ᠬᠢᠨᠭ᠍ᠭᠠᠨ ᠠᠶᠢᠮᠠᠭ ᠠᠵᠦ ᠦᠢᠯᠡᠰ ᠢᠶᠠᠷ ᠶᠠᠳᠠᠭᠤ ᠶᠢ ᠲᠡᠳᠬᠦᠨ 1.2 ᠲᠦᠮᠡᠨ ᠡᠷᠤᠬᠡ ᠶᠢ ᠶᠠᠳᠠᠭᠤ ᠠᠴᠠ ᠠᠩᠬᠢᠵᠢᠷᠠᠭᠤᠯᠪᠠ
ᠨᠡᠶᠢᠲᠡᠯᠡᠭᠰᠡᠨ ᠴᠠᠭ᠄
2017/10/24
     ᠬᠢᠨᠭ᠍ᠭᠠᠨ ᠠᠶᠢᠮᠠᠭ ᠠᠵᠦ ᠦᠢᠯᠡᠰ ᠢᠶᠠᠷ ᠶᠠᠳᠠᠭᠤ ᠶᠢ ᠲᠡᠳᠬᠦᠬᠦ ᠶᠢ ᠬᠠᠮᠤᠭ ᠤᠨ ᠦᠷ᠎ᠡ ᠪᠦᠳᠦᠮᠵᠢᠳᠠᠢ᠂ ᠦᠷᠬᠦᠯᠵᠢᠯᠡᠠ ᠬᠡᠷᠡᠭᠵᠢᠬᠦᠯᠵᠥ ᠪᠤᠯᠬᠤ ᠭᠤᠤᠯ ᠰᠢᠪᠳᠤᠯᠤᠯᠳᠠ ᠶᠢᠨ ᠴᠢᠭ᠋ ᠪᠤᠯᠭᠠᠠ᠂ ᠠᠵᠦ ᠦᠢᠯᠡᠰ ᠢᠶᠠᠷ ᠶᠠᠳᠠᠭᠤ ᠶᠢ ᠲᠡᠳᠬᠦᠬᠦ ᠶᠢ ᠪᠦᠷᠬᠦᠭᠦᠯᠵᠦ᠂ ᠶᠠᠳᠠᠭᠤ ᠬᠦᠴᠢᠷᠳᠡᠯᠳᠡᠢ ᠤᠯᠠᠨ ᠲᠦᠮᠡᠨ ᠤ ᠶᠠᠳᠠᠭᠤ ᠠᠴᠠ ᠪᠠᠨ ᠠᠩᠬᠢᠵᠢᠷᠠᠬᠤ ᠴᠢᠳᠠᠪᠤᠷᠢ ᠶᠢ ᠲᠡᠬᠡᠭᠰᠢᠯᠡᠬᠦᠯᠪᠠ᠃      ︽ᠲᠠᠭᠠᠭᠤᠯᠤᠭᠴᠢ ᠠᠵᠦ ᠠᠬᠤᠢᠢᠯᠠᠯ + ᠶᠠᠳᠠᠭᠤ ᠬᠦᠴᠢᠷᠳᠠᠯᠳᠠᠢ ᠡᠷᠤᠬᠡ︾᠂ ︽ᠬᠤᠷᠰᠢᠶ᠎ᠠ + ᠶᠠᠳᠠᠭᠤ ᠬᠦᠴᠢᠷᠳᠠᠯᠳᠠᠢ ᠡᠷᠤᠬᠡ︾᠂ ︽ᠨᠡᠶᠢᠬᠡᠮᠯᠢᠭ + ᠶᠠᠳᠠᠭᠤ ᠬᠦᠴᠢᠷᠳᠠᠯᠳᠠᠢ ᠡᠷᠤᠬᠡ︾᠎ ᠶᠢᠨ ᠠᠵᠦ ᠠᠬᠤᠢᠢᠯᠠᠯ ᠪᠠ ᠲᠠᠷᠢᠶᠠᠴᠢᠨ ᠡᠷᠤᠬᠡ ᠬᠠᠮᠳᠤᠷᠠᠯᠴᠠᠬᠤ ᠠᠷᠭ᠎ᠠ ᠪᠠᠷ ᠪᠤᠳᠠᠳᠤ ᠪᠠᠶᠢᠳᠠᠯ ᠳᠤᠨᠢ ᠵᠤᠬᠢᠴᠠᠭᠤᠯᠤᠠ ᠶᠠᠳᠠᠭᠤ ᠶᠢ ᠲᠡᠳᠬᠦᠬᠦ ᠠᠷᠭ᠎ᠠ ᠶᠢ ᠲᠤᠬᠳᠠᠭᠠᠠ ᠬᠡᠷᠡᠭᠵᠢᠬᠦᠯᠵᠥ᠂ ︽ᠬᠦᠷᠦᠩᠬᠡ ᠠᠴᠠ ᠠᠰᠢᠭ ᠬᠦᠷᠳᠡᠬᠡᠬᠦ︾᠂ ︽ᠨᠠᠶᠢᠳᠠᠨ ᠬᠠᠮᠢᠶᠠᠷᠤᠭᠤᠯᠬᠤ︾᠂ ︽ᠲᠡᠭᠠᠭᠤᠯᠤᠭᠴᠢ ᠠᠵᠦ ᠠᠬᠤᠢᠢᠯᠠᠯ ᠲᠠᠶᠢᠴᠢᠯᠠᠬᠤ︾ ᠵᠡᠷᠬᠡ ᠤᠯᠠᠨ ᠵᠠᠬᠪᠦᠷ ᠢ ᠬᠡᠷᠡᠭᠵᠢᠬᠦᠯᠵᠦ᠂ ᠠᠵᠦ ᠦᠢᠯᠡᠰ ᠢᠶᠠᠷ ᠶᠠᠳᠠᠭᠤ ᠬᠦᠴᠢᠷᠳᠠᠯᠳᠠᠢ ᠬᠦᠮᠦᠰ ᠢ ᠲᠠᠶᠢᠴᠢᠯᠠᠠ᠂ ᠶᠠᠳᠠᠭᠤ ᠠᠴᠠ ᠠᠩᠬᠢᠵᠢᠷᠠᠠ ᠪᠠᠶᠠᠵᠢᠨ ᠴᠢᠨᠡᠬᠡᠯᠢᠭᠵᠢᠬᠦ ᠴᠢᠳᠡᠪᠦᠷᠢ ᠶᠢ ᠨᠢ ᠲᠡᠬᠡᠭᠰᠢᠯᠡᠬᠦᠯᠦᠨ᠂ 1.2 ᠲᠦᠮᠡᠨ ᠶᠠᠳᠠᠭᠤ ᠬᠦᠴᠢᠷᠳᠠᠯᠳᠠᠢ ᠡᠷᠤᠬᠡ ᠠᠵᠦ ᠦᠢᠯᠡᠰ ᠢᠶᠠᠷ ᠳᠠᠮᠵᠢᠨ ᠶᠠᠳᠠᠭᠤ ᠠᠴᠠ ᠪᠠᠨ ᠠᠩᠬᠢᠵᠢᠷᠠᠵᠥ ᠴᠢᠳᠠᠭᠰᠠᠠ ᠪᠠᠶᠢᠨ᠎ᠠ᠃      ᠲᠤᠰ ᠠᠶᠢᠮᠠᠭ ᠪᠠᠰᠠ ᠲᠡᠭᠠᠭᠤᠯᠤᠭᠴᠢ ᠠᠵᠦ ᠠᠬᠤᠢᠢᠯᠠᠯ ᠤᠨ ᠲᠠᠶᠢᠴᠢᠯᠠᠬᠤ ᠦᠢᠯᠡᠳᠦᠯ ᠢ ᠴᠢᠩᠭᠠᠷᠠᠭᠤᠯᠬᠤ ᠶᠢᠨ ᠲᠤᠯᠠᠳᠠ᠂ ᠡᠨᠡ ᠵᠢᠯ 50 ᠡᠷᠤᠬᠡ ᠠᠴᠠ ᠲᠡᠬᠡᠭᠰᠢ ᠶᠡᠳᠡᠭᠤ ᠡᠷᠤᠬᠡ ᠶᠢ ᠲᠠᠶᠢᠴᠢᠯᠠᠠ ᠲᠡᠳᠬᠦᠭᠰᠡᠨ ᠲᠡᠭᠠᠭᠤᠯᠤᠭᠴᠢ ᠠᠵᠦ ᠠᠬᠤᠢᠢᠯᠠᠯ ᠳᠤ 1000 ᠲᠦᠮᠡᠨ ᠲᠦᠭᠦᠷᠢᠭ ᠤᠨ ᠵᠢᠬᠡᠯᠡᠯᠬᠡ ᠤᠯᠭᠤᠵᠥ᠂ 10 ᠡᠷᠤᠬᠡ ᠠᠴᠠ ᠲᠡᠬᠡᠭᠰᠢ ᠶᠡᠳᠡᠭᠤ ᠡᠷᠤᠬᠡ ᠶᠢ ᠲᠠᠶᠢᠴᠢᠯᠠᠬᠰᠠᠨ ᠬᠤᠷᠰᠢᠶ᠎ᠠ ᠳᠤ 100 ᠲᠦᠮᠡᠨ ᠲᠦᠭᠦᠷᠢᠭ ᠤᠨ ᠵᠢᠬᠡᠯᠡᠯᠬᠡ ᠤᠯᠭᠤᠬᠤ ᠲᠦᠷᠦ ᠶᠢᠨ ᠪᠤᠳᠤᠯᠭ᠎ᠠ ᠶᠢᠨ ᠳᠡᠮᠵᠢᠯᠭᠡ ᠦᠵᠡᠭᠦᠯᠪᠡ᠃      ᠲᠤᠰ ᠠᠶᠢᠮᠠᠭ ᠪᠠᠰᠠ ︽133 ᠨᠤᠳᠤᠭ ᠤᠨ ᠴᠢᠳᠡᠪᠦᠷᠢᠳᠡᠨ ᠬᠦᠮᠦᠵᠢᠬᠦᠯᠬᠦ︾ ᠲᠦᠯᠦᠪᠯᠡᠭᠡ ᠪᠠᠷ 3000 ᠭᠠᠷᠤᠢ ᠨᠤᠳᠤᠭ ᠤᠨ ᠴᠢᠳᠡᠪᠦᠷᠢᠳᠡᠨ ᠢ ᠬᠦᠮᠦᠵᠢᠬᠦᠯᠤᠠ᠂ 1 ᠲᠦᠮᠡ ᠭᠠᠷᠤᠢ ᠶᠠᠳᠠᠭᠤ ᠬᠦᠴᠢᠷᠳᠠᠯᠳᠠᠢ ᠡᠷᠤᠬᠡ ᠶᠢ ᠲᠡᠶᠢᠴᠢᠯᠠᠠ ᠶᠠᠳᠠᠭᠤ ᠠᠴᠠ ᠠᠩᠬᠢᠵᠢᠷᠠᠭᠤᠯᠪᠠ︔ ︽ᠮᠢᠩᠭᠠᠨ ᠲᠤᠰᠬᠤᠨ ᠳᠤ ᠮᠢᠩᠭᠠᠨ ᠬᠤᠷᠰᠢᠶ᠎ᠠ ᠪᠠᠶᠢᠭᠤᠯᠤᠠ ᠵᠢᠱᠢᠶ᠎ᠠ ᠦᠵᠡᠬᠦᠯᠬᠦ ᠢᠨᠵᠧᠨᠧᠷᠢᠩ︾᠎ ᠢᠶᠠᠷ ︽ᠨᠢᠬᠡ ᠲᠤᠰᠬᠤᠨ ᠨᠢᠬᠡ ᠬᠤᠷᠰᠢᠶ᠎ᠠ ᠨᠢᠬᠡ ᠠᠵᠦ ᠦᠢᠯᠡᠰ︾᠎ ᠲᠠᠢ ᠪᠤᠯᠬᠤ ᠶᠢ ᠪᠡᠶᠡᠯᠡᠬᠦᠯᠵᠦ᠂ ᠶᠠᠳᠠᠭᠤ ᠬᠦᠴᠢᠷᠳᠠᠯᠳᠠᠢ ᠡᠷᠤᠬᠡ ᠶᠢ ᠲᠠᠶᠢᠴᠢᠯᠠᠠ ᠦᠢᠯᠡᠳᠪᠦᠷᠢᠯᠡᠯ ᠢ ᠨᠢ ᠬᠦᠭᠵᠢᠬᠦᠯᠵᠦ ᠤᠷᠤᠯᠭ᠎ᠠ ᠶᠢ ᠲᠤᠬᠳᠠᠪᠦᠷᠢᠵᠢᠭᠤᠯᠵᠠᠢ᠃ ᠰᠠᠭᠤᠷᠢᠨ ᠤ ᠪᠦᠳᠦᠬᠡᠨ ᠪᠠᠶᠢᠭᠤᠯᠤᠯᠳᠠ ᠪᠠᠷ ᠲᠠᠷᠢᠶᠠᠴᠢᠨ ᠡᠷᠤᠬᠡ ᠶᠢ ᠲᠠᠶᠢᠴᠢᠯᠠᠠ᠂ 100 ᠲᠦᠮᠡᠨ ᠮᠦ ᠤᠰᠤᠨ ᠲᠤᠳᠤᠷᠭ᠎ᠠ᠂ 100 ᠲᠦᠮᠡᠨ ᠮᠦ ᠲᠦᠮᠦᠰᠦ᠂ 100 ᠲᠦᠮᠡᠨ ᠮᠦ ᠲᠤᠰᠤᠯᠢᠭ ᠲᠠᠷᠢᠮᠠᠯ᠂ 100 ᠲᠦᠮᠡᠨ ᠮᠦ ᠰᠢᠬᠢᠷ ᠯᠤᠤᠪᠠᠩ ᠲᠡᠷᠢᠬᠤ ︽ᠲᠦᠷᠪᠡᠨ 100 ᠲᠦᠮᠠ︾᠎ ᠶᠢᠨ ᠲᠠᠷᠢᠶᠠᠯᠠᠩ ᠤᠨ ᠰᠠᠭᠤᠷᠢᠨ ᠪᠡ 100 ᠲᠦᠮᠡᠨ ᠭᠠᠭ᠋ᠠᠢ᠂ 100 ᠲᠦᠮᠡᠨ ᠮᠢᠬᠠᠨ ᠤ ᠦᠬᠡᠷ᠂ 1000 ᠲᠦᠮᠡᠨ ᠮᠢᠬᠠᠨ ᠤ ᠬᠤᠨᠢ᠂ 1 ᠳ᠋ᠦᠩᠰᠢᠭᠤᠷ ᠨᠤᠭᠤᠰᠤ ᠶᠢᠨ ︽ᠬᠤᠤᠰ ᠵᠠᠭᠤ ᠨᠢᠭᠡ ᠮᠢᠩᠭ᠎ᠠ ᠨᠢᠭᠡ ᠳ᠋ᠦᠡᠭᠰᠢᠭᠤᠷ︾᠎ ᠤᠨ ᠮᠠᠯᠵᠢᠵᠥ ᠲᠡᠵᠢᠬᠡᠬᠦ ᠰᠠᠭᠤᠷᠢᠨ ᠤ ᠪᠦᠳᠦᠬᠡᠨ ᠪᠠᠶᠢᠭᠤᠯᠤᠯᠳᠠ ᠶᠢᠨ ᠢᠨᠵᠧᠨᠧᠷᠢᠩ ᠢ ᠬᠡᠷᠡᠭᠵᠢᠬᠦᠯᠵᠤ᠂ ᠨᠢᠬᠡ ᠪᠦᠯᠦᠭ ᠤᠷᠤᠨ ᠲᠤᠭᠤᠷᠢᠬᠵᠢᠭᠰᠠᠨ᠂ ᠬᠡᠪᠴᠢᠶᠡᠵᠢᠭᠰᠡᠨ ᠲᠠᠪᠠᠭᠤᠯᠢᠭ ᠤᠨᠴᠠᠯᠢᠬᠳᠤ ᠠᠵᠦ ᠦᠢᠯᠡᠰ ᠤᠨ ᠰᠠᠭᠤᠷᠢᠨ ᠢ ᠴᠤᠬᠴᠠᠯᠠᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号