ᠳᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠶ ᠺᠣᠮᠫᠠᠨᠢ ᠠᠴᠠ ᠣᠶᠢᠯᠠᠭᠠᠵᠤ ᠮᠡᠳᠡᠭᠰᠡᠨ ᠨᠢ᠂ 15 ᠤ | ᠡᠳᠦᠷ ᠤᠨ ᠲᠡᠭ ᠴᠠᠭ ᠠᠴᠠ ᠡᠬᠢᠯᠡᠨ᠂ ᠪᠦᠬᠦ ᠤᠯᠤᠰ ᠤᠨ ᠲᠡᠮᠦᠷ ᠵᠠᠮ ᠰᠢᠨ᠎ᠡ ᠡᠭᠡᠯᠵᠢ ᠶᠢᠨ ᠠᠶᠠᠯᠠᠯ ᠤᠨ ᠵᠢᠷᠤᠭ ᠢ | ᠬᠡᠷᠡᠭᠵᠢᠬᠦᠯᠬᠦ ᠪᠤᠯᠤᠨ᠎ᠠ᠃ ᠡᠨᠡ ᠨᠢ ᠤᠶᠢᠷ᠎ᠠ ᠶᠢᠨ 10 ᠵᠢᠯ ᠤᠨ ᠲᠤᠷᠰᠢ ᠲᠡᠮᠦᠷ ᠵᠠᠮ ᠤᠨ ᠬᠡᠷᠡᠭᠵᠢᠬᠦᠯᠦᠭᠰᠡᠨ | ᠬᠠᠮᠤᠭ ᠤᠨ ᠶᠡᠭᠡ ᠬᠡᠪᠴᠢᠶ᠎ᠡ ᠲᠠᠢ ᠭᠠᠯᠲᠤ ᠲᠡᠷᠭᠡᠨ ᠤ ᠠᠶᠠᠯᠠᠯ ᠤᠨ ᠲᠤᠬᠢᠷᠠᠭᠤᠯᠤᠯᠲᠠ ᠪᠤᠯᠤᠨ᠎ᠠ᠂ ᠪᠠᠰᠠ ᠴᠤ ᠲᠡᠮᠦᠷ | ᠵᠠᠮ ᠤᠨ ᠲᠡᠭᠡᠭᠡᠪᠦᠷᠢ ᠶᠢᠨ ᠴᠢᠳᠠᠪᠤᠷᠢ ᠤᠨ ᠨᠡᠮᠡᠭᠳᠡᠯ ᠢᠶᠠᠷ ᠬᠠᠮᠤᠭ ᠤᠨ ᠶᠡᠭᠡ ᠨᠢᠭᠡ ᠤᠳᠠᠭᠠᠨ ᠤ ᠲᠤᠬᠢᠷᠠᠭᠤᠯᠤᠯᠲᠠ | ᠪᠤᠯᠤᠨ᠎ᠠ᠃ | ᠲᠡᠮᠦᠷ ᠵᠠᠮ ᠤᠨ ᠭᠠᠯᠲᠤ ᠲᠡᠷᠭᠡᠨ ᠤ ᠠᠶᠠᠯᠠᠯ ᠤᠨ ᠵᠢᠷᠤᠭ ᠢ ᠲᠤᠬᠢᠷᠠᠭᠤᠯᠤᠭᠰᠠᠨ ᠤ ᠲᠠᠷᠠᠭ᠎ᠠ ᠬᠥᠬᠡᠬᠤᠲᠠ | ᠪᠠᠷ ᠦᠡᠭᠭᠡᠷᠡᠬᠦ ᠬᠡᠰᠡᠭ ᠭᠠᠯᠲᠤ ᠲᠡᠷᠭᠡᠨ ᠤ ᠠᠶᠠᠯᠠᠯ ᠳᠤ ᠳᠣᠣᠷᠠᠬᠢ ᠮᠡᠲᠦ ᠬᠤᠪᠢᠷᠠᠯᠲᠠ ᠭᠠᠷᠪᠠ᠄ | 2 ᠵᠤᠭᠰᠤᠬᠤ ᠦᠷᠲᠡᠭᠡ ᠶᠢᠨ ᠬᠤᠪᠢᠷᠠᠯᠲᠠ ᠭᠠᠷᠪᠠ᠃ ᠬᠥᠬᠡᠬᠤᠲᠠ ᠶᠢᠨ ᠵᠡᠭᠦᠨ ᠦᠷᠲᠡᠭᠡ ᠠᠴᠠ ᠱᠠᠩᠬᠠᠶ | ᠦᠷᠲᠡᠭᠡ ᠳᠤ ᠬᠦᠷᠬᠦ Z267 / 70 / 67 ᠡᠬᠡᠯᠵᠢ ᠶᠢᠨ ᠰᠢᠭᠤᠳ ᠬᠦᠷᠬᠦ ᠣᠨᠴᠠ ᠬᠤᠷᠳᠤᠨ ᠠᠶᠠᠨᠴᠢᠳ ᠤᠨ | ᠴᠤᠪᠤᠭ᠎ᠠ ᠲᠡᠷᠭᠡ ᠨᠢ ᠣᠷᠳᠣᠰ ᠦᠷᠲᠡᠭᠡ᠂ ᠶᠠᠨᠵᠸᠤ ᠦᠷᠲᠡᠭᠡ ᠳᠤ ᠰᠢᠨ᠎ᠡ ᠪᠠᠷ ᠵᠤᠭᠰᠤᠬᠤ ᠪᠤᠯᠵᠤ᠂ | ᠶᠠᠩᠴᠢᠤᠸᠠᠨ ᠤ ᠬᠤᠶᠢᠲᠤ ᠦᠷᠲᠡᠭᠡ᠂ ᠳ᠋ᠧᠵᠸᠤ ᠦᠷᠲᠡᠭᠡ᠂ ᠵᠧᠨᠵᠢᠶᠠᠩ ᠦᠷᠲᠡᠭᠡ ᠳᠤ ᠵᠤᠭᠰᠤᠬᠤ ᠪᠠᠨ ᠪᠤᠯᠢᠪᠡ︔ | ᠱᠠᠩᠬᠠᠶ ᠦᠷᠲᠡᠭᠡ ᠠᠴᠠ ᠬᠥᠬᠡᠬᠤᠲᠠ ᠶᠢᠨ ᠵᠡᠭᠦᠨ ᠦᠷᠲᠡᠭᠡ ᠬᠦᠷᠬᠦ Z268/9/8 ᠡᠭᠡᠯᠵᠢ ᠶᠢᠨ ᠰᠢᠭᠤᠳ ᠬᠦᠷᠬᠦ | ᠣᠨᠴᠠ ᠬᠤᠷᠳᠤᠨ ᠠᠶᠠᠨᠴᠢᠳ ᠤᠨ ᠴᠤᠪᠤᠭ᠎ᠠ ᠲᠡᠷᠭᠡ ᠨᠢ ᠶᠠᠨᠵᠸᠤ ᠦᠷᠲᠡᠭᠡ᠂ ᠶᠠᠩᠴᠢᠤᠸᠠᠨ ᠤ ᠬᠤᠶᠢᠲᠤ | ᠦᠷᠲᠡᠭᠡ᠂ ᠣᠷᠳᠣᠰ ᠦᠷᠲᠡᠭᠡ ᠳᠤ ᠰᠢᠨ᠎ᠡ ᠪᠠᠷ ᠵᠤᠭᠰᠤᠬᠤ ᠪᠤᠯᠪᠠ᠃ ᠪᠤᠭᠤᠲᠤ ᠦᠷᠲᠡᠭᠡ ᠠᠴᠠ ᠨᠠᠨᠨᠢᠩ | ᠦᠷᠲᠡᠭᠡ ᠬᠦᠷᠬᠦ Z338/5 ᠡᠭᠡᠯᠵᠢ ᠶᠢᠨ ᠰᠢᠭᠤᠳ ᠬᠦᠷᠬᠦ ᠣᠨᠴᠠ ᠬᠤᠷᠳᠤᠨ ᠠᠶᠠᠨᠴᠢᠳ ᠤᠨ ᠴᠤᠪᠤᠭ᠎ᠠ ᠲᠡᠷᠭᠡ | ᠨᠢ ᠳ᠋ᠢᠩᠵᠸᠤ ᠦᠷᠲᠡᠭᠡ ᠳᠤ ᠵᠤᠭᠰᠤᠬᠤ ᠪᠠᠨ ᠪᠤᠯᠢᠪᠠ︔ ᠨᠠᠨᠨᠢᠩ ᠦᠷᠲᠡᠭᠡ ᠠᠴᠠ ᠪᠤᠭᠤᠲᠤ ᠦᠷᠲᠡᠭᠡ ᠬᠦᠷᠬᠦ | Z336/7 ᠡᠭᠡᠯᠵᠢ ᠶᠢᠨ ᠰᠢᠭᠤᠳ ᠬᠦᠷᠬᠦ ᠣᠨᠴᠠ ᠬᠤᠷᠳᠤᠨ ᠠᠶᠠᠨᠴᠢᠳ ᠤᠨ ᠴᠤᠪᠤᠭ᠎ᠠ ᠲᠡᠷᠭᠡ ᠰᠢᠩ ᠲᠠᠢ | ᠦᠷᠲᠡᠭᠡ ᠳᠤ ᠵᠤᠭᠰᠤᠬᠤ ᠪᠤᠯᠵᠤ᠂ ᠳ᠋ᠢᠩᠵᠸᠤ ᠦᠷᠲᠡᠭᠡ ᠳᠤ ᠵᠤᠭᠰᠬᠤ ᠪᠠᠨ ᠪᠤᠯᠢᠪᠠ᠃ | 3 ᠴᠤᠪᠤᠭ᠎ᠠ ᠲᠡᠷᠭᠡᠨ ᠤ ᠠᠶᠠᠯᠠᠯ ᠤᠨ ᠴᠠᠭ ᠢ ᠰᠢᠯᠢᠳᠡᠭᠵᠢᠬᠦᠯᠪᠡ᠃ ᠨᠠᠨᠨᠢᠩ ᠦᠷᠲᠡᠭᠡ ᠠᠴᠠ ᠪᠤᠭᠤᠲᠤ | ᠦᠷᠲᠡᠭᠡ ᠬᠦᠷᠬᠦ Z336/7 ᠡᠭᠡᠯᠵᠢ ᠶᠢᠨ ᠰᠢᠭᠤᠳ ᠬᠦᠷᠬᠦ ᠣᠨᠴᠠ ᠬᠤᠷᠳᠤᠨ ᠠᠶᠠᠨᠴᠢᠳ ᠤᠨ ᠴᠤᠪᠤᠭ᠎ᠠ ᠲᠡᠷᠭᠡ | ᠨᠢ ᠨᠠᠨᠨᠢᠩ ᠦᠷᠲᠡᠭᠡ ᠠᠴᠠ 9 ᠴᠠᠭ ᠤᠨ 35 ᠮᠢᠨᠦ᠋ᠲ ︵ᠤᠤᠯ ᠳᠤ ᠪᠠᠨ 8 ᠴᠠᠭ ᠤᠨ 05 ᠮᠢᠨᠦ᠋ᠲ︶ ᠲᠤ | ᠬᠦᠳᠡᠯᠵᠤ᠂ ᠪᠤᠭᠤᠲᠤ ᠦᠷᠲᠡᠭᠡ ᠳᠤ 20 ᠴᠠᠭ ︵ᠤᠤᠯ ᠳᠤ ᠪᠠᠨ 19 ᠴᠠᠭ ᠤᠨ 58 ᠮᠢᠨᠦ᠋ᠲ︶ ᠲᠤ ᠬᠦᠷᠬᠦ | ᠪᠤᠯᠵᠤ᠂ ᠠᠶᠠᠯᠠᠯ ᠤᠨ ᠴᠠᠭ ᠨᠢ 34 ᠴᠠᠭ 25 ᠮᠢᠨᠦ᠋ᠲ ᠪᠤᠯᠵᠤ᠂ ᠪᠦᠬᠦ ᠠᠶᠠᠯᠠᠯ ᠢ 1 ᠴᠠᠭ 28 ᠮᠢᠨᠦ᠋ᠲ | ᠪᠤᠭᠤᠨᠢᠰᠬᠠᠪᠠ᠃ ᠬᠥᠬᠡᠬᠤᠲᠠ ᠶᠢᠨ ᠵᠡᠭᠦᠨ ᠦᠷᠲᠡᠭᠡ ᠠᠴᠠ ᠱᠠᠩᠬᠠᠶ ᠦᠷᠲᠡᠭᠡ ᠬᠦᠷᠬᠦ Z267/70/67 | ᠡᠭᠡᠯᠵᠢ ᠶᠢᠨ ᠰᠢᠭᠤᠳ ᠬᠦᠷᠬᠦ ᠣᠨᠴᠠ ᠬᠤᠷᠳᠤᠨ ᠠᠶᠠᠨᠴᠢᠳ ᠤᠨ ᠴᠤᠪᠤᠭ᠎ᠠ ᠲᠡᠷᠭᠡ ᠨᠢ ᠱᠠᠩᠬᠠᠶ ᠥᠷᠲᠡᠭᠡ ᠳᠤ | 12 ᠴᠠᠭ ᠤᠨ 03 ᠮᠢᠨᠦ᠋ᠲ ︵ᠤᠤᠯ ᠳᠤ ᠪᠠᠨ 13 ᠴᠠᠭ ᠤᠨ 15 ᠮᠢᠨᠦ᠋ᠲ︶ ᠲᠤ ᠬᠦᠷᠴᠦ᠂ ᠪᠦᠬᠦ | ᠠᠶᠠᠯᠠᠯ ᠳᠤ 25 ᠴᠠᠭ 52 ᠮᠢᠨᠦ᠋ᠲ ᠬᠡᠷᠡᠭᠰᠡᠵᠤ᠂ 1 ᠴᠠᠭ 12 ᠮᠢᠨᠦ᠋ᠲ ᠪᠤᠭᠤᠨᠢᠰᠬᠠᠪᠠ᠃ ᠰᠢᠯᠢ ᠶᠢᠨ ᠬᠤᠲᠠ | ᠦᠷᠲᠡᠭᠡ ᠠᠴᠠ ᠲᠦᠩᠯᠢᠶᠣᠤ ᠦᠷᠲᠡᠭᠡ ᠬᠦᠷᠬᠦ 6036/7/6 ᠡᠭᠡᠯᠵᠢ ᠶᠢᠨ ᠠᠶᠠᠨᠴᠢᠳ ᠤᠨ ᠭᠠᠯᠲᠤ ᠲᠡᠷᠭᠡ ᠨᠢ | ᠰᠢᠯᠢ ᠶᠢᠨ ᠬᠤᠲᠠ ᠦᠷᠲᠡᠭᠡ ᠲᠡᠷᠭᠡ ᠠᠴᠠ 19 ᠴᠠᠭ ᠤᠨ 15 ᠮᠢᠨᠦ᠋ᠲ ︵ᠤᠤᠯ ᠳᠤ ᠪᠠᠨ18 ᠴᠠᠭ ᠤᠨ 18 | ᠮᠢᠨᠦ᠋ᠲ︶ ᠲᠤ ᠬᠦᠳᠡᠯᠵᠤ᠂ ᠲᠦᠩᠯᠢᠶᠣᠤ ᠦᠷᠲᠡᠭᠡ ᠳᠤ 7 ᠴᠠᠭ ᠤᠨ 20 ᠮᠢᠨᠦ᠋ᠲ ᠲᠤ ᠬᠦᠷᠴᠦ᠂ ᠪᠦᠬᠦ | ᠠᠶᠠᠯᠠᠯ ᠳᠤ 12 ᠴᠠᠭ 05 ᠮᠢᠨᠦ᠋ᠲ ᠬᠡᠷᠡᠭᠰᠡᠵᠤ᠂ 55 ᠮᠢᠨᠦ᠋ᠲ ᠪᠤᠭᠤᠨᠢᠰᠬᠠᠪᠠ᠃ | 1 ᠬᠤᠣᠰ ᠴᠤᠪᠤᠭ᠎ᠠ ᠲᠡᠷᠭᠡᠨ ᠤ ᠦᠷᠲᠡᠭᠡᠨ ᠳᠤ ᠵᠤᠭᠰᠤᠬᠤ ᠴᠠᠭ ᠢ ᠰᠢᠯᠢᠳᠡᠭᠵᠢᠬᠦᠯᠪᠡ᠃ ᠪᠤᠭᠤᠲᠤ | ᠦᠷᠲᠡᠭᠡ ᠠᠴᠠ ᠨᠠᠨᠨᠢᠩ ᠦᠷᠲᠡᠭᠡ ᠬᠦᠷᠬᠦ Z338/5᠂ Z336/7 ᠡᠭᠡᠯᠵᠢ ᠶᠢᠨ ᠰᠢᠭᠤᠳ ᠬᠦᠷᠬᠦ ᠣᠨᠴᠠ | ᠬᠤᠷᠳᠤᠨ ᠠᠶᠠᠨᠴᠢᠳ ᠤᠨ ᠴᠤᠪᠤᠭ᠎ᠠ ᠲᠡᠷᠭᠡ ᠨᠢ ᠱᠢ ᠵᠢᠶᠠ ᠵᠤᠸᠠᠩ ᠥᠷᠲᠡᠭᠡ ᠳᠤ 17 ᠮᠢᠨᠦ᠋ᠲ ᠵᠤᠭᠰᠤᠵᠤ | ᠪᠠᠶᠢᠭᠰᠠᠨ ᠳᠡᠭᠡᠷ᠎ᠡ 14 ᠮᠢᠨᠦ᠋ᠲ ᠨᠡᠮᠡᠪᠡ᠃ ᠨᠠᠨᠨᠢᠩ ᠦᠷᠲᠡᠭᠡ ᠠᠴᠠ ᠪᠤᠭᠤᠲᠤ ᠦᠷᠲᠡᠭᠡ ᠬᠦᠷᠬᠦ Z336/7 | ᠡᠭᠡᠯᠵᠢ ᠶᠢᠨ ᠰᠢᠭᠤᠳ ᠬᠦᠷᠬᠦ ᠣᠨᠴᠠ ᠬᠤᠷᠳᠤᠨ ᠠᠶᠠᠨᠴᠢᠳ ᠤᠨ ᠴᠤᠪᠤᠭ᠎ᠠ ᠲᠡᠷᠭᠡ ᠨᠢ ᠱᠢ ᠵᠢᠶᠠ ᠵᠤᠸᠠᠩ | ᠦᠷᠲᠡᠭᠡ ᠳᠤ 6 ᠮᠢᠨᠦ᠋ᠲ ᠵᠤᠭᠰᠤᠨ᠎ᠠ᠃ | ᠲᠡᠮᠦᠷ ᠵᠠᠮ ᠤᠨ ᠰᠠᠯᠠᠭ᠎ᠠ ᠮᠥᠴᠢᠷ ᠠᠴᠠ ᠥᠷᠭᠡᠨ ᠣᠯᠠᠨ ᠠᠶᠠᠨᠴᠢᠳ ᠲᠤ ᠰᠠᠨᠠᠭᠤᠯᠤᠭᠰᠠᠨ ᠢᠶᠠᠷ ᠪᠤᠯ᠂ | ᠪᠦᠬᠦ ᠤᠯᠤᠰ ᠤᠨ ᠭᠤᠣᠯ ᠱᠤᠭᠤᠮ ᠤᠨ ᠠᠶᠠᠨᠴᠢᠳ ᠤᠨ ᠭᠠᠯᠲᠤ ᠲᠡᠷᠭᠡᠨ ᠤ ᠪᠢᠯᠧᠲ ᠢ ᠢᠨᠲ᠋ᠧᠷ ᠰᠦᠯᠵᠢᠶ᠎ᠡ᠂ | ᠳ᠋ᠢᠶᠠᠩᠬᠤᠸᠠ ᠪᠠᠷ ᠵᠠᠬᠢᠶᠠᠯᠠᠬᠤ ᠤᠷᠢᠳᠴᠢᠯᠠᠨ ᠬᠤᠳᠠᠯᠳᠤᠬᠤ ᠬᠤᠭᠤᠴᠠᠭ᠎ᠠ ᠶᠢ 4 ᠳ᠋ᠤᠭᠡᠷ ᠰᠠᠷ᠎ᠠ ᠶᠢᠨ 20 ᠤ | ᠡᠳᠦᠷ ᠠᠴᠠ ᠡᠬᠢᠯᠡᠨ 60 ᠡᠳᠦᠷ ᠪᠤᠯᠭᠠᠨ ᠰᠡᠷᠭᠦᠭᠡᠪᠡ᠂ ᠭᠠᠯᠲᠤ ᠲᠡᠷᠭᠡᠨ ᠤ ᠠᠶᠠᠯᠠᠬᠤ ᠴᠠᠭ ᠪᠤᠯᠤᠨ ᠴᠠᠭ ᠤᠨ | ᠬᠦᠰᠦᠨᠦᠭᠲᠦ ᠶᠢ ᠨᠠᠷᠢᠨ ᠤᠨᠤᠪᠴᠢᠲᠠᠢ ᠡᠵᠡᠮᠰᠢᠶ᠎ᠡ ᠬᠡᠪᠡᠯ ᠳᠤᠮᠳᠠᠳᠤ ᠤᠯᠤᠰ ᠤᠨ ᠲᠡᠮᠦᠷ ᠵᠠᠮ ᠤᠨ ᠠᠶᠠᠨᠴᠢᠳ ᠤᠨ | ᠦᠢᠯᠡᠴᠢᠯᠡᠭᠡᠨ ᠤ ᠲᠥᠪ 12306 ᠰᠦᠯᠵᠢᠶ᠎ᠡ ᠵᠢᠴᠢ ᠲᠡᠮᠦᠷ ᠵᠠᠮ ᠤᠨ ᠰᠠᠯᠠᠭ᠎ᠠ ᠮᠥᠴᠢᠷ ᠠᠴᠠ ᠨᠡᠪᠲᠡᠷᠡᠭᠦᠯᠦᠭᠰᠡᠨ | ᠠᠯᠪᠠᠨ ᠤ ᠪᠢᠴᠢᠯ ᠪᠯᠤᠭ᠂ ᠸᠢᠴᠠᠲ ᠠᠴᠠ ᠯᠠᠪᠯᠠᠬᠤ ᠪᠤᠶᠤ ᠭᠠᠯᠲᠤ ᠲᠡᠷᠭᠡᠨ ᠦᠷᠲᠡᠭᠡᠨ ᠤ ᠨᠡᠶᠢᠲᠡᠯᠡᠭᠰᠡᠨ ᠠᠯᠪᠠᠨ | ᠵᠠᠷ ᠢ ᠠᠩᠬᠠᠷᠴᠤ᠂ ᠠᠶᠠᠯᠠᠯ ᠢᠶᠠᠨ ᠲᠤᠬᠢᠲᠠᠢ ᠲᠤᠬᠢᠷᠠᠭᠤᠯᠤᠭᠠᠷᠠᠢ᠃ |