| | 3 ᠳ᠋ᠤᠭᠠᠷ ᠰᠠᠷ᠎ᠠ ᠶᠢᠨ 23 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ ᠪᠦᠬᠦ ᠤᠷᠤᠨ ᠤ ᠬᠤᠳᠠ ᠬᠤᠰᠢᠭᠤ ᠰᠢᠶᠠᠨ ᠰᠤᠮᠤ ᠰᠢᠶᠠᠩ ᠪᠠᠯᠭᠠᠰᠦ ᠶᠢᠨ ᠤᠳᠤᠷᠢᠳᠬᠤ ᠪᠠᠭ ᠤᠨ | ᠬᠤᠭᠤᠴᠠᠭ᠎ᠠ ᠰᠤᠯᠢᠬᠤ ᠠᠵᠢᠯ ᠤᠨ ᠬᠤᠷᠠᠯ ᠬᠢᠵᠤ᠂ ᠰᠢ ᠶᠢᠨ ᠫᠢᠩ ᠶᠡᠷᠦᠩᠬᠡᠢ ᠱᠦᠵᠢ ᠶᠢᠨ ᠬᠤᠭᠤᠴᠠᠭ᠎ᠠ ᠰᠤᠯᠢᠬᠤ | ᠠᠵᠢᠯ ᠤᠨ ᠲᠤᠬᠠᠢ ᠴᠢᠬᠤᠯᠠ ᠶᠠᠷᠢᠶ᠎ᠠ᠂ ᠵᠢᠭᠠᠪᠤᠷᠢ ᠶᠢᠨ ᠵᠤᠷᠢᠭ ᠰᠠᠨᠠᠭ᠎ᠠ ᠪᠣᠯᠤᠨ ᠬᠤᠭᠤᠴᠠᠭ᠎ᠠ ᠰᠤᠯᠢᠬᠤ ᠠᠵᠢᠯ ᠤᠨ | ᠲᠤᠬᠠᠢ ᠨᠠᠮ ᠤᠨ ᠲᠦᠪ ᠬᠤᠷᠢᠶ᠎ᠠ ᠶᠢᠨ ᠪᠠᠶᠢᠷᠢᠯᠠᠭᠤᠯᠤᠯᠳᠠ ᠶᠢᠨ ᠱᠠᠭᠠᠷᠳᠠᠯᠭ᠎ᠠ ᠶᠢ ᠰᠤᠷᠤᠯᠴᠠᠨ ᠲᠤᠤᠱᠯᠠᠭᠤᠯᠵᠤ᠂ | ᠦᠪᠡᠷᠲᠡᠭᠡᠨ ᠵᠠᠰᠠᠬᠤ ᠤᠷᠤᠨ ᠤ ᠬᠤᠳᠠ᠂ ᠬᠤᠰᠢᠭᠤ ᠰᠢᠶᠠᠨ᠂ ᠰᠤᠮᠤ ᠰᠢᠶᠠᠩ ᠪᠠᠯᠭᠠᠰᠦ ᠶᠢᠨ ᠤᠳᠤᠷᠢᠳᠬᠤ ᠪᠠᠭ | ᠤᠨ ᠬᠤᠭᠤᠴᠠᠭ᠎ᠠ ᠰᠤᠯᠢᠬᠤ ᠠᠵᠢᠯ ᠢ ᠰᠤᠳᠤᠯᠤᠨ ᠪᠠᠶᠢᠷᠢᠯᠠᠭᠤᠯᠪᠠ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠸᠠᠩ ᠵᠢᠶᠦ᠋ᠨ ᠴᠢᠬᠤᠯᠠ ᠶᠠᠷᠢᠶ᠎ᠠ ᠲᠠᠯᠪᠢᠪᠠ | ᠃ ᠲᠡᠷᠡ ᠴᠢᠬᠤᠯᠠᠴᠢᠯᠠᠭᠰᠠᠨ ᠨᠢ᠂ ᠬᠤᠭᠤᠴᠠᠭ᠎ᠠ ᠰᠣᠯᠢᠬᠤ ᠠᠵᠢᠯ ᠤᠨ ᠬᠠᠷᠠᠯᠲᠠ ᠶᠢᠨ ᠡᠭᠦᠷᠭᠡ ᠶᠢ ᠪᠠᠲᠤ | ᠡᠵᠡᠮᠰᠢᠵᠦ᠂ ᠪᠠᠭᠴᠠᠯᠠᠭᠠᠳ ᠬᠡᠯᠡᠪᠡᠯ ︽ᠲᠦᠷᠪᠡᠨ ᠰᠠᠶᠢᠨ︾ ᠲᠤᠬᠠᠶᠢᠯᠠᠪᠠᠯ ᠰᠡᠳᠬᠢᠴᠡ ᠲᠤᠳᠤᠷᠬᠠᠢ ᠠᠷᠭ᠎ᠠ | ᠪᠤᠳᠠᠳᠠᠢ ᠠᠯᠤᠰ ᠤᠨ ᠲᠦᠰᠦᠪ ᠢ ᠦᠨᠡᠨᠭᠦ ᠵᠢᠷᠤᠬᠯᠠᠬᠤ᠂ ᠦᠨᠡᠨᠴᠢ ᠰᠢᠳᠤᠷᠭᠤ ᠠᠷᠢᠭᠤᠨ ᠴᠢᠭᠡᠴᠢ ᠵᠣᠷᠢᠭᠲᠠᠢ ᠪᠠᠷ | ᠬᠠᠷᠢᠭᠤᠴᠠᠯᠭ᠎ᠠ ᠡᠭᠦᠷᠭᠡᠯᠡᠭᠦ ᠰᠠᠶᠢᠨ ᠺᠠᠳ᠋ᠷ ᠢ ᠰᠤᠩᠭᠤᠬᠤ᠂ ᠪᠦᠳᠦᠴᠡ ᠨᠢ ᠰᠢᠯᠢᠳᠡᠭ ᠴᠢᠳᠠᠪᠤᠷᠢ ᠰᠠᠶᠢᠲᠠᠢ ᠰᠠᠶᠢᠨ | ᠪᠠᠭ ᠢ ᠲᠤᠬᠢᠷᠠᠭᠤᠯᠬᠤ᠂ ᠰᠡᠳᠬᠢᠯ ᠨᠢᠭᠡᠲᠡᠢ ᠬᠦᠴᠦᠨ ᠲᠡᠭᠦᠯᠳᠡᠷ ᠪᠠᠶᠢᠬᠤ ᠰᠠᠶᠢᠨ ᠲᠦᠷᠰᠦ ᠪᠠᠶᠢᠳᠠᠯ ᠲᠠᠢ | ᠪᠣᠯᠭᠠᠵᠤ ᠂ ︽ᠳᠥᠷᠪᠡᠨ ᠪᠦᠬᠦ ᠲᠠᠯ᠎ᠠ︾ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠶᠢ | ᠵᠣᠬᠢᠴᠠᠩᠭᠤᠢ ᠪᠠᠷ ᠠᠬᠢᠭᠤᠯᠬᠤ᠂ ᠲᠠᠪᠤᠨ ᠶᠡᠭᠡ ᠬᠥᠭᠵᠢᠯᠲᠡ ᠶᠢᠨ ᠣᠨᠤᠯᠵᠠᠭᠤᠨ ᠢ ᠲᠤᠤᠱᠠᠯᠠᠭᠤᠯᠬᠤ᠂ ︽13 · 5 | ︾ ᠶᠢᠨ ᠲᠥᠯᠥᠪᠵᠢᠭᠦᠯᠭᠡ ᠶᠢ ᠤᠷᠤᠭᠰᠢᠲᠠᠶ ᠪᠡᠶᠡᠯᠡᠭᠦᠯᠬᠦ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠳᠤ | ᠪᠠᠲᠤ ᠴᠢᠩᠭ᠎ᠠ ᠪᠠᠲᠤᠯᠠᠭ᠎ᠠ ᠬᠠᠩᠭᠠᠬᠤ ᠬᠡᠷᠡᠭᠲᠡᠶ᠃ ︽ᠲᠦᠷᠪᠡᠨ ᠰᠠᠶᠢᠨ︾ ᠤ ᠦᠵᠡᠯ ᠰᠠᠨᠠᠭᠠᠨ ᠤ | ᠠᠭᠤᠯᠤᠭᠳᠠᠬᠤᠨ ᠢ ᠵᠥᠪ ᠣᠨᠣᠪᠴᠢᠲᠠᠶ ᠤᠶᠢᠯᠭᠠᠨ ᠡᠵᠡᠮᠰᠢᠵᠦ᠂ ᠦᠨᠳᠦᠷ ᠪᠠᠷᠢᠮᠵᠢᠶ᠎ᠠ ᠴᠢᠩᠭ᠎ᠠ ᠱᠠᠭᠠᠷᠳᠠᠯᠭ᠎ᠠ ᠶᠢ | ᠪᠠᠷᠢᠮᠳᠠᠯᠠᠨ᠂ ᠰᠡᠳᠬᠢᠴᠡ ᠬᠢᠭᠡᠳ ᠠᠷᠭ᠎ᠠ ᠬᠡᠮᠵᠢᠶ᠎ᠡ ᠪᠠᠨ ᠰᠢᠨᠡᠳᠬᠡᠵᠦ᠂ ᠠᠵᠢᠯ ᠢᠶᠠᠨ ᠯᠠᠪᠳᠠᠭᠤᠨ ᠪᠠᠲᠤᠲᠠᠶ | ᠦᠷᠨᠢᠭᠦᠯᠦᠨ᠂ ᠬᠤᠭᠤᠴᠠᠭ᠎ᠠ ᠰᠣᠯᠢᠬᠤ ᠠᠵᠢᠯ ᠤᠨ ᠡᠭᠦᠷᠭᠡ ᠶᠢ ᠲᠡᠭᠦᠰ ᠠᠮᠵᠢᠯᠲᠠ ᠲᠠᠢ ᠪᠡᠶᠡᠯᠡᠭᠦᠯᠬᠦ ᠶᠢ ᠪᠠᠲᠤᠯᠠᠬᠤ | ᠬᠡᠷᠡᠭᠲᠡᠢ ᠭᠡᠪᠡ᠃ | ᠸᠠᠩ ᠵᠢᠶᠦ᠋ᠨ ᠵᠢᠭᠠᠵᠤ ᠭᠠᠷᠭᠠᠬᠰᠠᠨ ᠨᠢ᠂ ᠲᠤᠰ ᠤᠳᠠᠭᠠᠨ ᠤ ᠬᠤᠭᠤᠴᠠᠭ᠎ᠠ ᠰᠤᠯᠢᠬᠤ ᠠᠵᠢᠯ ᠨᠢ᠂ | ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠬᠤᠶᠢᠰᠢ ᠠᠩᠬᠠᠳᠤᠭᠠᠷ ᠤᠳᠠᠭᠠᠨ ᠤ ᠤᠷᠤᠨ ᠨᠤᠳᠤᠭ ᠤᠨ | ᠤᠳᠤᠷᠢᠳᠬᠤ ᠪᠠᠭ ᠤᠨ ᠬᠤᠭᠤᠴᠠᠭ᠎ᠠ ᠰᠤᠯᠢᠬᠤ ᠠᠵᠢᠯ ᠮᠦᠨ᠂ ︽ᠲᠦᠷᠪᠡᠨ ᠪᠦᠬᠦ ᠲᠠᠯ᠎ᠠ︾ ᠶᠢᠨ ᠪᠠᠶᠢᠯᠳᠤᠬᠤ | ᠪᠤᠳᠤᠯᠭ᠎ᠠ ᠶᠢᠨ ᠪᠠᠶᠢᠷᠢᠯᠠᠭᠤᠯᠤᠯᠲᠠ ᠶᠢ ᠵᠤᠬᠢᠴᠠᠭᠤᠯᠤᠨ ᠠᠬᠢᠭᠤᠯᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ | ᠪᠡᠶᠡᠯᠡᠭᠦᠯᠭᠦ ᠰᠢᠢᠳᠪᠦᠷᠢᠳᠦ ᠱᠠᠳᠤᠨ ᠤ ᠠᠭᠤᠤ ᠶᠡᠭᠡ ᠢᠯᠠᠯᠳᠠ ᠶᠢ ᠲᠡᠮᠡᠴᠡᠨ ᠤᠯᠬᠤ ᠶᠢᠨ ᠴᠢᠬᠤᠯᠠ ᠪᠠᠲᠤᠯᠠᠭ᠎ᠠ | ᠮᠦᠨ᠂ ᠲᠠᠪᠤᠨ ᠶᠡᠭᠡ ᠬᠦᠭᠵᠢᠯᠳᠡ ᠶᠢᠨ ᠣᠨᠤᠯᠵᠠᠭᠤᠨ ᠢ ᠲᠤᠤᠱᠯᠠᠭᠤᠯᠤᠨ ᠨᠡᠶᠢᠳᠡᠪᠦᠷᠢᠵᠢᠭᠤᠯᠵᠦ᠂ ︽13 · 5︾ | ᠶᠢᠨ ᠲᠥᠯᠥᠪᠵᠢᠭᠦᠯᠭᠡ ᠶᠢᠨ ᠬᠠᠷᠠᠯᠳᠠ ᠶᠢᠨ ᠪᠡᠶᠡᠯᠡᠭᠳᠡᠯ ᠢ ᠪᠠᠲᠤᠯᠠᠬᠤ ᠴᠢᠬᠤᠯᠠ ᠰᠠᠭᠤᠷᠢ ᠮᠦᠨ᠂ ᠨᠠᠮ ᠢ ᠪᠦᠬᠦ | ᠲᠠᠯ᠎ᠠ ᠪᠠᠷ ᠴᠢᠩᠭ᠎ᠠ ᠵᠠᠰᠠᠬᠤ ᠶᠢ ᠭᠦᠨᠵᠡᠭᠡᠶᠢᠷᠡᠨ ᠠᠬᠢᠭᠤᠯᠵᠤ᠂ ᠰᠠᠶᠢᠨ ᠰᠠᠶᠢᠬᠠᠨ ᠤᠯᠤᠰ ᠲᠦᠷᠦ ᠶᠢᠨ ᠠᠮᠢ | ᠠᠬᠤᠢ ᠶᠢ ᠪᠠᠶᠢᠭᠤᠯᠬᠤ ᠶᠢᠨ ᠴᠢᠬᠤᠯᠠ ᠦᠢᠯᠡᠳᠦᠯᠭᠡ ᠮᠦᠨ᠂ ᠺᠠᠳ᠋ᠷ ᠠᠵᠢᠯᠳᠠᠠ ᠤ ᠶᠠᠪᠤᠳᠠᠯ ᠤᠨ ᠲᠦᠷᠢᠮ ᠤᠨ | ᠦᠭᠡᠷᠡᠴᠢᠯᠡᠯᠳᠡ ᠶᠢ ᠬᠦᠨᠵᠡᠭᠡᠶᠢᠷᠡᠭᠦᠯᠵᠦ᠂ ᠤᠳᠤᠷᠢᠳᠬᠤ ᠪᠠᠭ ᠪᠤᠯᠤᠨ ᠺᠠᠳ᠋ᠷ ᠤᠨ ᠡᠩᠨᠡᠭᠡᠨ ᠤ ᠪᠠᠶᠢᠭᠤᠯᠤᠯᠳᠠ ᠶᠢ | ᠴᠢᠩᠭᠠᠳᠬᠠᠬᠤ ᠴᠢᠬᠤᠯᠠ ᠠᠵᠠ ᠲᠤᠬᠢᠶᠠᠯ ᠮᠦᠨ᠂ ᠦᠪᠡᠷᠳᠡᠭᠡᠨ ᠵᠠᠰᠠᠬᠤ ᠤᠷᠤᠨ ᠤ ᠦᠭᠡᠷᠡᠴᠢᠯᠡᠯᠳᠡ ᠬᠦᠭᠵᠢᠯᠳᠡ | ᠲᠤᠭᠳᠠᠭᠤᠨ ᠪᠠᠶᠢᠬᠤ ᠶᠡᠭᠡ ᠲᠠᠯ᠎ᠠ᠂ ᠴᠢᠨᠡᠭᠡᠯᠢᠭ ᠨᠡᠶᠢᠭᠡᠮ ᠢ ᠪᠦᠬᠦ ᠲᠡᠯ᠎ᠠ ᠪᠠᠷ ᠪᠡᠶᠡᠯᠡᠭᠦᠯᠭᠦ ᠬᠠᠷᠠᠯᠳᠠ ᠶᠢᠨ | ᠤᠷᠤᠬᠰᠢᠳᠠᠢ ᠪᠡᠶᠡᠯᠡᠭᠳᠡᠭᠦ ᠪᠠ ᠪᠦᠬᠦ ᠤᠷᠤᠨ ᠤ ᠦᠨᠳᠦᠰᠦᠳᠡᠨ ᠨᠦᠭᠦᠳ ᠤᠨ ᠠᠷᠠᠳ ᠲᠦᠮᠡᠨ ᠤ ᠪᠤᠶᠠᠨ | ᠵᠢᠷᠭᠠᠯ ᠲᠠᠢ ᠬᠤᠯᠪᠤᠭᠳᠠᠵᠤ ᠪᠠᠶᠢᠳᠠᠭ᠃ ᠪᠦᠬᠦ ᠤᠷᠤᠨ ᠤ ᠡᠯ᠎ᠠ ᠱᠠᠳᠤᠨ ᠤ ᠨᠠᠮ ᠤᠨ ᠬᠤᠷᠢᠶ᠎ᠠ ᠡᠷᠬᠡᠪᠰᠢ ᠰᠢ ᠶᠢᠨ | ᠫᠢᠩ ᠶᠡᠷᠦᠩᠬᠡᠢ ᠱᠦᠵᠢ ᠪᠣᠯᠤᠨ ᠯᠢᠦ ᠶᠦᠨ ᠱᠠᠨ᠂ ᠵᠤᠤ ᠯᠧ ᠵᠢᠢ ᠵᠡᠷᠭᠡ ᠨᠠᠮ ᠤᠨ ᠲᠦᠪ ᠬᠤᠷᠢᠶ᠎ᠠ ᠶᠢᠨ | ᠤᠳᠤᠷᠢᠳᠤᠯᠭ᠎ᠠ ᠨᠠᠷ ᠤᠨ ᠬᠤᠭᠤᠴᠠᠭ᠎ᠠ ᠰᠤᠯᠢᠬᠤ ᠠᠵᠢᠯ ᠤᠨ ᠲᠤᠬᠠᠢ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ | ᠵᠤᠷᠢᠭ ᠰᠠᠨᠠᠭ᠎ᠠ ᠶᠢ ᠰᠤᠷᠤᠯᠴᠠᠨ ᠤᠢᠢᠯᠠᠭᠠᠵᠤ᠂ ᠦᠵᠡᠯ ᠰᠠᠨᠠᠭ᠎ᠠ ᠪᠠ ᠦᠢᠯᠡ ᠠᠵᠢᠯᠯᠠᠭ᠎ᠠ ᠪᠠᠨ ᠲᠥᠪ ᠬᠤᠷᠢᠶ᠎ᠠ ᠶᠢᠨ | ᠬᠤᠭᠤᠴᠠᠭ᠎ᠠ ᠰᠣᠯᠢᠬᠤ ᠠᠵᠢᠯ ᠢ ᠰᠠᠶᠢᠲᠤᠷ ᠬᠢᠬᠦ ᠲᠤᠬᠠᠶ ᠰᠢᠶ᠋ᠳᠪᠦᠷᠢᠲᠦ ᠪᠤᠲᠣᠯᠭ᠎ᠠ ᠶᠢᠨ ᠪᠠᠶᠢᠷᠢᠯᠠᠭᠤᠯᠤᠯᠲᠠ | ᠳᠡᠭᠡᠷ᠎ᠡ ᠤᠬᠠᠮᠰᠠᠷ ᠠᠴᠠ ᠪᠠᠨ ᠨᠢᠭᠡᠳᠬᠡᠨ᠂ ᠬᠤᠳᠠ᠂ ᠬᠤᠰᠢᠭᠤ ᠰᠢᠶᠠᠨ᠂ ᠰᠤᠮᠤ ᠰᠢᠶᠠᠩ ᠪᠠᠯᠭᠠᠰᠤ ᠶᠢᠨ | ᠤᠳᠤᠷᠢᠳᠬᠤ ᠪᠠᠭ ᠤᠨ ᠬᠤᠭᠤᠴᠠᠭ᠎ᠠ ᠰᠣᠯᠢᠬᠤ ᠠᠵᠢᠯ ᠢ ᠰᠠᠶᠢᠲᠤᠷ ᠬᠢᠬᠦ ᠶᠢᠨ ᠴᠢᠬᠤᠯᠠ ᠶᠡᠭᠡ ᠠᠴᠢ | ᠬᠤᠯᠪᠣᠭᠳᠠᠯ ᠢ ᠭᠦᠨᠵᠡᠭᠡᠶ ᠲᠠᠨᠢᠵᠤ᠂ ᠳᠡᠭᠡᠳᠦ ᠬᠡᠮᠵᠢᠶᠡᠨ ᠤ ᠤᠯᠤᠰ ᠲᠦᠷᠦ ᠶᠢᠨ ᠬᠠᠷᠢᠭᠤᠴᠠᠯᠭᠠᠲᠤ ᠰᠡᠳᠬᠢᠯᠭᠡ ᠪᠠ | ᠲᠡᠦᠬᠡ ᠶᠢᠨ ᠡᠭᠦᠷᠭᠡᠲᠦ ᠰᠡᠳᠬᠢᠯᠭᠡ ᠪᠠᠷ ᠠᠵᠢᠯ ᠢᠶᠠᠨ ᠰᠠᠶᠢᠲᠤᠷ ᠬᠢᠵᠦ᠂ ᠬᠤᠭᠤᠴᠠᠭ᠎ᠠ ᠰᠣᠯᠢᠬᠤ ᠠᠵᠢᠯ ᠤᠨ | ᠤᠷᠤᠭᠰᠢᠲᠠᠶ ᠶᠠᠪᠤᠭᠳᠠᠵᠦ᠂ ᠠᠮᠵᠢᠯᠲᠠ ᠲᠠᠢ ᠪᠡᠶᠡᠯᠡᠭᠳᠡᠬᠦ ᠶᠢ ᠦᠨᠡᠨᠬᠦ ᠪᠠᠲᠤᠯᠠᠬᠤ ᠬᠡᠷᠡᠭᠲᠡᠢ ᠭᠡᠪᠡ᠃ | ᠸᠠᠩ ᠵᠢᠶᠦ᠋ᠨ ᠴᠢᠬᠤᠯᠠᠴᠢᠯᠠᠭᠰᠠᠨ ᠨᠢ᠂ ᠲᠤᠰ ᠤᠳᠠᠭᠠᠨ ᠤ ᠬᠤᠭᠤᠴᠠᠭ᠎ᠠ ᠰᠤᠯᠢᠬᠤ ᠠᠵᠢᠯ ᠢ ᠰᠠᠶᠢᠳᠤᠷ | ᠬᠢᠭᠦ ᠳᠤ᠂ ᠲᠤᠮᠳᠠᠳᠤ ᠤᠯᠤᠰ ᠤᠨ ᠤᠨᠴᠯᠠᠢᠭ ᠲᠠᠢ ᠨᠡᠶᠢᠭᠡᠮ ᠵᠢᠷᠤᠮ ᠤᠨ ᠲᠤᠭ ᠢ ᠦᠨᠳᠦᠷ ᠮᠠᠨᠳᠤᠭᠤᠯᠵᠤ᠂ ᠨᠠᠮ | ᠤᠨ ᠠᠷᠪᠠᠨ ᠨᠠᠢᠮᠠᠳᠤᠭᠠᠷ ᠶᠡᠭᠡ ᠬᠤᠷᠠᠯ ᠪᠣᠯᠤᠨ ᠨᠠᠮ ᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠦᠪ | ᠬᠤᠷᠢᠶ᠎ᠠ ᠶᠢᠨ ᠭᠤᠷᠪᠠ᠂ ᠳᠥᠷᠪᠡ᠂ ᠲᠠᠪᠤᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ | ᠲᠤᠤᠱᠯᠠᠭᠤᠯᠵᠤ᠂ ᠮᠠᠷᠺᠰ ᠯᠧᠨᠢᠨ ᠤ ᠦᠵᠡᠯ᠂ ᠮᠠᠤ ᠽᠧ ᠳ᠋ᠦᠩ ᠤᠨ ᠦᠵᠡᠯ ᠰᠨᠠᠠᠭ᠎ᠠ᠂ ᠳ᠋ᠧᠩ ᠰᠢᠶᠤᠤ ᠫᠢᠩ ᠤᠨ | ᠤᠨᠤᠯ᠂ ︽ᠭᠤᠷᠪᠠ ᠶᠢ ᠲᠦᠯᠦᠭᠡᠯᠡᠭᠦ︾ ᠴᠢᠬᠤᠯᠠ ᠦᠵᠡᠯ ᠰᠠᠨᠠᠭ᠎ᠠ᠂ ᠰᠢᠨᠵᠢᠯᠡᠭᠦ ᠤᠬᠠᠭᠠᠨᠴᠢ ᠬᠦᠭᠵᠢᠯᠳᠡ ᠶᠢᠨ | ᠦᠵᠡᠯᠳᠡ ᠪᠠᠷ ᠵᠢᠯᠤᠭᠤᠳᠤᠯᠭ᠎ᠠ ᠪᠤᠯᠭᠠᠨ᠂ ᠶᠡᠷᠦᠩᠬᠡᠢ ᠱᠦᠵᠢ ᠰᠢ ᠶᠢᠨ ᠫᠢᠩ ᠤᠨ ᠰᠢᠷᠢᠰ ᠴᠢᠬᠤᠯᠠ ᠶᠠᠷᠢᠶ᠎ᠠ ᠪᠠ | ᠦᠪᠦᠷ ᠮᠤᠩᠭᠤᠯ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠬᠦᠨᠵᠡᠭᠡᠢ | ᠲᠤᠤᠱᠯᠠᠭᠤᠯᠵᠤ᠂ ᠨᠠᠮ ᠤᠨ ᠤᠳᠤᠷᠢᠳᠤᠯᠭ᠎ᠠ ᠶᠢ ᠪᠠᠷᠢᠮᠳᠠᠯᠠᠬᠤ᠂ ᠠᠷᠠᠳᠴᠢᠯᠡᠯ ᠢ ᠪᠠᠳᠠᠷᠠᠭᠤᠯᠬᠤ ᠪᠠ ᠬᠠᠤᠯᠢ | ᠶᠤᠰᠤᠭᠠᠷ ᠬᠡᠷᠡᠭ ᠡᠷᠬᠢᠯᠡᠭᠦ ᠶᠢ ᠤᠷᠭᠠᠨᠢᠭ ᠢᠶᠠᠷ ᠨᠢᠭᠡᠳᠦᠭᠦᠯᠵᠤ᠂ ᠨᠢᠭᠡᠳᠦᠯᠳᠡᠢ ᠲᠦᠯᠦᠪᠵᠢᠭᠦᠯᠵᠤ᠂ ᠨᠠᠷᠢᠨ ᠨᠢᠮᠪᠠᠢ | ᠵᠤᠬᠢᠶᠠᠨ ᠪᠠᠶᠢᠭᠤᠯᠦᠨ᠂ ᠠᠯᠬᠤᠮ ᠲᠠᠷᠠᠭ᠎ᠠ ᠲᠠᠢ ᠠᠬᠢᠭᠤᠯᠵᠤ᠂ ᠰᠡᠳᠬᠢᠴᠡ ᠲᠤᠳᠤᠷᠬᠠᠢ ᠠᠷᠭ᠎ᠠ ᠪᠤᠳᠠᠳᠠᠢ ᠠᠯᠤᠰ | ᠤᠨ ᠲᠦᠰᠦᠪ ᠢ ᠵᠢᠷᠤᠬᠯᠠᠵᠤ᠂ ᠦᠨᠡᠨᠴᠢ ᠰᠢᠳᠤᠷᠭᠤ ᠠᠷᠢᠭᠤᠨ ᠴᠢᠭᠡᠴᠢ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠭᠦ | ᠰᠠᠶᠢᠨ ᠺᠠᠳ᠋ᠷ ᠢ ᠰᠤᠩᠭᠤᠨ᠂ ᠪᠦᠳᠦᠴᠡ ᠰᠢᠯᠢᠳᠡᠭ ᠴᠢᠳᠠᠪᠤᠷᠢ ᠰᠠᠶᠢᠲᠠᠢ ᠰᠠᠶᠢᠨ ᠪᠠᠭ ᠢ ᠲᠤᠬᠢᠷᠠᠭᠤᠯᠵᠤ᠂ ᠰᠡᠳᠬᠢᠯ | ᠨᠢᠭᠡᠲᠡᠢ ᠬᠦᠴᠦᠨ ᠲᠡᠭᠦᠯᠳᠡᠷ ᠪᠠᠶᠢᠬᠤ ᠰᠠᠶᠢᠨ ᠲᠦᠷᠰᠦ ᠲᠠᠢ ᠪᠣᠯᠭᠠᠵᠤ᠂ ᠰᠢᠨ᠎ᠡ ᠶᠢ ᠡᠭᠦᠳᠭᠦ᠂ ᠵᠣᠬᠢᠴᠠᠭᠤᠯᠬᠤ᠂ | ᠪᠤᠬᠢᠷᠳᠦᠯ ᠦᠭᠡᠢ ᠪᠠᠶᠢᠯᠭᠠᠬᠤ᠂ ᠨᠡᠬᠡᠬᠡᠯᠲᠡ ᠬᠢᠬᠦ᠂ ᠬᠠᠮᠳᠤᠪᠡᠷ ᠡᠳ᠋ᠯᠡᠭᠦ ᠬᠦᠭᠵᠢᠯᠳᠡ ᠶᠢᠨ ᠣᠨᠤᠯᠵᠢᠬᠤᠨ ᠢ | ᠲᠤᠤᠱᠯᠠᠭᠤᠯᠬᠤ ᠳᠤ᠂ ︽13 · 5︾ ᠶᠢᠨ ᠲᠦᠯᠦᠪᠵᠢᠭᠦᠯᠭᠡ ᠶᠢ ᠤᠷᠤᠭᠰᠢᠲᠠᠢ ᠬᠡᠷᠡᠭᠵᠢᠭᠦᠯᠦᠨ ᠲᠤᠭᠳᠠᠬᠰᠠᠨ | ᠬᠤᠭᠤᠴᠠᠭ᠎ᠠ ᠳᠠᠭᠠᠨ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠭᠦ ᠳᠤ᠂ ᠡᠭᠡ ᠤᠯᠤᠰ ᠤᠨ ᠤᠮᠠᠷᠠᠳᠦ ᠶᠢᠨ | ᠦᠵᠡᠰᠭᠦᠯᠡᠩᠳᠦ ᠰᠠᠶᠢᠬᠠᠨ ᠦᠵᠡᠮᠵᠢ ᠶᠢᠨ ᠤᠷᠤᠨ ᠢ ᠪᠠᠶᠢᠭᠤᠯᠬᠤ ᠳᠤ ᠪᠠᠳᠤ ᠴᠢᠩᠭ᠎ᠠ ᠪᠠᠳᠤᠯᠠᠭ᠎ᠠ ᠬᠠᠩᠭᠠᠬᠤ | ᠬᠡᠷᠡᠭᠳᠡᠢ᠃ ᠨᠠᠮ ᠤᠨ ᠨᠢᠭᠡᠳᠦᠯᠳᠡᠢ ᠤᠳᠤᠷᠢᠳᠤᠯᠭ᠎ᠠ ᠶᠢ ᠴᠢᠩᠭᠠᠳᠬᠠ᠂ ᠨᠠᠮ ᠤᠨ ᠬᠤᠷᠢᠶ᠎ᠠ ᠶᠢᠨ ᠤᠯᠤᠰ | ᠲᠦᠷᠦ ᠶᠢᠨ ᠬᠠᠷᠢᠭᠤᠴᠠᠯᠭ᠎ᠠ ᠶᠢ ᠴᠢᠩᠭᠠᠷᠠᠭᠤᠯᠵᠤ᠂ ᠺᠠᠳ᠋ᠷ ᠢ ᠨᠠᠮ ᠬᠠᠮᠢᠶᠠᠷᠬᠤ ᠵᠠᠷᠴᠢᠮ ᠢ ᠪᠠᠷᠢᠮᠳᠠᠯᠠᠨ᠂ ᠨᠠᠮ ᠤᠨ | ᠬᠤᠷᠢᠶ᠎ᠠ ᠶᠢᠨ ᠤᠳᠤᠷᠢᠳᠤᠯᠭ᠎ᠠ ᠪᠠ ᠪᠤᠭᠤᠮᠳᠠ ᠰᠠᠬᠢᠬᠤ ᠦᠢᠯᠡᠳᠦᠯ ᠢ ᠨᠢ ᠬᠦᠢᠴᠡᠳ ᠪᠠᠳᠠᠷᠠᠭᠤᠯᠬᠤ ᠬᠡᠷᠡᠭᠳᠡᠢ᠃ | ᠬᠦᠮᠦᠨ ᠢ ᠵᠦᠪ ᠤᠨᠤᠪᠴᠢᠳᠠᠢ ᠬᠡᠷᠡᠭᠯᠡᠭᠦ ᠤᠳᠤᠷᠢᠳᠤᠮᠵᠢ ᠪᠠ ᠰᠠᠶᠢᠨ ᠺᠠᠳ᠋ᠷ ᠤᠨ ᠪᠠᠷᠢᠮᠵᠢᠶ᠎ᠠ ᠶᠢ ᠪᠠᠷᠢᠮᠳᠠᠯᠠᠵᠤ᠂ | ᠺᠠᠳ᠋ᠷ ᠢ ᠰᠤᠩᠭᠤᠨ ᠬᠡᠷᠡᠭᠯᠡᠭᠦ ᠠᠷᠭ᠎ᠠ ᠬᠡᠯᠪᠡᠷᠢ ᠶᠢ ᠰᠠᠶᠢᠵᠢᠷᠠᠭᠤᠯᠤᠨ ᠰᠢᠨᠡᠳᠭᠡᠵᠤ᠂ ᠨᠠᠮ ᠵᠠᠰᠠᠭ ᠤᠨ ᠲᠡᠷᠢᠭᠦᠨ | ᠲᠤᠰᠢᠶᠠᠯᠳᠡᠨ ᠢ ᠰᠠᠶᠢᠲᠤᠷ ᠰᠤᠩᠭᠤᠨ ᠲᠣᠬᠢᠷᠠᠭᠤᠯᠵᠦ᠂ ᠪᠠᠭ ᠤᠨ ᠪᠦᠬᠦᠯᠢ ᠴᠤᠬᠴᠠ ᠶᠢᠨ ᠦᠢᠯᠡᠳᠦᠯ ᠴᠢᠳᠠᠪᠤᠷᠢ ᠶᠢ | ᠴᠢᠩᠭᠠᠷᠠᠭᠤᠯᠵᠤ᠂ ᠺᠠᠳ᠋ᠷ ᠢ ᠰᠠᠶᠢᠨ ᠰᠤᠩᠭᠤᠨ ᠪᠠᠭ ᠢ ᠬᠦᠴᠦᠷᠭᠡᠭᠵᠢᠭᠦᠯᠭᠦ ᠬᠡᠷᠡᠭᠳᠡᠢ᠃ ᠦᠨᠳᠦᠰᠦᠨ ᠬᠠᠤᠯᠢ᠂ | ᠬᠠᠤᠯᠢ ᠴᠠᠭᠠᠵᠠ ᠪᠠ ᠤᠯᠤᠰ ᠲᠦᠷᠦ ᠶᠢᠨ ᠵᠦᠪᠯᠡᠯᠭᠡᠨ ᠤ ᠲᠦᠷᠢᠮ ᠲᠤᠭᠳᠠᠭᠠᠯ ᠳᠤ ᠲᠤᠭᠳᠠᠭᠠᠬᠰᠠᠨ ᠦᠨᠳᠦᠰᠦᠨ | ᠨᠦᠬᠦᠴᠡᠯ ᠢ ᠴᠢᠩᠭ᠎ᠠ ᠬᠦᠢᠴᠡᠳᠭᠡᠵᠤ᠂ ᠰᠤᠩᠭᠤᠭᠤᠯᠢ ᠶᠢᠨ ᠠᠵᠢᠯ ᠤᠨ ᠤᠳᠤᠷᠢᠳᠬᠤ ᠡᠷᠭᠡ ᠪᠠ ᠰᠠᠨᠠᠭᠠᠴᠢᠯᠠᠭᠠᠳᠦ | ᠡᠷᠭᠡ ᠶᠢ ᠪᠠᠳᠤ ᠡᠵᠡᠮᠳᠡᠨ᠂ ᠲᠦᠯᠦᠭᠡᠯᠡᠭᠴᠢ ᠬᠡᠰᠢᠭᠦᠳ ᠢ ᠰᠤᠩᠭᠤᠬᠤ ᠪᠠ ᠶᠡᠭᠡ ᠬᠤᠷᠠᠯ ᠤᠨ ᠰᠤᠩᠭᠤᠭᠤᠯᠢ ᠶᠢᠨ | ᠠᠵᠢᠯ ᠢ ᠨᠠᠷᠢᠯᠢᠭ ᠰᠠᠶᠢᠨ ᠬᠢᠭᠦ ᠬᠡᠷᠡᠭᠳᠡᠢ᠃ ᠬᠤᠭᠤᠴᠠᠭ᠎ᠠ ᠰᠤᠯᠢᠬᠤ ᠰᠠᠬᠢᠯᠭ᠎ᠠ ᠪᠠᠳᠤ ᠶᠢ ᠴᠢᠩᠭᠠᠳᠬᠠᠨ᠂ ᠰᠠᠬᠢᠯᠭ᠎ᠠ | ᠪᠠᠳᠤ ᠪᠠ ᠶᠤᠰᠤ ᠲᠦᠷᠢᠮ ᠢ ᠲᠡᠷᠢᠭᠦᠨ ᠳᠤ ᠲᠠᠯᠪᠢᠵᠤ᠂ ᠵᠦᠪ ᠲᠠᠯ᠎ᠠ ᠶᠢᠨ ᠬᠦᠮᠦᠵᠢᠯ ᠪᠠ ᠡᠰᠡᠷᠭᠦ ᠲᠠᠯ᠎ᠠ ᠶᠢᠨ | ᠰᠡᠷᠡᠮᠵᠢᠭᠦᠯᠦᠯ ᠢ ᠬᠠᠷᠢᠯᠴᠠᠨ ᠤᠶᠠᠯᠳᠤᠭᠤᠯᠤᠨ᠂ ᠬᠢᠨᠠᠯᠳᠠ ᠪᠠᠶᠢᠴᠠᠭᠠᠯᠳᠠ ᠶᠢ ᠴᠢᠩᠭᠠᠳᠬᠠᠵᠦ᠂ ᠡᠷᠡᠰ ᠰᠢᠭᠤᠷᠬᠠᠢ | ᠤᠪᠤᠷ ᠪᠠ ᠬᠦᠴᠦᠨ ᠲᠡᠭᠦᠯᠳᠡᠷ ᠠᠷᠭ᠎ᠠ ᠪᠠᠷ ᠬᠤᠭᠤᠴᠠᠭ᠎ᠠ ᠰᠤᠯᠢᠬᠤ ᠠᠵᠢᠯ ᠤᠨ ᠳᠤᠮᠳᠠ ᠭᠠᠵᠢᠭᠤ ᠰᠤᠷᠳᠠᠯ ᠢ | ᠴᠢᠩᠭ᠎ᠠ ᠬᠤᠷᠢᠭᠯᠠᠵᠤ᠂ ᠬᠤᠭᠤᠴᠠᠭ᠎ᠠ ᠰᠤᠯᠢᠬᠤ ᠲᠥᠪ ᠴᠢᠭᠡᠴᠢ ᠤᠷᠴᠢᠨ ᠪᠠᠶᠢᠳᠠᠯ ᠢ ᠪᠤᠢ ᠪᠤᠯᠭᠠᠬᠤ ᠬᠡᠷᠡᠭᠳᠡᠢ | ᠭᠡᠪᠡ᠃ | ᠸᠠᠩ ᠵᠢᠶᠦ᠋ᠨ ᠱᠠᠭᠠᠷᠳᠠᠬᠰᠠᠨ ᠨᠢ᠂ ᠡᠯ᠎ᠠ ᠱᠠᠳᠤᠨ ᠤ ᠨᠠᠮ ᠤᠨ ᠬᠤᠷᠢᠶ᠎ᠠ ᠨᠤᠭᠤᠳ ᠤᠯᠤᠰ ᠲᠦᠷᠦ ᠶᠢᠨ | ᠤᠬᠠᠮᠰᠠᠷ᠂ ᠶᠡᠭᠡ ᠲᠠᠯ᠎ᠠ ᠶᠢᠨ ᠤᠬᠠᠮᠰᠠᠷ᠂ ᠭᠤᠤᠯᠯᠠᠬᠴᠢ ᠤᠬᠠᠮᠰᠠᠷ᠂ ᠨᠢᠭᠡᠳᠦᠯᠳᠡᠢ ᠪᠠᠶᠢᠬᠤ ᠤᠬᠠᠮᠰᠠᠷ ᠢᠶᠠᠨ | ᠦᠨᠡᠨᠭᠦ ᠳᠡᠭᠡᠭᠰᠢᠯᠡᠭᠦᠯᠵᠦ᠂ ᠬᠤᠭᠤᠴᠠᠭ᠎ᠠ ᠰᠤᠯᠢᠬᠤ ᠡᠨᠡᠭᠦ ᠴᠢᠬᠤᠯᠠ ᠶᠡᠭᠡ ᠤᠯᠤᠰ ᠲᠦᠷᠦ ᠶᠢᠨ ᠬᠠᠷᠢᠭᠤᠴᠠᠯᠭ᠎ᠠ ᠶᠢ | ᠦᠨᠡᠨᠭᠦ ᠡᠭᠦᠷᠭᠡᠯᠡᠵᠤ᠂ ᠰᠠᠶᠢᠲᠤᠷ ᠠᠳᠬᠤᠵᠤ᠂ ᠲᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠨᠠᠷᠢᠨ ᠨᠢᠭᠲᠠ | ᠪᠠᠶᠢᠷᠢᠯᠠᠭᠤᠯᠵᠤ᠂ ᠨᠢᠮᠪᠠᠢ ᠲᠦᠯᠦᠪᠵᠢᠭᠦᠯᠦᠨ ᠴᠢᠩᠭ᠎ᠠ ᠨᠡᠶᠢᠳᠡᠪᠦᠷᠢᠵᠢᠭᠤᠯᠵᠤ᠂ ᠤᠳᠤᠷᠢᠳᠤᠯᠭ᠎ᠠ ᠶᠢᠨ | ᠵᠢᠯᠤᠭᠤᠳᠤᠯᠭ᠎ᠠ ᠪᠠᠨ ᠴᠢᠩᠭᠠᠳᠬᠠᠨ᠂ ᠦᠵᠡᠯ ᠰᠨᠠᠨᠭᠠ ᠤᠯᠤᠰ ᠲᠦᠷᠦ ᠶᠢᠨ ᠠᠵᠢᠯ ᠢ ᠬᠦᠨᠵᠡᠭᠡᠢ ᠨᠠᠷᠢᠯᠢᠭ ᠬᠢᠵᠤ᠂ | ᠬᠤᠭᠤᠴᠠᠭ᠎ᠠ ᠰᠤᠯᠢᠬᠤ ᠠᠵᠢᠯ ᠤᠨ ᠠᠯᠬᠤᠮ ᠲᠠᠷᠠᠭ᠎ᠠ ᠲᠠᠢ ᠡᠷᠡᠭᠦᠯ ᠢᠶᠠᠷ ᠯᠠᠪᠳᠠᠭᠤᠨ ᠶᠠᠪᠤᠭᠳᠠᠬᠤ ᠶᠢ ᠪᠠᠳᠤᠯᠠᠵᠤ᠂ | ᠬᠤᠭᠤᠴᠠᠭ᠎ᠠ ᠰᠤᠯᠢᠬᠤ ᠠᠵᠢᠯ ᠢ ᠰᠠᠶᠢᠨ ᠰᠠᠶᠢᠬᠠᠨ ᠤᠯᠤᠰ ᠲᠦᠷᠦ ᠶᠢᠨ ᠠᠮᠢ ᠠᠬᠤᠢ ᠪᠠ ᠵᠠᠰᠠᠭ ᠶᠠᠪᠤᠭᠤᠯᠬᠤ | ᠤᠷᠴᠢᠨ ᠠᠬᠤᠢ ᠶᠢ ᠪᠤᠢ ᠪᠤᠯᠭᠠᠬᠤ ᠨᠢᠭᠡᠨ ᠤᠳᠠᠭᠠᠨ ᠤ ᠠᠮᠢᠳᠤᠯᠢᠭ ᠦᠢᠯᠡᠳᠦᠯᠭᠡ ᠪᠤᠯᠭᠠᠬᠤ ᠬᠡᠷᠡᠭᠳᠡᠢ ᠬᠡᠪᠡ᠃ |