ᠥᠪᠥᠷ ᠮᠣᠩᠭᠤᠯ ᠵᠠᠰᠠᠮᠠᠯ ᠵᠠᠮ ᠤᠨ ᠭᠤᠷᠪᠠᠨ ᠲᠦᠷᠦᠯ ᠵᠦᠢᠯ ᠢ ᠴᠤᠬᠤᠯᠠᠪᠤᠷᠢᠯᠠᠵᠤ ᠶᠡᠷᠦᠩᠬᠡᠶ ᠪᠡᠯᠡ ᠣᠷᠣᠭᠤᠯᠤᠯᠲᠠ ᠨᠢ ᠪᠠᠷᠤᠭ 37.7 ᠳ᠋ᠦᠡᠭᠰᠢᠭᠤᠷ ᠲᠥᠭᠦᠷᠢᠭ ᠲᠤ ᠬᠦᠷᠬᠦ ᠪᠤᠯᠤᠨ᠎ᠠ
ᠨᠡᠶᠢᠲᠡᠯᠡᠭᠰᠡᠨ ᠴᠠᠭ᠄
2017/11/1
      ᠡᠨᠡ ᠵᠢᠯ ᠤᠨ ᠭᠤᠷᠪᠠᠳᠤᠭᠠᠷ ᠤᠯᠠᠷᠢᠯ ᠳᠤ᠂ ᠥᠪᠥᠷ ᠮᠣᠩᠭᠤᠯ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠦᠪᠯᠡᠯ ᠠᠴᠠ ᠤᠯᠤᠰ ᠤᠨ ᠵᠠᠰᠠᠮᠠᠯ ᠵᠡᠮ ᠤᠨ 335 ᠱᠤᠭᠤᠮ ᠤᠨ ᠬᠤᠸᠠᠩ ᠵᠢᠶᠠ ᠲᠠᠨ ᠠᠴᠠ ᠪᠠᠲᠤᠬᠠᠭᠠᠯᠭ᠎ᠠ ᠬᠦᠷᠲᠡᠯᠡᠬᠢ ᠬᠡᠰᠡᠭ᠂ ᠮᠤᠵᠢ ᠶᠢᠨ ᠵᠠᠰᠠᠮᠠᠯ ᠵᠠᠮ ᠤᠨ 215 ᠱᠤᠭᠤᠮ ᠤᠨ ᠤᠤ ᠪᠤᠯᠠᠭ ᠤᠨ ᠠᠮᠠ ᠠᠴᠠ ᠰᠢᠨ ᠠᠨ ᠬᠦᠷᠲᠡᠯᠡᠬᠢ ᠬᠡᠰᠡᠭ᠂ ᠮᠤᠵᠢ ᠶᠢᠨ ᠵᠠᠰᠠᠮᠠᠯ ᠵᠠᠮ ᠤᠨ 215 ᠱᠤᠭᠤᠮ ᠤᠨ ᠲᠦᠡᠭᠱᠢ ᠠᠴᠠ ᠬᠠᠢ ᠴᠧ ᠫᠠᠨ ︵ᠦᠪᠦᠷ ᠮᠣᠩᠭᠤᠯ ᠱᠠᠨᠰᠢ ᠶᠢᠨ ᠬᠢᠯᠢ︶ ᠬᠦᠷᠲᠡᠯᠡᠬᠢ ᠬᠡᠰᠡᠭ ᠤᠨ ᠤᠯᠤᠰ ᠤᠨ ᠪᠠ ᠮᠤᠵᠢ ᠶᠢᠨ 3 ᠭᠤᠣᠯ ᠱᠤᠭᠤᠮ ᠤᠨ ᠪᠠᠷᠢᠯᠭ᠎ᠠ ᠶᠢᠨ ᠪᠣᠯᠤᠮᠵᠢ ᠶᠢᠨ ᠲᠤᠬᠠᠶ ᠰᠤᠳᠤᠯᠭᠠᠨ ᠤ ᠮᠡᠳᠡᠭᠦᠯᠦᠯᠲᠡ ᠶᠢ ᠴᠤᠬᠤᠯᠠᠪᠤᠷᠢᠯᠠᠪᠠ᠃ ᠤᠯᠤᠰ ᠤᠨ ᠪᠠ ᠮᠤᠵᠢ ᠶᠢᠨ ᠡᠨᠡ 3 ᠭᠤᠣᠯ ᠱᠤᠭᠤᠮ ᠨᠢ ᠥᠪᠡᠷᠲᠡᠭᠡᠨ ᠵᠠᠰᠠᠬᠤ ᠣᠷᠣᠨ ᠤ ᠭᠤᠣᠯ ᠱᠤᠭᠤᠮ ᠤᠨ ᠵᠠᠰᠠᠮᠠᠯ ᠵᠠᠮ ᠤᠨ ᠲᠣᠣᠷ ᠤᠨ ᠴᠢᠬᠤᠯᠠ ᠪᠦᠷᠢᠯᠳᠦᠬᠦᠨ ᠬᠡᠰᠡᠭ ᠪᠤᠯᠤᠨ᠎ᠠ᠃ ᠲᠦᠷᠦᠯ ᠵᠦᠢᠯ ᠤᠨ ᠶᠡᠷᠦᠩᠬᠡᠶ ᠪᠡᠯᠡ ᠣᠷᠣᠭᠤᠯᠤᠯᠲᠠ ᠨᠢ ᠪᠠᠷᠤᠭ 37.7 ᠳ᠋ᠦᠩᠰᠢᠭᠤᠷ ᠲᠥᠭᠦᠷᠢᠭ ᠲᠤ ᠬᠦᠷᠴᠦ᠂ ᠪᠦᠬᠦ ᠣᠷᠳᠣ ᠨᠢ ᠪᠠᠷᠤᠭ 232.5 ᠺᠢᠯᠣᠮᠧᠲᠷ ᠪᠠᠶᠢᠵᠤ᠂ ᠴᠥᠮ ᠬᠤᠶᠠᠳᠤᠭᠠᠷ ᠳᠡᠰ ᠠᠴᠠ ᠳᠡᠭᠡᠭᠰᠢᠬᠢ ᠵᠠᠰᠠᠮᠠᠯ ᠵᠠᠮ ᠤᠨ ᠪᠠᠷᠢᠮᠵᠢᠶ᠎ᠠ ᠪᠠᠷ ᠪᠠᠶᠢᠭᠤᠯᠵᠤ᠂ ᠵᠢᠱᠢᠯᠲᠡ ᠪᠠᠷ 2018 ᠣᠨ ᠳᠤ ᠪᠠᠷᠢᠯᠭ᠎ᠠ ᠡᠬᠢᠯᠡᠭᠦᠯᠬᠦ ᠪᠤᠯᠤᠨ᠎ᠠ᠃ ᠳᠡᠭᠡᠷ᠎ᠡ ᠳᠤᠷᠠᠳᠤᠭᠰᠠᠨ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠨᠢ᠂ ᠪᠠᠷᠠᠭᠤᠨ ᠣᠷᠣᠨ ᠢ ᠶᠡᠬᠡᠪᠡᠷ ᠨᠡᠭᠡᠭᠡᠨ ᠬᠥᠭᠵᠢᠭᠦᠯᠬᠦ ᠪᠠ ︽ᠨᠢᠭᠡ ᠪᠦᠰᠡ ᠨᠢᠭᠡ ᠵᠠᠮ︾᠎ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠤᠯᠤᠰ ᠤᠨ ᠪᠠ ᠥᠪᠡᠷᠲᠡᠭᠡᠨ ᠵᠠᠰᠠᠬᠤ ᠣᠷᠣᠨ ᠤ ᠵᠠᠰᠠᠮᠠᠯ ᠵᠠᠮ ᠤᠨ ᠲᠣᠣᠷ ᠢ ᠪᠦᠷᠢᠨᠰᠢᠬᠦᠯᠦᠨ᠂ ᠣᠷᠣᠨ ᠪᠦᠰᠡ ᠶᠢᠨ ᠵᠠᠮ ᠤᠨ ᠲᠣᠣᠷ ᠤᠨ ᠦᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠭᠦᠯᠵᠦ᠂ ᠵᠠᠮ ᠳᠠᠭᠠᠤ ᠭᠠᠵᠠᠷ ᠤᠷᠤᠨ ᠤ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠭᠠᠳᠠᠭᠰᠢ ᠵᠥᠭᠡᠭᠡᠪᠦᠷᠢᠯᠡᠬᠦ ᠪᠠ ᠵᠢᠭᠤᠯᠴᠢᠯᠠᠯ ᠢ ᠬᠦᠭᠵᠢᠬᠦᠯᠬᠦ ᠳᠤ ᠵᠠᠮ ᠬᠠᠷᠢᠯᠴᠠᠭᠠᠨ ᠤ ᠬᠦᠴᠦᠲᠡᠶ ᠲᠦᠰᠢᠭ ᠲᠤᠯᠭᠠᠭᠤᠷᠢ ᠪᠤᠯᠤᠨ ᠪᠠᠲᠤᠯᠠᠭ᠎ᠠ ᠶᠢ ᠬᠠᠨᠭ᠍ᠭᠠᠬᠤ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号