ᠤᠯᠤᠰ ᠪᠠ ᠥᠪᠡᠷᠲᠡᠭᠡᠨ ᠵᠠᠰᠠᠬᠤ ᠣᠷᠣᠨ ᠤ ᠪᠠᠶᠢᠷᠢᠯᠠᠭᠤᠯᠤᠯᠲᠠ ᠶᠣᠰᠣᠭᠠᠷ᠂ ᠡᠨᠡ ᠵᠢᠯ ᠬᠥᠬᠡᠬᠤᠲᠠ | ᠠᠵᠤ ᠠᠬᠤᠶᠢᠯᠠᠯ ᠤᠨ ᠠᠵᠢᠯ ᠠᠴᠠ ᠪᠠᠨ ᠪᠠᠭᠤᠭᠰᠠᠳ ᠤᠨ ᠨᠠᠰᠤᠵᠢᠯ ᠤᠨ ᠦᠨᠳᠦᠰᠦᠨ ᠠᠰᠠᠷᠠᠮᠵᠢ ᠶᠢᠨ ᠮᠥᠩᠭᠦ ᠶᠢ | ᠦᠷᠭᠦᠯᠵᠢᠯᠡᠨ ᠳᠡᠭᠡᠭᠰᠢᠯᠡᠭᠦᠯᠵᠦ᠂ ᠠᠯᠪᠠᠨ ᠪᠠᠢᠭᠤᠯᠭ᠎ᠠ ᠠᠵᠢᠯ ᠦᠢᠯᠡᠰ ᠤᠨ ᠨᠢᠭᠡᠴᠡ ᠶᠢᠨ ᠠᠵᠢᠯ ᠠᠴᠠ ᠪᠠᠨ | ᠪᠠᠭᠤᠭᠰᠠᠳ ᠤᠨ ᠭᠥᠷᠳᠡᠬᠦ ᠬᠠᠷᠠᠭᠠᠯᠵᠠᠯ ᠤᠨ ᠬᠢᠷᠢ ᠬᠡᠮᠵᠢᠶ᠎ᠡ ᠶᠢ ᠲᠣᠬᠢᠷᠠᠭᠤᠯᠵᠤ᠂ ᠰᠠᠭᠤᠭᠠᠯᠢ ᠠᠷᠠᠳ ᠤᠨ ᠡᠮ | ᠡᠮᠨᠡᠯᠭᠡ ᠶᠢᠨ ᠦᠨᠳᠦᠰᠦᠨ ᠳᠠᠭᠠᠳᠬᠠᠯ ᠤᠨ ᠡᠳ᠋ ᠤᠨ ᠵᠠᠰᠠᠭ ᠤᠨ ᠨᠥᠬᠦᠪᠥᠷᠢ ᠶᠢᠨ ᠪᠠᠷᠢᠮᠵᠢᠶ᠎ᠠ ᠶᠢ ᠳᠡᠭᠡᠭᠰᠢᠯᠡᠭᠦᠯᠦᠨ᠎ᠡ᠃ | ︽ᠠᠷᠪᠠ ᠶᠢ ᠪᠦᠷᠢᠨ ᠪᠦᠷᠬᠦᠭᠦᠯᠬᠦ︾ ᠢᠨᠵᠧᠨᠧᠷᠢᠩ ᠤᠨ ᠱᠠᠭᠠᠷᠳᠠᠯᠭ᠎ᠠ ᠶᠣᠰᠣᠭᠠᠷ᠂ ᠡᠨᠡ ᠵᠢᠯ ᠬᠥᠬᠡᠬᠤᠲᠠ ᠶᠢᠨ | ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠨᠠᠰᠤᠵᠢᠯ ᠤᠨ ᠠᠰᠠᠷᠠᠮᠵᠢ ᠶᠢᠨ ᠮᠥᠩᠭᠦ ᠶᠢᠨ | ᠪᠠᠷᠢᠮᠵᠢᠶ᠎ᠠ ᠶᠢ 5 ᠲᠥᠭᠦᠷᠢᠭ ᠳᠡᠭᠡᠭᠰᠢᠯᠡᠭᠦᠯᠪᠡ᠃ ᠡᠭᠦᠨ ᠤ ᠬᠠᠮᠲᠤ ᠬᠥᠮᠦᠨ ᠪᠦᠷᠢ ᠶᠢᠨ ᠳᠤᠮᠳᠠᠴᠢ ᠪᠡᠯᠡ | ᠴᠤᠭᠯᠠᠭᠤᠯᠬᠤ ᠬᠢᠷᠢ ᠬᠡᠮᠵᠢᠶ᠎ᠡ ᠪᠠ ᠵᠠᠷᠤᠳᠠᠯ ᠥᠭᠬᠦ ᠬᠠᠷᠢᠴᠠᠯ ᠢ ᠵᠣᠬᠢᠰᠲᠠᠶ ᠪᠠᠷ ᠳᠡᠭᠡᠭᠰᠢᠯᠡᠭᠦᠯᠵᠦ᠂ ᠡᠮ | ᠡᠮᠨᠡᠯᠭᠡ ᠶᠢᠨ ᠠᠪᠤᠷᠠᠨ ᠲᠤᠰᠠᠯᠠᠬᠤ ᠵᠡᠷᠭᠡ ᠲᠥᠷᠢᠮ ᠤᠨ ᠵᠣᠯᠭᠠᠭᠤᠯᠬᠤ᠂ ᠬᠦᠨᠳᠦ ᠣᠨᠴᠠ ᠶᠡᠭᠡ ᠡᠪᠡᠳᠴᠢᠲᠡᠨ | ᠪᠣᠯᠤᠨ ᠬᠦᠴᠢᠷᠳᠡᠯᠲᠡᠶ ᠤᠯᠠᠨ ᠲᠦᠮᠡᠨ ᠲᠡᠰᠢ ᠬᠡᠯᠪᠡᠶᠢᠯᠭᠡᠬᠦ ᠶᠢ ᠴᠢᠩᠭᠠᠳᠬᠠᠵᠤ᠂ ᠳᠠᠩᠰᠠ ᠲᠠᠶᠢᠯᠬᠤ ᠬᠠᠷᠢᠴᠠᠯ ᠢ | 50% ᠠᠴᠠ ᠳᠡᠭᠡᠭᠰᠢ ᠪᠣᠯᠭᠠᠬᠤ ᠶᠢ ᠦᠨᠡᠨ ᠬᠦ ᠪᠠᠲᠤᠯᠠᠨ᠎ᠠ᠃ ᠡᠭᠦᠨ ᠠᠴᠠ ᠭᠠᠳᠠᠨ᠎ᠠ᠂ ᠡᠨᠡ ᠵᠢᠯ ᠬᠥᠬᠡᠬᠤᠲᠠ | ᠡᠮᠬᠢᠯᠡᠨ ᠨᠡᠶᠢᠯᠡᠭᠦᠯᠦᠭᠰᠡᠨ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠦᠨᠳᠦᠰᠦᠨ | ᠳᠠᠭᠠᠳᠬᠠᠯ ᠤᠨ ᠲᠦᠷᠢᠮ ᠤᠨ ᠱᠠᠭᠠᠷᠳᠠᠯᠭ᠎ᠠ ᠶᠣᠰᠣᠭᠠᠷ᠂ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠡᠮ | ᠡᠮᠨᠡᠯᠭᠡ ᠶᠢᠨ ᠳᠠᠭᠠᠳᠬᠠᠯ ᠤᠨ ᠳᠦᠷᠢᠮ ᠢ ᠢᠳᠡᠪᠬᠢᠲᠡᠶ ᠲᠦᠯᠬᠢᠨ ᠠᠬᠢᠭᠤᠯᠵᠤ᠂ ᠤᠷᠤᠭᠰᠢᠲᠠᠶ ᠵᠣᠯᠭᠠᠭᠤᠯᠬᠤ ᠶᠢ | ᠪᠡᠶᠡᠯᠡᠭᠦᠯᠬᠦ ᠶᠢᠨ ᠬᠠᠮᠲᠤ ᠨᠡᠶᠢᠭᠡᠮ ᠤᠨ ᠳᠠᠭᠠᠳᠬᠠᠯ ᠤᠨ ᠬᠠᠮᠤᠷᠬᠤ ᠬᠡᠪᠴᠢᠶ᠎ᠡ ᠶᠢ ᠥᠷᠭᠡᠳᠬᠡᠵᠦ᠂ ᠪᠠᠶᠢᠭᠤᠯᠭ᠎ᠠ | ᠠᠵᠢᠯ ᠦᠢᠯᠡᠰ ᠤᠨ ᠨᠢᠭᠡᠴᠡ ᠶᠢᠨ ᠨᠠᠰᠤᠵᠢᠯ ᠤᠨ ᠠᠰᠠᠷᠠᠮᠵᠢ ᠶᠢᠨ ᠳᠠᠭᠠᠳᠬᠠᠯ ᠤᠨ ᠳᠦᠷᠢᠮ ᠤᠨ | ᠥᠭᠡᠷᠡᠴᠢᠯᠡᠯᠲᠡ ᠶᠢᠨ ᠬᠡᠷᠡᠭᠵᠢᠭᠦᠯᠬᠦ ᠠᠵᠢᠯ ᠢ ᠲᠦᠷᠭᠡᠳᠬᠡᠵᠦ᠂ ᠡᠯ᠎ᠡ ᠵᠦᠢᠯ ᠤᠨ ᠵᠥᠷᠢᠴᠡᠯ ᠠᠰᠠᠭᠤᠳᠠᠯ ᠢ ᠲᠣᠬᠢᠲᠠᠶ | ᠰᠢᠢᠳᠪᠦᠷᠢᠯᠡᠵᠦ᠂ ᠠᠷᠠᠳ ᠨᠡᠶᠢᠲᠡ ᠪᠠᠷ ᠢᠶᠠᠨ ᠳᠠᠭᠠᠳᠬᠠᠯ ᠳᠤ ᠣᠷᠣᠯᠴᠠᠬᠤ ᠲᠥᠯᠥᠪᠯᠡᠭᠡ ᠶᠢ ᠲᠥᠯᠬᠢᠨ ᠠᠬᠢᠭᠤᠯᠵᠤ᠂ | ᠨᠡᠶᠢᠭᠡᠮ ᠤᠨ ᠳᠠᠭᠠᠳᠬᠠᠯ ᠢ ᠰᠢᠯᠵᠢᠭᠦᠯᠦᠨ ᠦᠷᠭᠦᠯᠵᠢᠯᠡᠭᠦᠯᠬᠦ ᠲᠥᠷᠥ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠤ᠂ | ᠠᠵᠢᠯ ᠣᠯᠬᠤ ᠬᠥᠮᠦᠰ ᠢ ᠠᠮᠢᠳᠤᠯᠢᠭᠵᠢᠭᠤᠯᠵᠤ᠂ ᠬᠤᠳᠠ ᠳᠤ ᠣᠷᠣᠵᠤ ᠠᠵᠢᠯ ᠣᠯᠣᠭᠰᠠᠨ ᠲᠠᠷᠢᠶᠠᠴᠢᠨ ᠮᠠᠯᠴᠢᠳ | ᠢᠶᠠᠷ ᠭᠤᠣᠯᠳᠠᠯᠭ᠎ᠠ ᠪᠣᠯᠭᠠᠨ᠂ ᠨᠡᠩ ᠣᠯᠠᠨ ᠣᠷᠣᠯᠭ᠎ᠠ ᠪᠠᠭᠠᠲᠠᠶ ᠬᠥᠮᠦᠰ ᠢ ᠳᠠᠭᠠᠳᠬᠠᠯ ᠤᠨ ᠬᠡᠪᠴᠢᠶᠡᠨ ᠳᠤ | ᠣᠷᠣᠭᠤᠯᠤᠨ᠎ᠠ᠃ |