ᠪᠦᠬᠦ ᠣᠷᠣᠨ ᠤ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠰᠢᠰᠲ᠋ᠧᠮ ᠤᠨ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠣᠯᠤᠨ ᠢᠯᠵᠠᠷᠠᠯ ᠢ ᠡᠰᠡᠷᠭᠦᠴᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠬᠥᠬᠡᠬᠤᠲᠠ ᠳᠤ ᠬᠤᠷᠠᠯᠳᠤᠪᠠ
ᠨᠡᠶᠢᠲᠡᠯᠡᠭᠰᠡᠨ ᠴᠠᠭ᠄
2016/3/21
     3 ᠳ᠋ᠤᠭᠠᠷ ᠰᠠᠷ᠎ᠠ ᠶᠢᠨ 18᠎ ᠤ ᠡᠳᠦᠷ᠂ ᠬᠠᠤᠯᠢ ᠴᠠᠭᠠᠵᠠ ᠶᠢᠨ ᠲᠢᠩᠬᠢᠮ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠣᠯᠤᠨ ᠢᠯᠵᠠᠷᠠᠯ ᠢ ᠡᠰᠡᠷᠭᠦᠴᠡᠬᠦ ᠠᠵᠢᠯ ᠤᠨ ᠲᠧᠯᠸᠢᠰ ᠳ᠋ᠢᠶᠠᠩᠬᠤᠸᠠ ᠬᠤᠷᠠᠯ ᠢ ᠬᠤᠷᠠᠯᠳᠤᠭᠤᠯᠪᠠ᠃ ᠵᠧᠤ ᠯᠢ ᠮᠢᠩ ᠲᠢᠩᠬᠢᠮ ᠤᠨ ᠳᠠᠷᠤᠭ᠎ᠠ ᠬᠤᠷᠠᠯ ᠳᠤ ᠣᠷᠣᠯᠴᠠᠭᠰᠠᠨ ᠪᠥᠭᠡᠳ ᠴᠢᠬᠤᠯᠠ ᠶᠠᠷᠢᠶ᠎ᠠ ᠲᠠᠯᠪᠢᠵᠤ᠂ ᠪᠠᠶᠢᠭᠤᠯᠭ᠎ᠠ ᠳᠠᠭᠠᠨ ᠪᠠᠶᠢᠭ᠎ᠠ ᠬᠠᠤᠯᠢ ᠴᠠᠭᠠᠵᠠ ᠶᠢᠨ ᠲᠢᠩᠬᠢᠮ ᠤᠨ ᠨᠠᠮ ᠤᠨ ᠬᠤᠷᠢᠶ᠎ᠠ ᠶᠢᠨ ᠤᠳᠤᠷᠢᠳᠬᠤ ᠪᠠᠭ ᠤᠨ ᠪᠦᠷᠢᠯᠳᠦᠬᠦᠨ᠂ ᠳᠡᠳ᠋ ᠲᠣᠭᠤᠷᠢᠨ ᠪᠠᠶᠢᠴᠠᠭᠠᠭᠴᠢ᠂ ᠲᠢᠩᠬᠢᠮ ᠤᠨ ᠪᠠᠶᠢᠭᠤᠯᠭ᠎ᠠ ᠵᠢᠴᠢ ᠰᠢᠭᠤᠳ ᠬᠠᠷᠢᠶ᠎ᠠ ᠠᠵᠢᠯ ᠦᠢᠯᠡᠰ ᠤᠨ ᠨᠢᠭᠡᠴᠡ ᠶᠢᠨ ᠪᠦᠬᠦ ᠺᠠᠳ᠋ᠷ᠂ ᠭᠢᠨᠳᠠᠨ ᠤ ᠬᠠᠮᠢᠶᠠᠷᠤᠯᠲᠠ ᠶᠢᠨ ᠲᠣᠪᠴᠢᠶ᠎ᠠ ᠶᠢᠨ ᠨᠠᠮ ᠤᠨ ᠬᠤᠷᠢᠶ᠎ᠠ ᠶᠢᠨ ᠤᠳᠤᠷᠢᠳᠬᠤ ᠪᠠᠭ ᠤᠨ ᠪᠦᠷᠢᠯᠳᠦᠬᠦᠨ ᠪᠠ ᠭᠠᠵᠠᠷ ᠤᠨ ᠱᠠᠲᠤᠨ ᠠᠴᠠ ᠳᠡᠭᠡᠭᠰᠢᠬᠢ ᠺᠠᠳ᠋ᠷᠴᠤᠳ ᠂ ᠬᠤᠣᠷ ᠲᠠᠲᠠᠬᠤ ᠶᠢ ᠴᠡᠭᠡᠷᠯᠡᠭᠦᠯᠬᠦ ᠬᠠᠮᠢᠶᠠᠷᠤᠯᠲᠠ ᠶᠢᠨ ᠲᠣᠪᠴᠢᠶᠠᠨ ᠤ ᠨᠠᠮ ᠤᠨ ᠬᠤᠷᠢᠶ᠎ᠠ ᠶᠢᠨ ᠤᠳᠤᠷᠢᠳᠬᠤ ᠪᠠᠭ ᠤᠨ ᠪᠦᠷᠢᠯᠳᠦᠬᠦᠨ ᠵᠢᠴᠢ ᠪᠦᠬᠦ ᠺᠠᠳ᠋ᠷ ᠴᠠᠭᠳᠠᠭ᠎ᠠ᠂ ᠬᠥᠬᠡᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ ᠶᠢᠨ ᠨᠠᠮ ᠤᠨ ᠬᠤᠷᠢᠶ᠎ᠠ ᠶᠢᠨ ᠤᠳᠤᠷᠢᠳᠬᠤ ᠪᠠᠭ ᠤᠨ ᠪᠦᠷᠢᠯᠳᠦᠬᠦᠨ᠂ ᠬᠥᠬᠡᠬᠤᠲᠠ ᠳᠤ ᠰᠠᠭᠤᠭ᠎ᠠ ᠭᠠᠵᠠᠷ ᠣᠷᠣᠨ ᠤ ᠵᠠᠬᠢᠷᠤᠨ ᠬᠠᠮᠢᠶᠠᠷᠬᠤ ᠲᠠᠯᠠᠪᠤᠷ ᠤᠳ ᠤᠨ ᠭᠠᠵᠠᠷ ᠤᠨ ᠨᠠᠮ ᠵᠠᠰᠠᠭ ᠤᠨ ᠨᠢᠭᠡᠳᠦᠭᠡᠷ ᠭᠠᠷ ᠵᠢᠴᠢ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠱᠦᠵᠢ ᠬᠤᠷᠠᠯ ᠳᠤ ᠣᠷᠣᠯᠴᠠᠪᠠ᠃ ᠡᠯ᠎ᠡ ᠠᠶᠢᠮᠠᠭ ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ᠂ ᠡᠯ᠎ᠡ ᠭᠢᠨᠳᠠᠨ᠂ ᠬᠤᠣᠷ ᠲᠠᠲᠠᠬᠤ ᠶᠢ ᠴᠡᠭᠡᠷᠯᠡᠭᠦᠯᠬᠦ ᠭᠠᠵᠠᠷ ᠤᠨ ᠨᠠᠮ ᠤᠨ ᠬᠤᠷᠢᠶ᠎ᠠ ᠶᠢᠨ ᠤᠳᠤᠷᠢᠳᠬᠤ ᠪᠠᠭ ᠤᠨ ᠪᠦᠷᠢᠯᠳᠦᠬᠦᠨ ᠪᠠ ᠵᠠᠩᠭᠢᠯᠠᠭ᠎ᠠ ᠶᠢᠨ ᠳᠡᠰ ᠠᠴᠠ ᠳᠡᠭᠡᠭᠰᠢᠬᠢ ᠺᠠᠳ᠋ᠷ ᠬᠤᠪᠢᠶᠠᠷᠢ ᠲᠠᠯᠠᠪᠠᠢ ᠶᠢᠨ ᠬᠤᠷᠠᠯ ᠳᠤ ᠣᠷᠣᠯᠴᠠᠵᠠᠶ᠃      ᠵᠧᠤ ᠯᠢ ᠮᠢᠩ ᠲᠢᠩᠬᠢᠮ ᠤᠨ ᠳᠠᠷᠤᠭ᠎ᠠ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠰᠢᠰᠲ᠋ᠧᠮ᠂ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠠ ᠢᠯᠵᠠᠷᠠᠯ ᠢ ᠡᠰᠡᠷᠭᠦᠴᠡᠬᠦ ᠠᠵᠢᠯ ᠤᠨ ᠲᠠᠯ᠎ᠠ ᠪᠠᠷ ᠣᠯᠣᠭᠰᠠᠨ ᠠᠮᠵᠢᠯᠲᠠ ᠶᠢ ᠭᠦᠢᠴᠡᠳ ᠨᠤᠲᠠᠯᠠᠵᠤ᠂ ᠨᠠᠮ ᠢ ᠴᠢᠩᠭ᠎ᠠ ᠵᠠᠰᠠᠬᠤ ᠶᠢ ᠪᠦᠬᠦ ᠲᠠᠯ᠎ᠠ ᠪᠠᠷ ᠲᠤᠤᠱᠯᠠᠭᠤᠯᠬᠤ ᠬᠢᠭᠡᠳ ᠨᠠᠮ ᠢ ᠬᠠᠮᠢᠶᠠᠷᠴᠤ ᠨᠠᠮ ᠢ ᠵᠠᠰᠠᠬᠤ ᠶᠢ ᠨᠠᠷᠢᠨ ᠬᠢᠨᠠᠮᠠᠭᠠᠶ ᠭᠦᠢᠴᠡᠳᠬᠡᠬᠦ ᠬᠤᠶᠠᠷ ᠲᠠᠯ᠎ᠠ ᠪᠠᠷ 2016 ᠣᠨ ᠤ ᠠᠵᠢᠯ ᠤᠨ ᠭᠤᠣᠯᠳᠠᠯᠭ᠎ᠠ ᠳᠤ ᠲᠣᠳᠣᠷᠬᠠᠶ ᠱᠠᠭᠠᠷᠳᠠᠯᠭ᠎ᠠ ᠳᠤᠷᠠᠳᠤᠭᠰᠠᠨ ᠪᠠᠶᠢᠨ᠎ᠠ᠃      ᠵᠧᠤ ᠯᠢ ᠮᠢᠩ ᠲᠢᠩᠬᠢᠮ ᠤᠨ ᠳᠠᠷᠤᠭ᠎ᠠ ᠵᠢᠭᠠᠭᠰᠠᠨ ᠨᠢ᠂ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠣᠯᠤᠨ ᠢᠯᠵᠠᠷᠠᠯ ᠢ ᠡᠰᠡᠷᠭᠦᠴᠡᠬᠦ ᠠᠵᠢᠯ ᠨᠢ ︽ᠪᠦᠬᠦ ᠲᠠᠯ᠎ᠠ ︾ ᠳᠡᠭᠡᠷ᠎ᠡ ᠬᠦᠴᠦ ᠲᠠᠯᠪᠢᠬᠤ ᠬᠡᠷᠡᠭᠲᠡᠶ᠃ ᠨᠢᠭᠡ ᠳᠤ᠂ ᠰᠤᠷᠤᠯᠴᠠᠯᠭ᠎ᠠ ᠶᠢ ᠪᠦᠬᠦ ᠲᠠᠯ᠎ᠠ ᠪᠠᠷ ᠴᠢᠩᠭᠠᠳᠬᠠᠬᠤ ᠬᠡᠷᠡᠭᠲᠡᠶ᠃ ᠬᠤᠶᠠᠷ ᠲᠤ᠂ ᠰᠤᠷᠲᠠᠯ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠬᠤ ᠬᠡᠷᠡᠭᠲᠡᠢ᠃ ᠭᠤᠷᠪᠠ ᠳᠤ᠂ ᠰᠠᠬᠢᠯᠭ᠎ᠠ ᠪᠠᠲᠤ ᠶᠢ ᠬᠡᠷᠡᠭᠵᠢᠭᠦᠯᠬᠦ ᠳᠤ ᠲᠠᠯᠪᠢᠬᠤ ᠬᠢᠨᠠᠯᠲᠠ ᠪᠠᠨ ᠪᠦᠬᠦ ᠲᠠᠯ᠎ᠠ ᠪᠠᠷ ᠴᠢᠩᠭᠠᠳᠬᠠᠬᠤ ᠬᠡᠷᠡᠭᠲᠡᠢ ᠭᠡᠪᠡ᠃      ᠲᠢᠩᠬᠢᠮ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠵᠠᠩ ᠳ᠋ᠦᠩ ᠬᠤᠩ ᠱᠦᠵᠢ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠰᠢᠰᠲ᠋ᠧᠮ ᠤᠨ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠠ ᠢᠯᠵᠠᠷᠠᠯ ᠢ ᠡᠰᠡᠷᠭᠦᠴᠡᠬᠦ ᠠᠵᠢᠯ ᠢ ᠳ᠋ᠦᠩᠨᠡᠵᠦ ᠪᠠᠶᠢᠷᠢᠯᠠᠭᠤᠯᠤᠯᠲᠠ ᠬᠢᠭᠰᠡᠨ ᠪᠠᠶᠢᠨ᠎ᠠ᠃ ᠵᠠᠩ ᠳ᠋ᠦᠩ ᠬᠤᠩ ᠱᠦᠵᠢ ᠵᠢᠭᠠᠵᠤ ᠭᠠᠷᠭᠠᠭᠰᠠᠨ ᠨᠢ᠂ ᠤᠯᠤᠰ ᠲᠦᠷᠦ ᠶᠢᠨ ᠰᠠᠬᠢᠯᠭ᠎ᠠ ᠪᠠᠲᠤ ᠶᠢ ᠢᠮᠠᠭᠲᠠ ᠲᠡᠷᠢᠭᠦᠨ ᠪᠠᠶᠢᠷᠢᠨ ᠳᠤ ᠲᠠᠯᠪᠢᠬᠤ ᠬᠡᠷᠡᠭᠲᠡᠶ᠃  ᠤᠯᠤᠰ ᠲᠦᠷᠦ ᠶᠢᠨ ᠰᠠᠬᠢᠯᠭ᠎ᠠ ᠪᠠᠲᠤ ᠶᠢ ᠴᠢᠩᠭ᠎ᠠ ᠲᠣᠳᠣᠷᠬᠠᠶ ᠪᠣᠯᠭᠠᠬᠤ ᠪᠠᠷ ᠳᠠᠮᠵᠢᠭᠤᠯᠤᠨ᠂ ᠵᠣᠬᠢᠶᠠᠨ ᠪᠠᠶᠢᠭᠤᠯᠤᠯᠲᠠ ᠶᠢᠨ ᠰᠠᠬᠢᠯᠭ᠎ᠠ ᠪᠠᠲᠤ ᠶᠢ ᠳᠠᠶᠢᠴᠢᠯᠠᠵᠤ᠂ ᠠᠷᠢᠭᠤᠨ ᠴᠢᠬᠡᠴᠢ ᠶᠢᠨ ᠰᠠᠬᠢᠯᠭ᠎ᠠ ᠪᠠᠲᠤ᠂ ᠤᠯᠠᠨ ᠲᠦᠮᠡᠨ ᠤ ᠰᠠᠬᠢᠯᠭ᠎ᠠ ᠪᠠᠲᠤ᠂ ᠠᠵᠢᠯ ᠤᠨ ᠰᠠᠬᠢᠯᠭ᠎ᠠ ᠪᠠᠲᠤ ᠪᠣᠯᠤᠨ ᠠᠮᠢᠳᠤᠷᠠᠯ ᠤᠨ ᠰᠠᠬᠢᠯᠭ᠎ᠠ ᠪᠠᠲᠤ ᠶᠢ ᠴᠢᠩᠳᠠᠯᠠᠬᠤ ᠬᠡᠷᠡᠭᠲᠡᠶ᠃ ᠨᠠᠮ ᠤᠨ ᠳᠣᠲᠣᠷᠠᠬᠢ ᠬᠢᠨᠠᠯᠲᠠ ᠲᠠᠯᠪᠢᠬᠤ ᠶᠠᠪᠤᠳᠠᠯ ᠢ ᠴᠢᠬᠤᠯᠠ ᠪᠠᠶᠢᠷᠢᠨ ᠳᠤ ᠲᠠᠯᠪᠢᠬᠤ ᠬᠡᠷᠡᠭᠲᠡᠶ᠃ ᠡᠷᠲᠡᠨ ᠤ ᠬᠥᠮᠦᠨ᠄ ︽ᠭᠠᠳᠠᠨᠠᠬᠢ ᠬᠤᠣᠷ ᠠᠨᠤ ᠥᠴᠥᠬᠡᠨ ᠲᠡᠳᠦᠢ ᠪᠣᠯᠠᠢ᠂ ᠬᠥᠮᠦᠨ ᠪᠣᠯᠪᠠᠰᠤ ᠵᠠᠶᠢᠯᠠᠵᠤ ᠴᠢᠳᠠᠮᠤᠢ︔ ᠲᠤᠲᠤᠷᠠᠬᠢ ᠬᠤᠣᠷ ᠠᠨᠤ ᠲᠠᠶᠢᠱᠠᠨ ᠠᠭᠤᠯᠠᠨ ᠠᠴᠠ ᠬᠦᠨᠳᠦ ᠪᠣᠯᠠᠢ᠂ ᠵᠠᠶᠢᠯᠠᠵᠤ ᠡᠰᠡ ᠳᠡᠶᠢᠯᠤᠮᠤᠢ︾ ᠭᠡᠵᠡᠢ᠃ ᠨᠠᠮ ᠤᠨ ᠬᠢᠨᠠᠯᠲᠠ ᠪᠠᠷ ᠠᠪᠴᠤ ᠬᠡᠯᠡᠪᠡᠯ᠂ ᠭᠠᠳᠠᠷ ᠬᠢᠨᠠᠯᠲᠠ ᠪᠣᠯ ᠵᠠᠶᠢᠯᠠᠰᠢ ᠦᠭᠡᠢ ᠶᠤᠮ᠂ ᠨᠠᠮ ᠤᠨ ᠳᠣᠲᠣᠭᠠᠳᠤ ᠶᠢᠨ ᠬᠢᠨᠠᠯᠲᠠ ᠶᠢ ᠴᠢᠩᠭᠠᠷᠠᠭᠤᠯᠬᠤ ᠪᠣᠯ ᠦᠨᠳᠦᠰᠦ ᠪᠣᠯᠣᠨ᠎ᠠ᠃ ︽ᠪᠠᠷᠢᠮᠵᠢᠶ᠎ᠠ︾ ᠪᠠ ︽ᠳᠦᠷᠢᠮ︾᠎ ᠢ ᠰᠠᠶᠢᠲᠤᠷ ᠲᠤᠤᠱᠯᠠᠭᠤᠯᠤᠨ ᠬᠡᠷᠡᠭᠵᠢᠭᠦᠯᠬᠦ ᠬᠡᠷᠡᠭᠲᠡᠢ᠃ ᠡᠨᠡ ᠵᠢᠯ ᠤᠨ 1 ᠳ᠋ᠦ᠋ᠭᠡᠷ ᠰᠠᠷ᠎ᠠ ᠶᠢᠨ 1᠎ ᠤ ᠡᠳᠦᠷ ᠠᠴᠠ ᠡᠬᠢᠯᠡᠨ ᠬᠡᠷᠡᠭᠵᠢᠭᠦᠯᠦᠭᠰᠡᠨ ︽ᠪᠠᠷᠢᠮᠵᠢᠶ᠎ᠠ︾ ᠪᠠ ︽ᠳᠦᠷᠢᠮ︾ ᠬᠤᠶᠠᠷ ᠪᠣᠯ ᠨᠠᠮ ᠤᠨ ᠳᠣᠲᠣᠭᠠᠳᠤ ᠶᠢᠨ ︽ᠬᠦᠨᠳᠦ ᠳᠡᠰ ᠤᠨ︾ ᠬᠠᠤᠯᠢ ᠲᠣᠭᠲᠠᠭᠠᠯ ᠭᠡᠵᠦ ᠬᠡᠯᠡᠵᠦ ᠪᠣᠯᠤᠨ᠎ᠠ᠂ ᠵᠥᠪᠬᠡᠨ ᠨᠠᠮ ᠢ ᠬᠠᠮᠢᠶᠠᠷᠬᠤ᠂ ᠨᠠᠮ ᠢ ᠵᠠᠰᠠᠬᠤ ︽ᠵᠢᠩ ᠬᠡᠮᠵᠢᠭᠦᠷ︾ ᠪᠠ ︽ᠠᠮᠠᠨ ᠲᠠᠷᠨᠢ︾ ᠲᠡᠳᠦᠢ ᠪᠢᠰᠢ ᠬᠠᠷᠢᠨ ᠡᠪᠡᠳᠴᠢᠨ ᠢ ᠨᠢ ᠵᠠᠰᠠᠵᠤ ᠡᠳᠡᠭᠡᠷᠡᠭᠦᠯᠦᠨ ᠠᠪᠬᠤ ᠴᠢᠳᠠᠯ ᠲᠠᠢ᠂ ᠪᠥᠬᠦ ᠨᠠᠮ ᠤᠨ ᠭᠡᠰᠢᠭᠦᠨ ᠤ ︽ᠡᠪᠳᠡᠷᠡᠰᠢ ᠦᠭᠡᠢ ᠡᠷᠳᠡᠨᠢᠰ ᠪᠡᠶ᠎ᠡ︾᠎ ᠶᠢᠨ ︽ᠠᠯᠳᠠᠨ ᠪᠦᠷᠬᠦᠭᠦᠯ︾ ᠪᠣᠯᠣᠨ᠎ᠠ ᠭᠡᠪᠡ᠃      ᠪᠣᠣᠱᠠᠨ ᠳᠡᠳ᠋ ᠲᠢᠩᠬᠢᠮ ᠤᠨ ᠳᠠᠷᠤᠭ᠎ᠠ ᠳ᠋ᠦᠩᠨᠡᠯᠲᠡ ᠶᠢᠨ ᠶᠠᠷᠢᠶ᠎ᠠ ᠲᠠᠯᠪᠢᠵᠠᠶ᠂ ᠡᠷᠬᠡᠪᠰᠢ ᠦᠵᠡᠯ ᠰᠠᠨᠠᠭ᠎ᠠ ᠪᠠᠨ ᠨᠢᠭᠡᠳᠬᠡᠵᠦ᠂ ᠲᠠᠨᠢᠯᠲᠠ ᠪᠠᠨ ᠳᠡᠭᠡᠭᠰᠢᠯᠡᠭᠦᠯᠵᠦ᠂ ᠬᠤᠷᠠᠯᠳᠤᠭᠠᠨ ᠤ ᠵᠣᠷᠢᠭ ᠰᠠᠨᠠᠭ᠎ᠠ ᠶᠢ ᠨᠠᠷᠢᠨ ᠬᠢᠨᠠᠮᠠᠭᠠᠶ ᠰᠤᠷᠤᠯᠴᠠᠵᠤ᠂ ᠣᠶᠢᠯᠠᠭᠠᠵᠤ᠂ ᠲᠤᠤᠱᠯᠠᠭᠤᠯᠤᠨ ᠬᠡᠷᠡᠭᠵᠢᠭᠦᠯᠵᠦ᠂ ᠨᠠᠮ ᠤᠨ ᠰᠤᠷᠲᠠᠯ ᠪᠠ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠶᠢᠨ ᠨᠠᠮ ᠤᠨ ᠬᠤᠷᠢᠶ᠎ᠠ ᠶᠢᠨ ᠪᠡᠶᠡᠴᠢ ᠴᠣᠭᠴᠠ ᠶᠢᠨ ᠬᠠᠷᠢᠭᠤᠴᠠᠯᠭ᠎ᠠ ᠪᠠ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠶᠢᠨ ᠬᠢᠨᠠᠯᠲᠠ ᠲᠠᠯᠪᠢᠬᠤ ᠬᠠᠷᠢᠭᠤᠴᠠᠯᠭ᠎ᠠ ᠶᠢ ᠦᠨᠡᠨ ᠬᠦ ᠪᠣᠳᠠᠲᠠᠶ ᠪᠠᠷ ᠨᠠᠶᠢᠳᠠᠪᠤᠷᠢᠵᠢᠭᠤᠯᠬᠤ ᠬᠡᠷᠡᠭᠲᠡᠶ᠃ ᠬᠤᠷᠠᠯ ᠤᠨ ᠲᠠᠷᠠᠭ᠎ᠠ᠂ ᠡᠯ᠎ᠡ ᠠᠶᠢᠮᠠᠭ ᠬᠤᠳᠠ ᠬᠠᠤᠯᠢ ᠴᠠᠭᠠᠵᠠ ᠶᠢᠨ ᠲᠣᠪᠴᠢᠶ᠎ᠠ ᠡᠨᠡ ᠤᠳᠠᠭᠠᠨ ᠤ ᠬᠤᠷᠠᠯ ᠤᠨ ᠭᠤᠣᠯ ᠵᠣᠷᠢᠭ ᠰᠠᠨᠠᠭ᠎ᠠ ᠪᠠ ᠨᠠᠶᠢᠳᠠᠪᠤᠷᠢᠵᠢᠭᠤᠯᠬᠤ ᠠᠷᠭ᠎ᠠ ᠬᠡᠮᠵᠢᠶ᠎ᠡ ᠶᠢ ᠠᠶᠢᠮᠠᠭ ᠬᠤᠲᠠ ᠶᠢᠨ ᠨᠠᠮ ᠤᠨ ᠬᠤᠷᠢᠶ᠎ᠠ ᠳᠤ ᠲᠤᠰᠬᠠᠶ ᠬᠠᠷᠢᠭᠤ ᠮᠡᠳᠡᠭᠦᠯᠬᠦ ᠶᠢᠨ ᠬᠠᠮᠲᠤ ᠲᠤᠤᠱᠯᠠᠭᠤᠯᠤᠨ ᠨᠠᠶᠢᠳᠠᠪᠤᠷᠢᠵᠢᠭᠤᠯᠤᠭᠰᠠᠨ ᠪᠠᠶᠢᠳᠠᠯ ᠢᠶᠠᠨ ᠲᠢᠩᠬᠢᠮ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠳᠤ ᠮᠡᠳᠡᠭᠦᠯᠬᠦ ᠬᠡᠷᠡᠭᠲᠡᠢ᠃ ᠭᠢᠨᠳᠠᠨ ᠲᠣᠪᠴᠢᠶ᠎ᠠ᠂ ᠬᠤᠣᠷ ᠲᠠᠲᠠᠬᠤ ᠶᠢ ᠴᠡᠭᠡᠷᠯᠡᠭᠦᠯᠬᠦ ᠲᠣᠪᠴᠢᠶ᠎ᠠ ᠶᠢᠨ ᠬᠠᠷᠢᠶ᠎ᠠ ᠨᠢᠭᠡᠴᠡ ᠶᠢᠨ ᠲᠤᠤᠱᠯᠠᠭᠤᠯᠤᠨ ᠨᠠᠶᠢᠳᠠᠪᠤᠷᠢᠵᠢᠭᠤᠯᠵᠤ ᠪᠠᠶᠢᠭ᠎ᠠ ᠪᠠᠶᠢᠳᠠᠯ ᠢ ᠨᠢᠭᠡᠳᠦᠯᠲᠡᠶ ᠬᠤᠷᠢᠶᠠᠩᠭᠤᠶᠢᠯᠠᠨ  ᠳ᠋ᠦᠩᠨᠡᠭᠡᠳ ᠲᠢᠩᠬᠢᠮ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠳᠤ ᠮᠡᠳᠡᠭᠦᠯᠬᠦ ᠬᠡᠷᠡᠭᠲᠡᠢ ᠭᠡᠵᠦ ᠡᠯ᠎ᠡ ᠱᠠᠲᠤ ᠶᠢ ᠱᠠᠭᠠᠷᠳᠠᠵᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号