ᠬᠥᠯᠥᠨ ᠪᠤᠶᠢᠷ ᠬᠤᠳᠠ ᠶᠢᠨ PPP ᠲᠦᠷᠦᠯ ᠵᠦᠢᠯ ᠤᠨ ᠠᠬᠢᠴᠠ ᠤᠷᠤᠭᠰᠢᠲᠠᠶ ᠪᠠᠶᠢᠨ᠎ᠠ
ᠨᠡᠶᠢᠲᠡᠯᠡᠭᠰᠡᠨ ᠴᠠᠭ᠄
2016/6/14
     5 ᠳ᠋ᠤᠭᠠᠷ ᠰᠠᠷ᠎ᠠ ᠶᠢᠨ 31᠎ ᠤ ᠡᠳᠦᠷ ᠪᠤᠯᠲᠠᠯ᠎ᠠ᠂ ᠬᠥᠯᠥᠨ ᠪᠤᠶᠢᠷ ᠬᠤᠳᠠ PPP ᠶᠡᠷᠦᠩᠬᠡᠶᠢᠯᠡᠭᠰᠡᠨ ᠮᠡᠳᠡᠭᠡ ᠵᠠᠩᠭᠢ ᠶᠢᠨ ᠲᠠᠪᠴᠠᠩ ᠤᠨ ᠰᠢᠰᠲ᠋ᠧᠮ ᠤᠨ ᠲᠦᠷᠦᠯ ᠵᠦᠢᠯ109᠎ ᠶᠢ ᠤᠷᠤᠭᠤᠯᠵᠤ᠂ ᠶᠡᠷᠦᠩᠬᠡᠶ ᠪᠡᠯᠡ ᠣᠷᠣᠭᠤᠯᠤᠯᠲᠠ ᠨᠢ 365.22 ᠳ᠋ᠦᠩᠰᠢᠭᠤᠷ ᠲᠥᠭᠦᠷᠢᠭ ᠪᠤᠯᠵᠠᠢ᠃ ᠲᠡᠳᠡᠭᠡᠷ ᠨᠢ ᠬᠤᠳᠠ ᠶᠢᠨ ᠶᠠᠪᠤᠳᠠᠯ ᠤᠨ ᠢᠨᠵᠧᠨᠧᠷᠢᠩ᠂ ᠬᠡᠰᠡᠭ ᠣᠷᠣᠨ ᠤ ᠨᠡᠭᠡᠭᠡᠨ ᠠᠰᠢᠭᠯᠠᠯᠲᠠ᠂ ᠵᠢᠭᠤᠯᠴᠢᠯᠠᠯ᠂ ᠪᠠᠲᠤᠯᠠᠭ᠎ᠠ ᠶᠢᠨ ᠴᠢᠨᠠᠷᠲᠠᠶ ᠬᠢᠮᠳᠠ ᠣᠷᠣᠨ ᠰᠠᠭᠤᠴᠠ ᠶᠢᠨ ᠢᠨᠵᠧᠨᠧᠷᠢᠩ᠂ ᠰᠤᠷᠭᠠᠨ ᠬᠥᠮᠦᠵᠢᠯ᠂ ᠨᠠᠰᠤᠵᠢᠯ ᠤᠨ ᠠᠰᠠᠷᠠᠮᠵᠢ᠂ ᠡᠷᠡᠭᠦᠯ ᠬᠠᠮᠠᠭᠠᠯᠠᠯ᠂ ᠵᠠᠮ ᠲᠡᠭᠡᠭᠡᠪᠦᠷᠢ ᠵᠡᠷᠭᠡ ᠤᠯᠠᠨ ᠨᠡᠶᠢᠲᠡ ᠶᠢᠨ ᠦᠢᠯᠡᠴᠢᠯᠡᠭᠡᠨ ᠤ ᠬᠦᠷᠢᠶᠡᠨ ᠳᠤ ᠬᠤᠯᠪᠤᠭᠳᠠᠵᠠᠢ᠃ ᠡᠭᠦᠨ ᠳᠤ᠄ ᠰᠢᠨ᠎ᠡ ᠪᠠᠷ ᠪᠠᠶᠢᠭᠤᠯᠬᠤ ᠲᠦᠷᠦᠯ ᠵᠦᠢᠯ 87᠂ 312.89 ᠳ᠋ᠦᠩᠰᠢᠭᠤᠷ ᠲᠥᠭᠦᠷᠢᠭ ᠤᠨ ᠪᠡᠯᠡ ᠤᠷᠤᠭᠤᠯᠵᠤ᠂ ᠬᠠᠳᠠᠭᠠᠯᠠᠭᠳᠠᠵᠤ ᠪᠠᠶᠢᠭ᠎ᠠ ᠲᠦᠷᠦᠯ ᠵᠦᠢᠯ 22 ᠪᠠᠶᠢᠵᠤ᠂ ᠶᠡᠷᠦᠩᠬᠡᠶ ᠪᠡᠯᠡ ᠣᠷᠣᠭᠤᠯᠤᠯᠲᠠ ᠨᠢ 52.33 ᠳ᠋ᠦᠩᠰᠢᠭᠤᠷ ᠲᠥᠭᠦᠷᠢᠭ ᠪᠣᠯᠤᠨ᠎ᠠ᠃ ᠬᠥᠮᠥᠷᠭᠡ ᠳᠤ ᠣᠷᠣᠭᠤᠯᠤᠭᠰᠠᠨ ᠲᠦᠷᠥᠯ ᠵᠦᠢᠯ ᠳᠤ᠂ ᠥᠪᠡᠷᠲᠡᠭᠡᠨ ᠵᠠᠰᠠᠬᠤ ᠣᠷᠣᠨ ᠠᠴᠠ ᠲᠠᠨᠢᠯᠴᠠᠭᠤᠯᠤᠭᠰᠠᠨ ᠵᠢᠱᠢᠶ᠎ᠡ ᠦᠵᠡᠭᠦᠯᠬᠦ ᠲᠥᠷᠥᠯ ᠵᠦᠢᠯ 5 ᠪᠠᠶᠢᠵᠤ᠂ ᠶᠡᠷᠦᠩᠬᠡᠶ ᠪᠡᠯᠡ ᠣᠷᠣᠭᠤᠯᠤᠯᠲᠠ ᠨᠢ 10.25 ᠳ᠋ᠦᠩᠰᠢᠭᠤᠷ ᠲᠥᠭᠦᠷᠢᠭ︔ ᠨᠢᠭᠡᠨᠲᠡ ᠬᠤᠳᠠᠯᠳᠤᠨ ᠠᠪᠬᠤ ᠱᠠᠲᠤᠨ ᠳᠤ ᠤᠷᠤᠭᠰᠠᠨ ᠲᠥᠷᠥᠯ ᠵᠦᠢᠯ 1 ᠪᠠᠶᠢᠵᠤ᠂ ᠪᠡᠯᠡ ᠣᠷᠣᠭᠤᠯᠤᠯᠲᠠ ᠶᠢᠨ ᠲᠤᠭ᠎ᠠ ᠨᠢ 30 ᠳ᠋ᠦᠩᠰᠢᠭᠤᠷ ᠲᠥᠭᠦᠷᠢᠭ︔ ᠨᠢᠭᠡᠨᠲᠡ ᠬᠢᠵᠦ ᠦᠭᠭᠦᠭᠰᠡᠨ ᠪᠣᠳᠠᠰ ᠦᠨ᠎ᠡ ᠪᠡᠨ᠎ᠡ ᠲᠠᠢ᠂ ᠡᠳ᠋ ᠤᠨ ᠵᠠᠰᠠᠭ ᠤᠨ ᠳᠠᠭᠠᠭᠠᠬᠤ ᠴᠢᠳᠠᠪᠤᠷᠢ ᠶᠢᠨ ᠨᠤᠲᠠᠯᠠᠯᠲᠠ ᠶᠢᠨ ᠮᠡᠳᠡᠭᠦᠯᠦᠯᠲᠡ ᠲᠠᠢ᠂ ᠨᠠᠶᠢᠷᠠᠭᠤᠯᠤᠨ ᠵᠤᠬᠢᠶᠠᠬᠤ ᠲᠥᠷᠥᠯ ᠵᠦᠢᠯ ᠤᠨ ᠠᠩᠬ᠎ᠠ ᠠᠯᠬᠤᠮ ᠤᠨ ᠬᠡᠷᠡᠭᠵᠢᠭᠦᠯᠬᠦ ᠲᠥᠰᠦᠯ ᠎ ᠲᠠᠢ ᠨᠢ 8 ᠪᠠᠶᠢᠵᠤ᠂ ᠪᠡᠯᠡ ᠤᠷᠤᠭᠤᠯᠤᠯᠲᠠ ᠶᠢᠨ ᠲᠤᠭ᠎ᠠ ᠨᠢ 42.70 ᠳ᠋ᠦᠩᠰᠢᠭᠤᠷ ᠲᠥᠭᠦᠷᠢᠭ︔ ᠨᠢᠭᠡᠨᠲᠡ ᠲᠠᠯᠳᠠ ᠨᠡᠶᠢᠭᠡᠮ ᠤᠨ ᠳᠠᠯᠳᠠ ᠬᠥᠷᠥᠩᠭᠡ ᠶᠢᠨ ᠲᠥᠷᠥᠯ ᠵᠦᠢᠯ 37 ᠪᠠᠶᠢᠵᠤ᠂ ᠪᠡᠯᠡ ᠤᠷᠤᠭᠤᠯᠤᠯᠲᠠ ᠶᠢᠨ ᠲᠤᠭ᠎ᠠ ᠎ ᠨᠢ 173.62 ᠳ᠋ᠦᠩᠰᠢᠭᠤᠷ ᠲᠥᠭᠦᠷᠢᠭ ᠪᠣᠯᠤᠨ᠎ᠠ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号