠭ᠎ᠠ ᠪᠠᠳᠠᠷᠠᠩᠭᠤᠢ ᠪᠠᠶᠢᠬᠤ ᠶᠢ ᠬᠠᠷᠠᠭᠠᠳ ᠸᠠᠩ ᠵᠢᠶᠦ᠋ᠨ ᠮᠠᠰᠢ ᠪᠠᠶᠠᠷᠯᠠᠵᠠᠢ᠃ ︽ᠲᠠ 1939᠎ ᠤᠨ ᠳᠤ ᠬᠤᠪᠢᠰᠬᠠᠯ ᠳᠤ ᠤᠷᠤᠯᠴᠠᠵᠦ᠂ ᠭᠡᠳᠦᠨ ᠠᠷᠪᠡᠨ ᠵᠢᠯ ᠤᠨ ᠲᠤᠷᠰᠢ ᠥᠪᠦᠷ ᠮᠤᠩᠭᠤᠯ ᠤᠨ ᠬᠤᠪᠢᠰᠬᠠᠯ᠂ ᠪᠦᠳᠦᠭᠡᠨ ᠪᠠᠶᠢᠭᠤᠯᠤᠯᠳᠠ ᠪᠠ ᠦᠭᠡᠷᠡᠴᠢᠯᠡᠯᠳᠠ ᠶᠢᠨ ᠦᠢᠯᠡᠰ ᠲᠤ ᠴᠢᠬᠤᠯᠠ ᠬᠤᠪᠢ ᠨᠡᠮᠡᠷᠢ ᠦᠵᠡᠬᠦᠯᠪᠠ᠃ ᠲᠠ ᠪᠤᠯ ᠨᠠᠮ ᠪᠤᠯᠤᠨ ᠠᠷᠠᠳ ᠲᠦᠮᠡᠨ ᠤ ᠭᠠᠪᠢᠶᠠᠳᠦ ᠬᠦᠮᠦᠨ ᠮᠦᠨ᠂ ᠪᠢᠳᠡ ᠠᠬᠠᠮᠠᠳ ᠨᠢᠭᠡ ᠦᠶ᠎ᠠ ᠶᠢᠨ ᠬᠦᠮᠦᠰ ᠤᠨ ᠲᠡᠦᠭᠡ ᠶᠢᠨ ᠭᠠᠪᠢᠶ᠎ᠠ ᠵᠢᠳᠬᠦᠯ ᠢ ᠡᠬᠦᠷᠢᠳᠠ ᠮᠠᠷᠳᠠᠬᠤ ᠦᠭᠡᠢ ᠶᠤᠮ︾ ᠬᠡᠵᠤ ᠸᠠᠩ ᠵᠢᠶᠦ᠋ᠨ ᠰᠡᠳᠬᠢᠯ ᠲᠤᠭᠳᠤᠯᠤᠨ ᠶᠠᠷᠢᠨ᠎ᠠ᠃      ᠸᠠᠩ ᠵᠢᠶᠦ᠋ᠨ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ ᠹᠧᠩ ᠴᠢᠨ ᠤ ᠭᠡᠷ ᠲᠤ ᠬᠦᠷᠦᠭᠡᠳ᠂ ᠲᠡᠬᠦᠨ ᠲᠠᠢ ᠴᠤᠭ ᠰᠠᠭᠤᠨ ᠶᠠᠷᠢᠯᠴᠠᠵᠦ᠂ ᠲᠡᠬᠦᠨ ᠤ ᠠᠮᠢᠳᠤᠷᠠᠯ ᠤᠨ ᠪᠠᠶᠢᠳᠠᠯ ᠪᠠ ᠪᠡᠶ᠎ᠠ ᠶᠢᠨ ᠡᠷᠡᠬᠦᠯ ᠴᠢᠬᠢᠷᠠᠭ ᠎ ᠤᠨ ᠪᠠᠶᠢᠳᠠᠯ ᠢ ᠬᠠᠯᠠᠮᠵᠢᠯᠠᠨ ᠠᠰᠠᠭᠤᠬᠤ ᠶᠢᠨ ᠬᠠᠮᠳᠦ ᠨᠠᠰᠤᠳᠠᠨ ᠳᠤ ᠰᠤᠷᠭᠤᠭ ᠴᠡᠴᠡᠭ ᠪᠠ ᠲᠤᠬᠤᠨᠢᠭᠤᠯᠬᠤ ᠮᠦᠩᠬᠦ ᠭᠠᠷᠳᠠᠭᠤᠯᠵᠦ᠂ ᠲᠡᠬᠦᠨ ᠤ ᠪᠡᠶ᠎ᠠ ᠶᠢᠨ ᠡᠷᠡᠬᠦᠯ ᠴᠢᠬᠢᠷᠠᠭ᠂ ᠦᠳᠡᠯᠦᠭᠡ ᠨᠠᠰᠤᠨ ᠤ ᠠᠵᠠ ᠵᠢᠷᠭᠠᠯ ᠢ ᠵᠦᠩᠨᠡᠵᠠᠢ᠃ ᠸᠠᠩ ᠵᠢᠶᠦ᠋ᠨ᠂ ᠠᠬᠠᠮᠠᠳ ᠨᠦᠬᠦᠳ ᠢ ᠲᠤᠷᠰᠢᠯᠭ᠎ᠠ ᠪᠤᠯᠤᠨ ᠤᠶᠤᠨ ᠤᠬᠠᠭᠠᠨ ᠤ ᠲᠠᠯ᠎ᠠ ᠪᠠᠷ ᠬᠢ ᠲᠠᠪᠠᠭᠤᠯᠢᠬ ᠢᠢᠨᠨ ᠢᠳᠡᠪᠬᠢᠳᠠᠢ ᠪᠠᠳᠠᠷᠠᠭᠤᠯᠵᠤ᠂ ᠦᠩᠬᠡᠷᠡᠭᠰᠡᠨ ᠲᠠᠢ ᠠᠳᠠᠯᠢ  ᠪᠠᠷ ᠦᠪᠡᠷᠳᠡᠬᠡᠨ ᠵᠠᠰᠠᠬᠤ ᠤᠷᠤᠨ ᠎ ᠤ ᠬᠦᠭᠵᠢᠯᠳᠠ ᠲᠤᠭᠳᠠᠭᠤᠨ ᠤ ᠡᠯ᠎ᠠ ᠵᠦᠢᠯ ᠤᠨ ᠤᠢᠢᠯᠡᠰ ᠲᠤ ᠬᠤᠪᠢ ᠨᠡᠮᠡᠷᠢ ᠪᠠᠨ ᠦᠵᠡᠬᠦᠯᠬᠦ ᠶᠢ ᠬᠡᠵᠤ ᠬᠦᠰᠡᠪᠠ      ᠴᠤᠬ ᠵᠢᠪᠬᠤᠭ᠎ᠠ ᠪᠠᠳᠠᠷᠠᠩᠭᠤᠢ ᠰᠦᠩ ᡁᠢ ᠮᠢᠨ ᠨᠠᠰᠤᠳᠠᠨ ᠸᠠᠩ ᠵᠢᠶᠦ᠋ᠨ ᠱᠦᠵᠢ ᠲᠡᠬᠦᠨ ᠢ ᠡᠷᠬᠢᠨ ᠦᠵᠡᠬᠦ ᠪᠠᠷ ᠢᠷᠡᠭᠰᠡᠨ ᠲᠤ ᠲᠦᠢᠯ ᠢᠶᠠᠷ ᠪᠠᠶᠠᠷᠯᠠᠵᠤ᠂ ᠰᠠᠭᠤᠮᠠᠬᠴᠠ ᠪᠠᠨ ᠦᠪᠡᠷᠳᠡᠬᠡᠨ ᠵᠠᠰᠠᠬᠠᠤ ᠤᠷᠤᠨ ᠤ ᠤᠢᠢᠷ᠎ᠠ ᠶᠢᠨ ᠵᠢᠯ ᠤᠨ ᠰᠢᠨ᠎ᠠ ᠬᠦᠭᠵᠢᠯᠳᠠ᠂ ᠰᠢᠨ᠎ᠠ ᠬᠤᠪᠢᠷᠠᠯᠳᠠ ᠶᠢ ᠠᠮᠠ ᠬᠠᠮᠬᠢᠯ ᠦᠬᠡᠢ ᠶᠠᠷᠢᠵᠤ᠂ ᠦᠪᠡᠷᠳᠡᠬᠡᠨ ᠵᠠᠰᠠᠬᠤ ᠤᠷᠤᠨ ᠤ ᠭᠡᠷᠡᠭᠵᠢᠬᠦᠯᠦᠭᠰᠡᠨ ︽ᠠᠷᠪᠠ ᠶᠢ ᠪᠦᠷᠢᠨ ᠪᠦᠷᠬᠦᠬᠦᠯᠬᠦ︾ ᠢᠨᠵᠧᠨᠧᠷᠢᠩ ᠵᠡᠷᠬᠡ ᠭᠤᠤᠯᠳᠠᠯᠭ᠎ᠠ ᠲᠠᠢ ᠠᠷᠠᠳ ᠤᠨ ᠠᠮᠢᠳᠤᠷᠠᠯ ᠤᠨ ᠠᠵᠢᠯ ᠢ ᠲᠡᠭᠡᠳᠤ ᠬᠡᠮᠵᠢᠶ᠎ᠠ ᠪᠠᠷ ᠮᠠᠬᠳᠠᠨ ᠰᠠᠶᠢᠰᠢᠶᠠᠪᠠ᠃ ᠲᠡᠷᠡ᠂ ᠦᠪᠤᠷ ᠮᠤᠩᠭᠤᠯ ᠡᠷᠳᠡᠬᠡᠨ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠵᠤ᠂ ᠠᠷᠠᠳ ᠤᠨ ᠠᠮᠢᠳᠤᠷᠠᠯ ᠡᠳᠤᠷ ᠢᠷᠡᠬᠦᠶ᠎ᠠ ᠰᠠᠶᠢᠵᠢᠷᠠᠬᠤ ᠶᠢ ᠬᠦᠰᠡᠭᠰᠡᠨ ᠪᠠᠶᠢᠨ᠎ᠠ᠃ ᠸᠠᠩ ᠵᠢᠶᠦ᠋ᠨ᠂ ᠠᠬᠠᠮᠠᠳ ᠨᠦᠬᠦᠳ ᠠᠵᠢᠯ ᠠᠴᠠ ᠪᠠᠨ ᠲᠠᠷᠬᠠᠯᠠᠬᠳᠠᠬᠰᠠᠨ ᠤ ᠲᠠᠷᠠᠭ᠎ᠠ ᠦᠪᠡᠷᠳᠡᠬᠡᠨ ᠵᠠᠰᠠᠬᠤ ᠤᠷᠤᠨ ᠤ ᠬᠦᠭᠵᠢᠯᠳᠠ ᠶᠢ ᠠᠩᠬᠠᠷᠤᠬᠰᠠᠭᠠᠷ ᠢᠷᠡᠭᠰᠡᠨ ᠢ ᠪᠢᠰᠢᠷᠡᠨ ᠮᠠᠬᠳᠠᠵᠤ᠂ ᠲᠡᠳᠡᠨ ᠢ ᠦᠷᠬᠦᠯᠵᠢᠯᠠᠨ ᠤᠢᠢᠯᠡᠳᠤᠯ ᠢᠶᠠᠨ ᠪᠠᠳᠠᠷᠠᠭᠤᠯᠵᠤ᠂ ᠨᠠᠮ ᠤᠨ ᠬᠤᠷᠢᠶ᠎ᠠ᠂ ᠵᠠᠰᠠᠬ ᠎ ᠤᠨ ᠤᠷᠳᠤᠨ ᠤ ᠠᠵᠢᠯ ᠳᠤ ᠤᠯᠠᠨ ᠰᠠᠶᠢᠨ ᠰᠠᠨᠠᠯ ᠰᠠᠨᠠᠭᠤᠯᠭ᠎ᠠ ᠲᠤᠷᠠᠳᠬᠤ ᠶᠢ ᠬᠦᠰᠡᠵᠠᠢ᠃      ᠸᠠᠩ ᠵᠢᠶᠦ᠋ᠨ ᠱᠦᠵᠢ ᠪᠠᠶ᠎ᠠ ᠪᠠᠷ ᠢᠶᠠᠨ ᠴᠠᠭᠠᠨ ᠰᠠᠷ᠎ᠠ ᠶᠢᠨ ᠵᠤᠯᠭᠠᠯᠳᠠ ᠬᠢᠬᠦ ᠪᠠᠷ ᠢᠷᠡᠬᠦ ᠶᠢ ᠰᠤᠨᠤᠰᠤᠭᠠᠳ ᠪᠤᠤ ᠸᠧᠨ ᠹᠠ ᠨᠠᠰᠤᠳᠠᠨ ᠬᠦᠭᠰᠢᠨ ᠲᠠᠢ ᠪᠠᠨ ᠠᠯᠢ ᠡᠷᠳᠡ ᠡᠬᠦᠳᠡᠨ ᠲᠡᠭᠡᠷ᠎ᠠ ᠪᠠᠨ ᠬᠦᠯᠢᠶᠠᠵᠤ ᠵᠤᠬᠰᠤᠯ᠎ᠠ᠃ ᠬᠡᠷ ᠲᠤᠨᠢ ᠤᠷᠤᠮᠠᠭᠴᠠ᠂ ᠸᠠᠩ ᠵᠢᠶᠦ᠋ᠨ ᠱᠦᠵᠢ ᠨᠠᠰᠤᠳᠠᠨ ᠤ ᠭᠠᠷ ᠢ ᠠᠳᠬᠤᠨ᠂ ᠲᠡᠳᠡᠨ ᠲᠠᠢ ᠵᠤᠭᠤᠬ ᠲᠡᠯᠬᠡᠵᠤ ᠄ ︽ᠲᠠᠨ ᠤ ᠪᠠᠶ᠎ᠠ ᠶᠡᠭᠡ ᠰᠠᠶᠢᠨ ᠪᠠᠶᠢᠨ᠎ᠠ᠂ ᠬᠡᠤᠬᠡᠳ ᠦᠳ ᠴᠢᠨᠢ ᠬᠠᠷᠢᠵᠤ ᠢᠷᠡᠨ᠎ᠠ ᠦᠦ︖ ᠵᠢᠯ ᠤᠨ ᠶᠠᠭᠤᠮ᠎ᠠ ᠪᠠᠨ ᠲᠦᠬᠦᠬᠡᠷᠴᠦ ᠲᠠᠭᠤᠰᠤᠬᠰᠠᠨ ᠦᠦ︖ ᠠᠮᠢᠳᠤᠷᠠᠯ ᠳᠡᠭᠡᠷ᠎ᠠ ᠪᠠᠰᠠ ᠶᠠᠮᠠᠷ ᠭᠡᠷᠡᠭᠴᠡᠭᠡ ᠱᠠᠭᠠᠷᠳᠠᠯᠭ᠎ᠠ ᠲᠠᠢ ᠪᠠᠶᠢᠨ᠎ᠠ︖︾ ᠭᠡᠵᠦ ᠠᠰᠠᠭᠤᠵᠤ᠂ ᠬᠤᠶᠠᠷ ᠨᠠᠰᠤᠳᠠᠨ ᠤ ᠠᠮᠢᠳᠤᠷᠠᠯ ᠲᠠᠭᠠᠯᠠᠮᠵᠢᠳᠠᠢ᠂ ᠦᠷ᠎ᠠ ᠬᠡᠤᠬᠡᠳ ᠨᠢ ᠠᠴᠢᠯᠠᠯ ᠲᠠᠢ᠂ ᠭᠡᠷ ᠪᠦᠯᠢ ᠪᠠᠷ ᠢᠶᠠᠨ ᠡᠶ᠎ᠡ ᠨᠠᠶᠢᠷᠠᠮᠳᠠᠭᠤ ᠪᠠᠶᠢᠬᠤ ᠶᠢ ᠰᠤᠨᠤᠰᠤᠭᠠᠳ ᠸᠠᠩ ᠵᠢᠶᠦ᠋ᠨ ᠮᠠᠰᠢ ᠪᠠᠶᠠᠷᠯᠠᠵᠤ᠂ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠢᠨ ᠢ ᠠᠬᠠᠮᠠᠳ ᠨᠦᠬᠦᠳ ᠤᠨ ᠪᠠᠶ᠎ᠠ ᠶᠢᠨ ᠡᠷᠡᠬᠦᠯ ᠮᠡᠨᠳᠤ ᠶᠢ ᠨᠡᠩ ᠢᠯᠡᠬᠦᠤ ᠨᠡᠩ ᠰᠠᠶᠢᠨ ᠬᠠᠯᠠᠮᠵᠢᠯᠠᠵᠤ᠂ ᠲᠡᠳᠡᠨ ᠤ ᠪᠤᠳᠠᠳᠠᠢ ᠠᠰᠠᠭᠤᠳᠠᠯ ᠢ ᠴᠠᠬ ᠲᠤᠬᠠᠢ ᠲᠤᠨᠢ ᠬᠠᠪᠰᠤᠷᠤᠨ ᠰᠢᠢᠳᠪᠤᠷᠢᠯᠠᠵᠤ᠂ ᠲᠡᠳᠡᠨ ᠤ ᠦᠳᠡᠯᠤᠬᠡ ᠨᠠᠰᠤ ᠪᠠᠨ ᠡᠩᠬᠡ ᠮᠡᠨᠳᠤ ᠦᠩᠬᠡᠷᠡᠬᠦᠯᠬᠦ ᠶᠢ ᠪᠠᠳᠤᠯᠠᠬᠤ ᠭᠡᠷᠡᠭᠳᠠᠢ ᠬᠡᠵᠤ ᠰᠠᠨᠠᠭᠤᠯᠪᠠ᠃      1916 ᠣᠨ ᠳᠤ ᠲᠦᠷᠦᠭᠰᠡᠡ ᠯᠢᠠ ᠭᠠᠠ ᠨᠠᠰᠤᠲᠠᠠ᠂ ᠤᠯᠠᠠ ᠵᠢᠯ ᠤᠨ ᠲᠤᠷᠰᠢ ᠤᠮᠠᠷᠠᠲᠤ ᠤᠷᠤᠨ ᠤ ᠴᠦᠭᠡᠡ ᠲᠤᠭᠠᠲᠤ ᠦᠨᠲᠦᠰᠦᠲᠡᠠ ᠤ ᠲᠡᠤᠬᠡ ᠰᠤᠶᠤᠯ ᠢ ᠰᠢᠮᠲᠠᠠ ᠰᠤᠲᠤᠯᠵᠦ᠂ ᠤᠯᠠᠠ ᠵᠤᠬᠢᠶᠡᠯ ᠪᠢᠴᠢᠵᠠᠢ᠂ ᠭᠡᠲᠦ᠋ᠢᠪᠡᠷ ᠵᠠᠭᠤ ᠨᠠᠰᠤᠯᠠᠭᠰᠠᠠ ᠪᠤᠯᠪᠠᠴᠤ ᠴᠤᠭ ᠵᠢᠪᠬᠤᠭ᠎ᠠ ᠲᠡᠭᠦᠯᠲᠡᠷ ᠪᠠᠶᠢᠨ᠎ᠠ᠃ ᠸᠠᠩ ᠵᠢᠶᠦ᠋ᠨ ᠨᠠᠰᠤᠲᠠᠠ ᠢ ᠲᠤᠬᠤᠨᠢᠭᠤᠯᠵᠦ᠂ ᠨᠠᠰᠤᠲᠠᠠ ᠢ ᠦᠨᠲᠦᠷ ᠠᠭᠤᠯᠠᠠ ᠤ ᠨᠠᠷᠠᠰᠤ ᠰᠢᠭ᠋ ᠤᠷᠲᠤ ᠨᠠᠰᠤᠯᠠᠵᠦ᠂ ᠦᠷᠭᠡᠡ ᠮᠦᠷᠡᠡ ᠤ ᠤᠰᠤ ᠰᠢᠭ᠋ ᠪᠤᠶᠠᠠ ᠲᠠᠢ ᠵᠢᠷᠭᠠᠭᠠᠷᠠᠢ ᠭᠡᠵᠦ ᠵᠦᠩᠨᠡᠯ ᠪᠡᠯᠭᠡᠲᠡᠯ ᠢᠢᠨᠨ ᠲᠡᠪᠰᠢᠭᠦᠯᠵᠠᠢ᠃ ᠸᠠᠩ ᠵᠢᠶᠦ᠋ᠨ᠂ ᠨᠠᠰᠤᠲᠠᠠ ᠢᠢᠨᠨ ᠬᠦᠨᠲᠦᠳᠭᠡᠵᠦ ᠨᠠᠰᠤᠲᠠᠠ ᠢᠶᠠᠨ ᠬᠦᠨᠲᠦᠯᠡᠬᠦ ᠪᠤᠯ ᠲᠤᠮᠲᠠᠲᠤ ᠶᠢᠨ ᠦᠨᠲᠦᠰᠦᠲᠡᠡ ᠤ ᠤᠯᠠᠮᠵᠢᠯᠠᠯᠲᠦ ᠰᠠᠶᠢᠬᠠᠠ ᠰᠤᠷᠲᠠᠯ ᠮᠦᠨ᠂ ᠭᠡᠷ ᠲᠡᠭᠡᠨ ᠦᠨᠲᠦᠷ ᠨᠠᠰᠤᠲᠠᠠ ᠲᠠᠢ ᠪᠠᠶᠢᠬᠤ ᠪᠤᠯ ᠨᠢᠭᠡᠨ ᠪᠤᠶᠠᠠ ᠵᠢᠷᠭᠠᠯ ᠮᠦᠨ᠂ ᠦᠷ᠎ᠠ ᠬᠤᠶᠢᠴᠢᠰ ᠪᠤᠯᠤᠭᠰᠠᠳ ᠵᠠᠪᠠᠯ ᠨᠠᠰᠤᠲᠠᠳ ᠢᠶᠠᠨ ᠬᠦᠨᠲᠦᠳᠭᠡᠡ ᠬᠠᠶᠢᠷᠠᠯᠠᠵᠦ᠂ ᠨᠠᠰᠤᠲᠠᠳ ᠤᠨ ᠠᠮᠢᠲᠤᠷᠠᠯ ᠢ ᠨᠢᠮᠪᠠᠢ ᠬᠠᠷᠠᠭᠠᠯᠵᠠᠠ᠂ ᠨᠠᠰᠤᠲᠠᠳ ᠢᠶᠠᠨ ᠡᠷᠡᠭᠦᠯ ᠴᠢᠬᠢᠷᠠᠭ ᠤᠷᠲᠤ ᠨᠠᠰᠤᠯᠠᠭᠤᠯᠵᠤ ᠤᠲᠠᠭᠠᠠ ᠵᠢᠷᠭᠠᠭᠤᠯᠤᠭᠠᠷᠠᠢ ᠭᠡᠵᠦ ᠬᠡᠯᠡᠪᠡ᠃      ᠸᠠᠩ ᠵᠢᠶᠦ᠋ᠨ ᠬᠡᠯᠡᠭᠰᠡᠨ ᠨᠢ᠂ ᠦᠪᠡᠷᠲᠡᠭᠡᠡ ᠵᠠᠰᠠᠬᠤ ᠤᠷᠤᠨ ᠤ ᠠᠵᠦ ᠠᠬᠤᠢ ᠨᠡᠶᠢᠭᠡᠮ ᠤᠨ ᠬᠦᠭᠵᠢᠯᠲᠠ ᠳᠤ ᠤᠯᠤᠭᠰᠠᠠ ᠠᠮᠵᠢᠯᠲᠠ ᠨᠢ ᠠᠬᠠᠮᠠᠳ ᠨᠦᠬᠦᠳ ᠤᠨ ᠰᠢᠷᠭᠠᠭᠤ ᠬᠠᠲᠠᠭᠤᠵᠢᠯᠲᠠᠢ ᠬᠤᠪᠢ ᠨᠡᠮᠡᠷᠢ ᠪᠠ ᠬᠠᠯᠠᠭᠤᠠ ᠲᠠᠮᠵᠢᠯᠬᠡ ᠠᠴᠠ ᠰᠠᠯᠵᠦ ᠴᠢᠳᠠᠬᠤ ᠦᠭᠡᠢ᠃ ᠪᠢᠲᠠ ᠵᠠᠪᠠᠯ ᠠᠬᠠᠮᠠᠳ ᠨᠦᠬᠦᠳ ᠤᠨ ᠬᠤᠪᠤᠷ ᠨᠠᠠᠲᠢᠨ ᠵᠤᠷᠢᠭ ᠰᠠᠨᠠᠭ᠎ᠠ ᠶᠢ ᠤᠯᠠᠮᠵᠢᠯᠠᠠ ᠵᠠᠯᠭᠠᠮᠵᠢᠯᠠᠵᠦ᠂ ᠬᠦᠭᠵᠢᠭᠦᠯᠦᠨ ᠪᠠᠲᠠᠷᠠᠭᠤᠯᠬᠤ ᠭᠡᠷᠡᠭᠲᠡᠢ᠃ ᠡᠯ᠎ᠠ ᠱᠠᠲᠤᠨ ᠤ ᠨᠠᠮ ᠎ ᠤᠨ ᠬᠤᠷᠢᠶ᠎ᠠ᠂ ᠵᠠᠰᠠᠭ ᠤᠨ ᠤᠷᠲᠤᠨ ᠤ ᠬᠢᠨ ᠮᠠᠠ ᠤ ᠨᠠᠮ ᠤᠨ ᠰᠢᠯᠢᠲᠡᠭ ᠤᠯᠠᠮᠵᠢᠯᠠᠯ ᠢ ᠪᠠᠲᠠᠷᠠᠭᠤᠯᠵᠦ᠂ ᠠᠬᠠᠮᠠᠳ ᠨᠦᠬᠦᠳ ᠲᠤ ᠬᠦᠨ ᠵᠤᠵᠠᠭᠠᠠ ᠬᠠᠶᠢᠷ᠎ᠠ ᠰᠡᠳᠭᠢᠯᠭᠡ ᠲᠠᠢ ᠪᠠᠶᠢᠵᠤ᠂ ᠤᠯᠤᠰ ᠲᠦᠷᠦ ᠶᠢᠨ ᠲᠠᠯ᠎ᠠ ᠪᠠᠷ ᠢᠯᠡᠭᠦᠭᠡᠡ ᠬᠠᠯᠠᠮᠵᠢᠯᠠᠵᠦ᠂ ᠬᠠᠶᠢᠷ᠎ᠠ ᠰᠡᠳᠭᠢᠯᠭᠡ ᠶᠢᠨ ᠲᠠᠯ᠎ᠠ ᠪᠠᠷ ᠢᠯᠡᠭᠦᠭᠡᠡ ᠬᠠᠶᠢᠷᠠᠯᠠᠵᠦ᠂ ᠠᠵᠢᠯ ᠪᠦᠭᠦᠨ ᠢᠶᠠᠨ ᠦᠨᠡᠡᠬᠦ ᠪᠤᠲᠠᠲᠠᠢ ᠪᠦᠭᠡᠳ ᠨᠠᠷᠢᠨ ᠨᠢᠮᠪᠠᠢ ᠬᠢᠵᠦ᠂ ᠠᠬᠠᠮᠠᠳ ᠨᠦᠬᠦᠳ ᠨᠢᠭᠡᠪᠦᠷᠢ ᠶᠢ ᠵᠤᠯ ᠵᠢᠷᠭᠠᠯ ᠲᠠᠢ᠂ ᠪᠠᠶᠠᠷ ᠵᠢᠷᠭᠠᠯ ᠲᠠᠢ ᠪᠠᠷ ᠦᠲᠡᠯᠦᠭᠡ ᠨᠠᠰᠤ ᠶᠢ ᠨᠢ ᠦᠩᠭᠡᠷᠡᠭᠦᠯᠬᠦ ᠭᠡᠷᠡᠭᠲᠡᠢ ᠬᠡᠪᠡ᠃      ᠦᠪᠡᠷᠲᠡᠭᠡᠡ ᠵᠠᠰᠠᠬᠤ ᠤᠷᠤᠨ ᠤ ᠤᠯᠤᠰ ᠲᠦᠷᠦ ᠢᠢᠨ ᠵᠦᠪᠯᠡᠯᠭᠡᠡ ᠤ ᠲᠡᠳ᠋ ᠲᠡᠷᠢᠭᠦᠯᠡᠭᠴᠢ ᠳ᠋ᠦᠩ ᠡᡁᠧᠩ ᠢᠤᠢ᠂ ᠦᠪᠡᠷᠲᠡᠭᠡᠡ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠡ ᠤ ᠲᠡᠳ᠋ ᠲᠡᠷᠢᠭᠦᠯᠡᠭᠴᠢ᠂ ᠦᠪᠡᠷᠲᠡᠭᠡᠡ ᠵᠠᠰᠬᠠᠤ ᠤᠷᠤᠨ ᠤ ᠨᠠᠮ ᠤᠨ ᠬᠤᠷᠢᠶᠠᠠ ᠤ ᠨᠠᠷᠢᠨ ᠪᠢᠴᠢᠭ ᠤᠨ ᠲᠠᠷᠤᠭ᠎ᠠ ᠸᠠᠩ ᠬᠤᠸᠠᠠ ᠴᠧᠩ ᠪᠠᠷ᠎ᠠ ᠪᠤᠯᠵᠦ ᠲᠤᠬᠤᠨᠢᠭᠤᠯᠵᠠᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号