ᠪᠤᠭᠤᠲᠤ — ᠤᠯᠠᠭᠠᠨᠪᠠᠭᠠᠲᠤᠷ ᠬᠦᠷᠬᠦ ᠤᠯᠤᠰ ᠤᠨ ᠬᠤᠭᠤᠷᠣᠨᠳᠣᠬᠢ ᠠᠭᠠᠷ ᠤᠨ ᠠᠶᠠᠯᠠᠯ ᠤᠨ ᠱᠤᠭᠤᠮ ᠨᠡᠪᠲᠡᠷᠡᠪᠡ
  
2016/8/4

      8 ᠳ᠋ᠤᠭᠠᠷ ᠰᠠᠷ᠎ᠠ ᠶᠢᠨ 3 ᠤ ᠡᠳᠦᠷ ᠤᠨ ᠦᠳᠡ ᠶᠢᠨ ᠡᠮᠦᠨᠡᠬᠢ 9 ᠴᠠᠭ ᠤᠨ 30 ᠮᠢᠨᠦ᠋ᠲ ᠲᠤ᠂ MR8871 ᠡᠭᠡᠯᠵᠢ ᠶᠢᠨ ᠨᠢᠰᠬᠡᠯ ᠪᠤᠭᠤᠲᠤ ᠶᠢᠨ ᠨᠢᠰᠬᠡᠯ ᠤᠨ ᠪᠠᠭᠤᠳᠠᠯ ᠳᠤ ᠲᠤᠭᠲᠠᠭᠤᠬᠠᠨ ᠭᠠᠵᠠᠷᠳᠠᠵᠤ᠂ ᠠᠩᠬᠠᠳᠠᠭᠴᠢ ᠪᠤᠭᠤᠲᠤ ᠠᠴᠠ ᠤᠯᠠᠭᠠᠨᠪᠠᠭᠠᠲᠤᠷ ᠬᠦᠷᠬᠦ ᠤᠯᠠᠨ ᠤᠯᠤᠰ ᠤᠨ ᠠᠭᠠᠷ ᠤᠨ ᠠᠶᠠᠯᠠᠯ ᠤᠨ ᠱᠤᠭᠤᠮ ᠵᠢᠩᠬᠢᠨᠢ ᠪᠠᠷ ᠨᠡᠪᠲᠡᠷᠡᠭᠰᠡᠨ ᠪᠠᠶᠢᠨ᠎ᠠ᠃ ᠪᠤᠭᠤᠲᠤ — ᠤᠯᠠᠭᠠᠨᠪᠠᠭᠠᠲᠤᠷ ᠬᠦᠷᠬᠦ ᠠᠭᠠᠷ ᠤᠨ ᠠᠶᠠᠯᠠᠯ ᠤᠨ ᠱᠤᠭᠤᠮ ᠢ ᠮᠣᠩᠭᠤᠯ ᠤᠯᠤᠰ ᠤᠨ ᠾᠦᠩᠨᠦ ᠠᠭᠠᠷ ᠤᠨ ᠠᠶᠠᠯᠠᠯ ᠤᠨ ᠬᠢᠨ ᠡᠵᠡᠩᠨᠡᠵᠦ᠂ ᠪᠦᠬᠦ ᠣᠷᠳᠣ ᠨᠢ 1163 ᠺᠢᠯᠣᠮᠧᠲᠷ ᠪᠠᠶᠢᠵᠤ᠂ ᠹᠤᠺ 50 ᠬᠡᠯᠪᠡᠷᠢ ᠶᠢᠨ ᠨᠢᠰᠬᠡᠯ ᠢ ᠬᠡᠷᠡᠭᠯᠡᠵᠤ᠂ ᠨᠢᠰᠦᠯᠲᠡ ᠶᠢᠨ ᠴᠠᠭ ᠨᠢ ᠪᠠᠷᠤᠭ 3 ᠴᠠᠭ ᠪᠠᠶᠢᠵᠤ᠂ ᠭᠠᠷᠠᠭ ᠪᠦᠷᠢ 2 ᠬᠤᠶᠠᠷ ᠡᠭᠡᠯᠵᠢ ᠨᠢᠰᠴᠤ᠂ ᠨᠢᠰᠬᠦ ᠡᠳᠦᠷ ᠬᠤᠭᠤᠴᠠᠭ᠎ᠠ ᠨᠢ ᠭᠠᠷᠠᠭ ᠪᠦᠷᠢ ᠶᠢᠨ ᠭᠠᠷᠠᠭ ᠤᠨ ᠳᠦᠷᠪᠡᠨ᠂ ᠭᠠᠷᠠᠭ ᠤᠨ ᠡᠳᠦᠷ ᠪᠤᠯᠤᠨ᠎ᠠ᠃ ᠪᠣᠳᠠᠲᠠᠶ ᠨᠢᠰᠬᠦ ᠴᠠᠭ ᠨᠢ᠄ ᠤᠯᠠᠭᠠᠨᠪᠠᠭᠠᠲᠤᠷ ᠤᠨ ᠴᠠᠭ ᠢᠶᠠᠷ ᠥᠷᠯᠥᠭᠡ ᠶᠢᠨ 7 ᠴᠠᠭ ᠲᠤ ᠤᠯᠠᠭᠠᠨᠪᠠᠭᠠᠲᠤᠷ ᠠᠴᠠ ᠨᠢᠰᠴᠦ᠂ ᠪᠡᠭᠡᠵᠢᠩ ᠤᠨ ᠴᠠᠭ ᠢᠶᠠᠷ 8 ᠴᠠᠭ 45  ᠮᠢᠨᠦ᠋ᠲ ᠲᠤ ᠪᠤᠭᠤᠲᠤ ᠳᠤ ᠭᠠᠵᠠᠷᠳᠠᠨ᠎ᠠ︔ ᠪᠡᠭᠡᠵᠢᠩ ᠤᠨ ᠴᠠᠭ ᠢᠶᠠᠷ 9 ᠴᠠᠭ 45 ᠮᠢᠨᠦ᠋ᠲ ᠲᠤ ᠪᠤᠭᠤᠲᠤ ᠠᠴᠠ ᠨᠢᠰᠴᠦ᠂ ᠤᠯᠠᠭᠠᠨᠪᠠᠭᠠᠲᠤᠷ ᠤᠨ ᠴᠠᠭ ᠢᠶᠠᠷ 11 ᠴᠠᠭ 45 ᠮᠢᠨᠦ᠋ᠲ ᠲᠤ ᠤᠯᠠᠭᠠᠨᠪᠠᠭᠠᠲᠤᠷ ᠲᠤ ᠭᠠᠵᠠᠷᠳᠠᠨ᠎ᠠ᠃ ᠤᠯᠠᠭᠠᠨᠪᠠᠭᠠᠲᠤᠷ ᠤᠨ ᠠᠭᠠᠷ ᠤᠨ ᠠᠶᠠᠯᠠᠯ ᠤᠨ ᠱᠤᠭᠤᠮ ᠨᠡᠪᠲᠡᠷᠡᠭᠰᠡᠨ ᠤ ᠳᠠᠷᠠᠭ᠎ᠠ᠂ ᠪᠤᠭᠤᠲᠤ ᠶᠢᠨ ᠨᠢᠰᠬᠡᠯ ᠤᠨ ᠪᠠᠭᠤᠳᠠᠯ ᠨᠢ ᠪᠠᠰᠠ ᠪᠤᠭᠤᠲᠤ ᠠᠴᠠ ᠣᠷᠣᠰ᠂ ᠶᠠᠫᠣᠨ ᠺᠣᠷᠢᠶᠠ᠂ ᠵᠡᠭᠦᠨ ᠡᠮᠦᠨᠡᠲᠦ ᠠᠽᠢᠶ᠎ᠠ ᠪᠤᠯᠤᠨ ᠰᠢᠶᠠᠩᠭᠠᠩ ᠵᠡᠷᠭᠡ ᠤᠯᠠᠨ ᠤᠯᠤᠰ ᠪᠠ ᠭᠠᠵᠠᠷ ᠣᠷᠣᠨ ᠤ ᠬᠤᠭᠤᠷᠤᠨᠳᠤᠬᠢ ᠠᠭᠠᠷ ᠤᠨ ᠱᠤᠭᠤᠮ ᠢ ᠵᠠᠯᠭᠠᠯᠳᠤᠭ᠎ᠠ ᠪᠠᠷ ᠨᠡᠭᠡᠭᠡᠬᠦ ᠪᠤᠯᠤᠨ᠎ᠠ᠃

  ᠥᠪᠥᠷ ᠮᠣᠩᠭᠤᠯ ᠤᠨ ᠵᠠᠰᠠᠭ ᠤᠨ ᠣᠷᠳᠣᠨ