8 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠨ ᠣᠯᠠᠨ ᠡᠬᠡᠯᠵᠢ ᠤᠳᠠᠭ᠎ᠠ ᠶᠢᠨ ᠭᠠᠯᠲᠤ ᠲᠡᠷᠭᠡ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠨ᠎ᠠ
ᠨᠡᠶᠢᠲᠡᠯᠡᠭᠰᠡᠨ ᠴᠠᠭ᠄
2016/7/22
      ᠬᠥᠬᠡᠬᠤᠲᠠ ᠵᠡᠭᠦᠨᠭᠠᠷ ᠣᠷᠳᠣᠰ᠂ ᠬᠥᠬᠡᠬᠤᠲᠠ ᠠᠴᠠ ᠴᠢᠭᠤᠯᠤᠯᠳᠤ ᠬᠠᠭᠠᠯᠭ᠎ᠠ ᠬᠦᠷᠬᠦ ᠠᠶᠠᠨᠴᠢᠳ ᠤᠨ ᠲᠡᠭᠡᠭᠡᠪᠦᠷᠢ ᠶᠢᠨ ᠲᠤᠰᠬᠠᠶ ᠱᠤᠭᠤᠮ ᠢ ᠬᠥᠬᠡᠬᠤᠲᠠ ᠣᠷᠣᠨ ᠤ ᠬᠦᠢᠰᠦ ᠪᠠᠷᠢᠯᠭ᠎ᠠ ᠳᠤ ᠤᠷᠤᠭᠤᠯᠬᠤ ᠳᠤ ᠬᠠᠮᠵᠢᠯᠴᠠᠬᠤ ᠶᠢᠨ ᠲᠤᠯᠠᠳᠠ᠂ 8 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠨ᠂ ᠬᠥᠬᠡᠬᠤᠲᠠ ᠶᠢᠨ ᠭᠤᠣᠯ ᠵᠠᠩᠭᠢᠯᠠᠭ᠎ᠠ ᠶᠢᠨ ᠬᠡᠰᠡᠭ ᠤᠨ ᠠᠶᠠᠨᠴᠢᠳ ᠤᠨ ᠴᠤᠪᠤᠭ᠎ᠠ ᠲᠡᠷᠭᠡ ᠶᠢᠨ ᠡᠭᠡᠯᠵᠢ ᠤᠳᠠᠭ᠎ᠠ ᠶᠢ ᠲᠤᠬᠢᠷᠠᠭᠤᠯᠤᠨ᠎ᠠ᠃ 8 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠨ᠂ ᠬᠥᠬᠡᠬᠤᠲᠠ ᠵᠡᠭᠦᠨ ᠦᠷᠲᠡᠭᠡ ᠠᠴᠠ ᠯᠠᠨᠵᠧᠦ ᠪᠠᠷᠠᠭᠤᠨ ᠦᠷᠲᠡᠭᠡ ᠬᠦᠷᠬᠦ 2635 ᠤᠳᠠᠭ᠎ᠠ ᠶᠢ ᠬᠥᠬᠡᠬᠤᠲᠠ ᠦᠷᠲᠡᠭᠡ — ᠯᠠᠨᠵᠧᠦ ᠪᠠᠷᠠᠭᠤᠨ ᠦᠷᠲᠡᠭᠡ ᠬᠦᠷᠬᠦ ᠪᠣᠯᠭᠠᠨ ᠲᠤᠬᠢᠷᠠᠭᠤᠯᠤᠨ᠎ᠠ︔ ᠯᠠᠨᠵᠧᠦ ᠪᠠᠷᠠᠭᠤᠨ ᠦᠷᠲᠡᠭᠡ ᠠᠴᠠ ᠬᠥᠬᠡᠬᠤᠲᠠ ᠵᠡᠭᠦᠨ ᠦᠷᠲᠡᠭᠡ ᠬᠦᠷᠬᠦ 2636 ᠤᠳᠠᠭ᠎ᠠ ᠶᠢ ᠯᠠᠨᠵᠧᠦ ᠪᠠᠷᠠᠭᠤᠨ ᠦᠷᠲᠡᠭᠡ ᠠᠴᠠ ᠬᠥᠬᠡᠬᠤᠲᠠ ᠦᠷᠲᠡᠭᠡ ᠬᠦᠷᠬᠦ ᠪᠣᠯᠭᠠᠨ ᠲᠤᠬᠢᠷᠠᠭᠤᠯᠤᠨ᠎ᠠ︔ ᠬᠥᠬᠡᠬᠤᠲᠠ ᠵᠡᠭᠦᠨ ᠦᠷᠲᠡᠭᠡ ᠠᠴᠠ ᠪᠤᠭᠤᠲᠤ ᠦᠷᠲᠡᠭᠡ ᠬᠦᠷᠬᠦ D6755 ᠤᠳᠠᠭ᠎ᠠ᠂ D6757 ᠤᠳᠠᠭ᠎ᠠ᠂ D6759 ᠤᠳᠠᠭ᠎ᠠ᠂ D6761 ᠤᠳᠠᠭ᠎ᠠ᠂ D6763 ᠤᠳᠠᠭ᠎ᠠ᠂ D6765 ᠤᠳᠠᠭ᠎ᠠ ᠶᠢ ᠬᠥᠬᠡᠬᠤᠲᠠ ᠦᠷᠲᠡᠭᠡ ᠠᠴᠠ ᠪᠤᠭᠤᠲᠤ ᠦᠷᠲᠡᠭᠡ ᠬᠦᠷᠬᠦ ᠪᠤᠯᠭᠠᠨ ᠲᠤᠬᠢᠷᠠᠭᠤᠯᠤᠨ᠎ᠠ︔ ᠪᠤᠭᠤᠲᠤ ᠦᠷᠲᠡᠭᠡ ᠠᠴᠠ ᠬᠥᠬᠡᠬᠤᠲᠠ ᠵᠡᠭᠦᠨ ᠦᠷᠲᠡᠭᠡ ᠬᠦᠷᠬᠦ D6752 ᠤᠳᠠᠭ᠎ᠠ᠂ D6754 ᠤᠳᠠᠭ᠎ᠠ᠂ D6756 ᠤᠳᠠᠭ᠎ᠠ᠂ D6758 ᠤᠳᠠᠭ᠎ᠠ᠂ D6760 ᠤᠳᠠᠭ᠎ᠠ᠂ D6762 ᠤᠳᠠᠭ᠎ᠠ ᠶᠢ ᠪᠤᠭᠤᠲᠤ ᠦᠷᠲᠡᠭᠡ ᠠᠴᠠ ᠬᠥᠬᠡᠬᠤᠲᠠ ᠦᠷᠲᠡᠭᠡ ᠬᠦᠷᠬᠦ ᠪᠣᠯᠭᠠᠨ ᠲᠤᠬᠢᠷᠠᠭᠤᠯᠤᠨ᠎ᠠ᠃ ᠪᠤᠭᠤᠲᠤ ᠦᠷᠲᠡᠭᠡ ᠠᠴᠠ ᠨᠠᠨᠨᠢᠩ ᠬᠦᠷᠬᠦ Z338/5 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠵᠤ᠂ ᠬᠥᠬᠡᠬᠤᠲᠠ ᠦᠷᠲᠡᠭᠡ ᠳᠤ ᠵᠤᠭᠰᠤᠬᠤ ᠪᠤᠯᠭᠠᠨ᠎ᠠ︔ ᠨᠠᠨᠨᠢᠩ ᠦᠷᠲᠡᠭᠡ ᠠᠴᠠ ᠪᠤᠭᠤᠲᠤ ᠦᠷᠲᠡᠭᠡ ᠬᠦᠷᠬᠦ Z336/7 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠵᠤ᠂ ᠬᠥᠬᠡᠬᠤᠲᠠ ᠦᠷᠲᠡᠭᠡ ᠳᠤ ᠵᠤᠭᠰᠤᠬᠤ ᠪᠤᠯᠭᠠᠨ᠎ᠠ︔ ᠪᠤᠭᠤᠲᠤ ᠦᠷᠲᠡᠭᠡ ᠠᠴᠠ ᠪᠡᠭᠡᠵᠢᠩ ᠦᠷᠲᠡᠭᠡ ᠬᠦᠷᠬᠦ K264 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠨ᠎ᠠ︔ ᠪᠡᠭᠡᠵᠢᠩ ᠦᠷᠲᠡᠭᠡ ᠠᠴᠠ ᠪᠤᠭᠤᠲᠤ ᠦᠷᠲᠡᠭᠡ ᠬᠦᠷᠬᠦ K263 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠨ᠎ᠠ︔ ᠦᠬᠠᠶ ᠪᠠᠷᠠᠭᠤᠨ ᠦᠷᠲᠡᠭᠡ ᠠᠴᠠ ᠪᠡᠭᠡᠵᠢᠩ ᠬᠤᠶᠢᠲᠤ ᠦᠷᠲᠡᠭᠡ ᠬᠦᠷᠬᠦ K1596 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠨ᠎ᠠ︔ ᠪᠡᠭᠡᠵᠢᠩ ᠬᠤᠶᠢᠲᠤ ᠦᠷᠲᠡᠭᠡ ᠠᠴᠠ ᠦᠬᠠᠶ ᠪᠠᠷᠠᠭᠤᠨ ᠦᠷᠲᠡᠭᠡ ᠬᠦᠷᠬᠦ K1595 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠨ᠎ᠠ︔ ᠨᠥᠬᠦᠷᠯᠡᠯ ᠴᠥᠭᠦᠷᠥᠮ ᠦᠷᠲᠡᠭᠡ ᠠᠴᠠ ᠪᠤᠭᠤᠲᠤ ᠦᠷᠲᠡᠭᠡ ᠬᠦᠷᠬᠦ K7913 ᠤᠳᠠᠭ᠎ᠠ ᠨᠢ ᠬᠥᠬᠡᠬᠤᠲᠠ ᠵᠡᠭᠦᠨ ᠦᠷᠲᠡᠭᠡ ᠳᠤ ᠵᠤᠭᠰᠤᠬᠤ ᠪᠠᠨ ᠪᠤᠯᠢᠨ᠎ᠠ᠃ ᠡᠭᠦᠨ ᠠᠴᠠ ᠭᠠᠳᠠᠨ᠎ᠠ᠂ ᠪᠠᠰᠠ 52 ᠤᠳᠠᠭ᠎ᠠ ᠶᠢᠨ ᠠᠶᠠᠨᠴᠢᠳ ᠤᠨ ᠴᠤᠪᠤᠭ᠎ᠠ ᠲᠡᠷᠭᠡ ᠨᠢ 8 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠨ ᠵᠤᠭᠰᠤᠭᠠᠯ ᠤᠨ ᠴᠠᠭ ᠢᠶᠠᠨ ᠲᠤᠬᠢᠷᠠᠭᠤᠯᠤᠨ᠎ᠠ᠃ ᠪᠣᠳᠠᠲᠠᠶ ᠲᠤᠬᠢᠷᠠᠭᠤᠯᠤᠭᠰᠠᠨ ᠴᠠᠭ ᠢ 12306 ᠲᠡᠮᠦᠷ ᠵᠠᠮ ᠤᠨ ᠫᠤᠷᠲ᠋ᠧᠯ ᠰᠦᠯᠵᠢᠶ᠎ᠡ ᠠᠴᠠ ᠠᠩᠬᠠᠷᠬᠤ ᠪᠣᠯᠪᠠᠤ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号