2016 ᠣᠨ ᠤ ᠥᠪᠥᠷ ᠮᠣᠩᠭᠤᠯ ᠤᠨ ᠣᠷᠣᠨ ᠤ ᠳᠤᠲᠤᠷᠠᠬᠢ ᠰᠤᠳᠤᠯᠬᠤ ᠰᠤᠷᠤᠭᠴᠢ ᠡᠯᠰᠡᠬᠦ ᠨᠢᠭᠡᠴᠡ ᠡᠯᠰᠡᠬᠦ ᠪᠠᠷ ᠲᠥᠯᠥᠪᠯᠡᠵᠦ ᠪᠠᠶᠢᠭ᠎ᠠ ᠰᠤᠷᠤᠭᠴᠢᠳ ᠤᠨ ᠨᠡᠷᠡᠰ ᠢ ᠨᠢᠭᠡᠨᠲᠡ ᠨᠡᠶᠢᠲᠡᠯᠡᠪᠡ
ᠨᠡᠶᠢᠲᠡᠯᠡᠭᠰᠡᠨ ᠴᠠᠭ᠄
2016/5/6
     2016 ᠣᠨ ᠤ ᠰᠤᠳᠤᠯᠬᠤ ᠰᠤᠷᠤᠭᠴᠢ ᠡᠯᠰᠡᠬᠦ ᠨᠢᠭᠡᠴᠡ ᠶᠢᠨ ᠬᠤᠶᠠᠳᠠᠬᠢ ᠰᠢᠯᠭᠠᠯᠲᠠ ᠶᠢᠨ ᠠᠵᠢᠯ ᠨᠢᠭᠡᠨᠲᠡ ᠰᠢᠪᠲᠤᠷᠭᠠᠨ ᠳᠠᠭᠠᠨ ᠤᠷᠤᠭᠰᠠᠨ ᠪᠠᠶᠢᠨ᠎ᠠ᠂ ᠮᠡᠳᠡᠭᠡ ᠵᠠᠩᠭᠢ ᠶᠢ ᠢᠯᠡ ᠪᠣᠯᠭᠠᠬᠤ ᠶᠢ ᠤᠯᠠᠮ ᠨᠢᠭᠡ ᠠᠯᠬᠤᠮ ᠲᠦᠯᠬᠢᠨ ᠠᠬᠢᠭᠤᠯᠵᠤ᠂ ᠬᠤᠶᠠᠳᠠᠬᠢ ᠰᠢᠯᠭᠠᠯᠲᠠ᠂ ᠡᠯᠰᠡᠬᠦ ᠠᠵᠢᠯ ᠢ ᠰᠢᠨᠵᠢᠯᠡᠬᠦ ᠤᠬᠠᠭᠠᠨᠴᠢ ᠲᠥᠪ ᠭᠤᠣᠯᠴᠢ᠂ ᠵᠢᠷᠤᠮᠵᠢᠭᠤᠨ ᠪᠥᠭᠡᠳ ᠢᠯᠡ ᠲᠣᠳᠣ ᠪᠠᠶᠢᠬᠤ ᠶᠢ ᠦᠨᠡᠨ ᠬᠦ ᠪᠠᠲᠤᠯᠠᠬᠤ ᠶᠢᠨ ᠲᠤᠯᠠᠳᠠ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠰᠤᠷᠤᠭᠴᠢ ᠡᠯᠰᠡᠬᠦ ᠰᠢᠯᠭᠠᠯᠲᠠ ᠶᠢᠨ ᠲᠥᠪ ᠠᠴᠠ 5 ᠳ᠋ᠤᠭᠠᠷ ᠰᠠᠷ᠎ᠠ ᠶᠢᠨ 4᠎ ᠤ ᠡᠳᠦᠷ ᠣᠷᠣᠨ ᠤ ᠳᠣᠲᠣᠷᠠᠬᠢ ᠰᠤᠳᠤᠯᠬᠤ ᠰᠤᠷᠤᠭᠴᠢ ᠡᠯᠰᠡᠬᠦ ᠨᠢᠭᠡᠴᠡ ᠶᠢᠨ ᠬᠤᠶᠠᠳᠠᠬᠢ ᠰᠢᠯᠭᠠᠯᠲᠠ ᠶᠢᠨ ᠪᠠᠶᠢᠳᠠᠯ ᠢ ᠨᠡᠶᠢᠭᠡᠮ ᠳᠤ ᠨᠡᠶᠢᠲᠡᠯᠡᠵᠦ᠂ ᠨᠢᠭᠡᠳᠦᠭᠡᠷ ᠡᠷᠡᠮᠡᠯᠵᠡᠯ ᠢᠶᠠᠷ ᠰᠢᠯᠭᠠᠭᠤᠯᠤᠭᠰᠠᠳ ᠤᠨ ᠬᠤᠶᠠᠳᠠᠬᠢ ᠰᠢᠯᠭᠠᠯᠲᠠ ᠶᠢᠨ ᠪᠠᠶᠢᠳᠠᠯ᠂ ᠲᠤᠬᠢᠷᠠᠭᠤᠯᠤᠭᠰᠠᠨ ᠰᠢᠯᠭᠠᠭᠤᠯᠤᠭᠰᠠᠳ ᠤᠨ ᠬᠤᠶᠠᠳᠠᠬᠢ ᠰᠢᠯᠭᠠᠯᠲᠠ ᠶᠢᠨ ᠪᠠᠶᠢᠳᠠᠯ ᠵᠢᠴᠢ ᠡᠯᠰᠡᠬᠦ ᠪᠠᠷ ᠲᠦᠯᠦᠪᠯᠡᠵᠤ ᠪᠠᠶᠢᠭ᠎ᠠ ᠰᠢᠯᠭᠠᠭᠤᠯᠤᠭᠰᠠᠳ ᠤᠨ ᠨᠡᠷᠡᠰ ᠢ ᠪᠠᠭᠲᠠᠭᠠᠭᠰᠠᠨ ᠠᠭᠤᠯᠭ᠎ᠠ ᠶᠢ ᠨᠡᠶᠢᠲᠡᠯᠡᠭᠰᠡᠨ ᠪᠠᠶᠢᠨ᠎ᠠ᠃      ᠪᠠᠶᠢᠴᠠᠭᠠᠨ ᠯᠠᠪᠯᠠᠬᠤ ᠴᠢᠬᠤᠯᠠᠲᠠᠶ ᠰᠢᠯᠭᠠᠭᠤᠯᠤᠭᠰᠠᠳ ︽ᠥᠪᠥᠷ ᠮᠣᠩᠭᠤᠯ ᠤᠨ ᠰᠤᠷᠤᠭᠴᠢ ᠡᠯᠰᠡᠬᠦ ᠰᠢᠯᠭᠠᠯᠲᠠ︾᠎ ᠶᠢᠨ ᠸᠢᠴᠠᠲ ᠤᠨ ᠣᠯᠠᠨ ᠨᠡᠶᠢᠲᠡ ᠶᠢᠨ ᠲᠠᠪᠴᠠᠩ ︵ᠸᠢᠴᠠᠲ᠄ nmgzskszwx︶᠎ ᠢ ᠠᠩᠬᠠᠷᠴᠤ᠂ ᠣᠯᠠᠨ ᠨᠡᠶᠢᠲᠡ ᠶᠢᠨ ᠲᠠᠪᠴᠠᠩ ᠳᠤ ᠤᠷᠤᠭᠰᠠᠨ ᠤ ᠳᠠᠷᠠᠭ᠎ᠠ ᠪᠠᠷᠠᠭᠤᠨ ᠲᠠᠯ᠎ᠠ ᠶᠢᠨ ᠳᠣᠣᠷ᠎ᠠ ᠥᠨᠴᠥᠭ ᠤᠨ ︽ᠬᠢᠷᠢ ᠪᠦᠲᠦᠮᠵᠢ ᠶᠢᠨ ᠯᠠᠪᠯᠠᠯᠭ᠎ᠠ︾ ᠭᠡᠰᠡᠨ ᠢ ᠳᠠᠷᠤᠵᠤ᠂ ︽ᠰᠤᠳᠤᠯᠬᠤ ᠰᠤᠷᠤᠭᠴᠢ ᠡᠯᠰᠡᠬᠦ ᠰᠢᠯᠭᠠᠯᠲᠠ︾᠎ ᠶᠢ ᠰᠤᠩᠭᠤᠵᠤ᠂ ᠬᠤᠶᠠᠳᠠᠬᠢ ᠰᠢᠯᠭᠠᠯᠲᠠ ᠶᠢᠨ ᠬᠢᠷᠢ ᠪᠦᠲᠦᠮᠵᠢ ᠪᠠᠨ ᠯᠠᠪᠯᠠᠵᠤ ᠪᠤᠯᠤᠨ᠎ᠠ᠂ ᠪᠠᠰᠠ ᠥᠪᠥᠷ ᠮᠣᠩᠭᠤᠯ ᠤᠨ ᠰᠤᠷᠤᠭᠴᠢ ᠡᠯᠰᠡᠬᠦ ᠰᠢᠯᠭᠠᠯᠲᠠ ᠶᠢᠨ ᠮᠡᠳᠡᠭᠡ ᠵᠠᠩᠭᠢ ᠶᠢᠨ ᠰᠦᠯᠵᠢᠶ᠎ᠡ ︵http᠄ //www.nm.zsks.cn/︶᠎ ᠳᠤ ᠭᠠᠷᠴᠤ᠂  ︽ ᠰᠤᠳᠤᠯᠬᠤ ᠰᠤᠷᠤᠭᠴᠢ ᠡᠯᠰᠡᠬᠦ ᠰᠢᠯᠭᠠᠯᠲᠠ︾᠎ ᠶᠢᠨ ᠰᠤᠪᠠᠭ ᠤᠨ ︽ᠶᠠᠩ ᠭᠤᠸᠠᠩ ᠲᠠᠪᠴᠠᠩ︾ ᠭᠡᠭᠦ ᠪᠤᠯᠤᠩ ᠳᠤ ᠤᠷᠤᠵᠤ ᠬᠤᠶᠠᠳᠠᠬᠢ ᠰᠢᠯᠭᠠᠯᠲᠠ ᠶᠢᠨ ᠬᠢᠷᠢ ᠪᠦᠲᠦᠮᠵᠢ ᠪᠠᠨ ᠯᠠᠪᠯᠠᠵᠤ ᠪᠣᠯᠤᠨ᠎ᠠ᠃      ᠣᠷᠣᠨ ᠤ ᠳᠤᠲᠤᠷᠠᠬᠢ ᠰᠤᠳᠤᠯᠬᠤ ᠰᠤᠷᠤᠭᠴᠢ ᠡᠯᠰᠡᠬᠦ ᠨᠢᠭᠡᠴᠡ ᠡᠯᠰᠡᠬᠦ ᠪᠠᠷ ᠲᠥᠯᠥᠪᠯᠡᠵᠦ ᠪᠠᠶᠢᠭ᠎ᠠ ᠨᠡᠷᠡᠰ ᠢ ᠢᠯᠡ ᠨᠡᠶᠢᠲᠡᠯᠡᠭᠰᠡᠨ ᠬᠤᠭᠤᠴᠠᠭᠠᠨ ᠳᠤ ᠨᠡᠷᠡᠰ ᠲᠤ ᠵᠠᠰᠠᠪᠤᠷᠢ ᠣᠷᠣᠭᠤᠯᠬᠤ ᠦᠭᠡᠢ᠂ ᠰᠢᠯᠭᠠᠭᠤᠯᠤᠭᠰᠠᠳ ᠤᠨ ᠡᠯᠰᠡᠭᠳᠡᠭᠰᠡᠨ ᠡᠰᠡᠬᠦ ᠶᠢ ᠰᠤᠷᠭᠠᠨ ᠬᠥᠮᠦᠵᠢᠯ ᠤᠨ ᠶᠠᠮᠤᠨ ᠤ ᠬᠡᠯᠬᠢᠶᠡᠰᠦ ᠶᠢᠨ ᠰᠢᠰᠲ᠋ᠧᠮ ᠢᠶᠠᠷ ᠬᠢᠨᠠᠨ ᠵᠦᠪᠰᠢᠶᠡᠷᠡᠭᠦᠯᠦᠭᠰᠡᠨ ᠤ ᠳᠠᠷᠠᠭ᠎ᠠ ᠰᠠᠶ᠋ᠢ ᠲᠤᠭᠲᠠᠭᠠᠵᠤ ᠪᠤᠯᠤᠨ᠎ᠠ᠃ ᠨᠡᠶᠢᠲᠡᠯᠡᠭᠦᠯᠦᠭᠰᠡᠨ ᠦᠭᠡᠢ ᠰᠢᠯᠭᠠᠭᠤᠯᠤᠭᠰᠠᠳ ᠢ ᠡᠯᠰᠡᠵᠤ ᠪᠣᠯᠬᠤ ᠦᠭᠡᠶ ᠪᠦᠭᠡᠳ ᠰᠤᠷᠭᠠᠭᠤᠯᠢ ᠶᠢᠨ ᠬᠠᠷᠢᠶ᠎ᠠ ᠶᠢ ᠨᠢ ᠴᠤ ᠳᠠᠩᠰᠠᠯᠠᠵᠤ ᠪᠤᠯᠬᠤ ᠦᠭᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号