ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠲᠥᠪᠰᠢᠨ ᠤ ᠰᠢᠯᠭᠠᠯᠲᠠ ᠶᠢᠨ ᠨᠡᠷ᠎ᠡ ᠮᠡᠳᠡᠭᠦᠯᠬᠦ ᠠᠵᠢᠯ ᠡᠬᠢᠯᠡᠪᠡ
ᠨᠡᠶᠢᠲᠡᠯᠡᠭᠰᠡᠨ ᠴᠠᠭ᠄
2017/11/1
      2017 — 2018 ᠰᠤᠷᠤᠯᠭ᠎ᠠ ᠶᠢᠨ ᠣᠨ ᠤ ᠨᠢᠭᠡᠳᠦᠭᠡᠷ ᠬᠤᠭᠤᠴᠠᠭᠠᠨ ᠤ ᠪᠦᠬᠦ ᠣᠷᠣᠨ ᠤ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠲᠥᠪᠰᠢᠨ ᠤ ᠰᠢᠯᠭᠠᠯᠲᠠ ᠶᠢᠨ ᠨᠡᠷ᠎ᠡ ᠮᠡᠳᠡᠭᠦᠯᠬᠦ ᠠᠵᠢᠯ 11 ᠳ᠋ᠦ᠋ᠭᠡᠷ ᠰᠠᠷ᠎ᠠ ᠶᠢᠨ 1 — 15᠎ ᠤ ᠡᠳᠦᠷ ᠪᠣᠯᠲᠠᠯ᠎ᠠ ᠶᠠᠪᠤᠭᠳᠠᠭᠤᠯᠬᠤ ᠪᠠᠷ ᠪᠠᠶᠢᠨ᠎ᠠ᠂ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠤᠶᠠᠷ᠂ ᠭᠤᠷᠪᠠᠳᠤᠭᠠᠷ ᠣᠨ ᠤ ᠰᠤᠷᠤᠭᠴᠢᠳ ᠪᠡᠯᠡᠳᠬᠡᠯ ᠠᠵᠢᠯ ᠢᠶᠠᠨ ᠰᠠᠶᠢᠲᠤᠷ ᠬᠢᠬᠦ ᠶᠢ ᠰᠠᠨᠠᠭᠤᠯᠤᠶ᠎ᠠ᠃      ᠣᠶᠢᠯᠠᠭᠠᠭᠰᠠᠨ ᠢᠶᠠᠷ᠂ ᠪᠣᠳᠠᠲᠠᠶ ᠰᠢᠯᠭᠠᠬᠤ ᠴᠠᠭ ᠪᠣᠯᠣᠨ ᠬᠢᠴᠢᠶᠡᠯ ᠲᠥᠷᠦᠯ ᠭᠡᠪᠡᠯ᠄ 2018 ᠣᠨ ᠤ 1 ᠳ᠋ᠦ᠋ᠭᠡᠷ ᠰᠠᠷ᠎ᠠ ᠶᠢᠨ 5᠎ ᠤ ᠡᠳᠦᠷ᠂ 8᠄00 — 9᠄30 ᠲᠣᠭᠠᠨ ᠤ ᠤᠬᠠᠭᠠᠨ᠂ 10᠄30 — 12᠄00 ᠭᠠᠳᠠᠭᠠᠳᠤ ᠬᠡᠯᠡ ︵ᠠᠩᠭ᠍ᠯᠢ ᠬᠡᠯᠡ᠂ ᠶᠠᠫᠣᠨ ᠬᠡᠯᠡ᠂ ᠣᠷᠣᠰ ᠬᠡᠯᠡ︶᠂ 15᠄00 —17᠄00 ᠬᠡᠯᠡ ᠪᠢᠴᠢᠭ ︵ᠮᠣᠩᠭᠤᠯ ᠬᠡᠯᠡ ᠪᠢᠴᠢᠭ ᠤᠨ ᠬᠥᠬᠡ᠂ ᠰᠣᠯᠣᠩᠭᠤᠰ ᠬᠡᠯᠡ︶︔ 2018 ᠣᠨ ᠤ 1 ᠳ᠋ᠦ᠋ᠭᠡᠷ ᠰᠠᠷ᠎ᠠ ᠶᠢᠨ 6᠎ ᠤ ᠡᠳᠦᠷ᠂ 8᠄00 —9᠄30 ᠠᠮᠢᠳᠤ ᠪᠣᠳᠠᠰ᠂ 10᠄30 —12᠄00 ᠲᠡᠦᠬᠡ᠂ 15᠄00 —16᠄30 ᠭᠠᠵᠠᠷ ᠵᠦᠢ᠃      ᠲᠤᠰ ᠤᠳᠠᠭᠠᠨ ᠤ ᠰᠢᠯᠭᠠᠯᠲᠠ ᠳᠤ ᠨᠡᠷ᠎ᠡ ᠮᠡᠳᠡᠭᠦᠯᠦᠨ ᠰᠢᠯᠭᠠᠭᠤᠯᠤᠭᠰᠠᠳ ᠨᠢ ᠮᠠᠨ ᠤ ᠣᠷᠣᠨ ᠤ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠲᠥᠪᠰᠢᠨ ᠤ ᠰᠢᠯᠭᠠᠯᠲᠠ ᠶᠢᠨ ᠰᠢᠯᠭᠠᠭᠤᠯᠬᠤ ᠬᠠᠷᠢᠶ᠎ᠠ ᠳᠤ ᠳᠠᠩᠰᠠᠯᠠᠭᠤᠯᠤᠭᠰᠠᠨ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠤᠶᠠᠷ᠂ ᠭᠤᠷᠪᠠᠳᠤᠭᠠᠷ ᠣᠨ ᠤ ᠰᠤᠷᠭᠠᠭᠤᠯᠢ ᠳᠤ ᠪᠠᠶᠢᠭ᠎ᠠ ᠰᠤᠷᠤᠭᠴᠢᠳ ᠪᠣᠯᠤᠨ᠎ᠠ᠃ ᠡᠭᠦᠨ ᠳᠤ᠂ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠭᠤᠷᠪᠠᠳᠤᠭᠠᠷ ᠣᠨ ᠤ ᠬᠢᠨ ᠬᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠬᠡᠯᠡ ᠵᠡᠷᠭᠡ ᠭᠤᠷᠪᠠᠨ ᠬᠢᠴᠢᠶᠡᠯ ᠲᠥᠷᠥᠯ ᠢ ᠰᠢᠯᠭᠠᠭᠤᠯᠤᠨ᠎ᠠ︔ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠤᠶᠠᠳᠤᠭᠠᠷ ᠣᠨ ᠤ ᠬᠢᠨ ᠠᠮᠢᠳᠤ ᠪᠣᠳᠠᠰ᠂ ᠲᠡᠦᠬᠡ᠂ ᠭᠠᠵᠠᠷ ᠵᠦᠶ ᠵᠡᠷᠭᠡ ᠭᠤᠷᠪᠠᠨ ᠬᠢᠴᠢᠶᠡᠯ ᠲᠥᠷᠥᠯ ᠢ ᠰᠢᠯᠭᠠᠭᠤᠯᠤᠨ᠎ᠠ᠃ ᠦᠨᠳᠦᠷ ᠳᠤᠮᠳᠠᠳᠤ ᠶᠢᠨ ᠭᠤᠷᠪᠠᠳᠤᠭᠠᠷ ᠣᠨ ᠤ ᠰᠤᠷᠤᠭᠴᠢᠳ ᠬᠡᠷᠪᠡ ᠠᠮᠢᠳᠤ ᠪᠣᠳᠠᠰ᠂ ᠲᠡᠦᠬᠡ᠂ ᠭᠠᠵᠠᠷ ᠵᠦᠶ ᠵᠡᠷᠭᠡ ᠬᠢᠴᠢᠶᠡᠯ ᠲᠦᠷᠦᠯ ᠳᠡᠭᠡᠨ ᠬᠢᠷᠢ ᠲᠡᠩᠴᠡᠭᠰᠡᠨ ᠦᠭᠡᠢ ᠪᠣᠯ᠂ ᠬᠠᠷᠢᠴᠠᠩᠭᠤᠢ ᠪᠦᠬᠦᠢ ᠬᠢᠴᠢᠶᠡᠯ ᠲᠥᠷᠥᠯ ᠳᠤ ᠳᠠᠬᠢᠨ ᠨᠡᠷ᠎ᠡ ᠮᠡᠳᠡᠭᠦᠯᠦᠨ ᠰᠢᠯᠭᠠᠭᠤᠯᠵᠤ ᠪᠣᠯᠤᠨ᠎ᠠ᠃      ᠥᠪᠡᠷᠲᠡᠭᠡᠨ ᠵᠠᠰᠠᠬᠤ ᠣᠷᠣᠨ ᠤ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠵᠢᠩᠬᠢᠨᠢ ᠰᠤᠷᠭᠠᠭᠤᠯᠢ ᠶᠢᠨ ᠬᠠᠷᠢᠶ᠎ᠠ ᠲᠠᠢ ᠪᠥᠭᠡᠳ ᠡᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠲᠡᠭᠦᠰᠦᠭᠰᠡᠨ ᠵᠢᠯ ᠳᠡᠭᠡᠨ ᠮᠠᠨ ᠤ ᠣᠷᠣᠨ ᠤ ᠡᠩ ᠤᠨ ᠶᠡᠭᠡ ᠳᠡᠭᠡᠳᠦ ᠰᠤᠷᠭᠠᠭᠤᠯᠢ ᠳᠤ ᠡᠯᠰᠡᠬᠦ ᠰᠢᠯᠭᠠᠯᠲᠠ ᠶᠢᠨ ᠨᠡᠷ᠎ᠡ ᠮᠡᠳᠡᠭᠦᠯᠬᠦ ᠬᠢᠷᠢ ᠬᠡᠮ ᠤᠨ ᠨᠥᠬᠦᠴᠡᠯ ᠳᠤ ᠨᠡᠶᠢᠴᠡᠭᠰᠡᠨ ᠰᠤᠷᠤᠯᠭ᠎ᠠ ᠶᠢᠨ ᠬᠢᠷᠢ ᠲᠥᠪᠰᠢᠨ ᠤ ᠰᠢᠯᠭᠠᠯᠲᠠ ᠶᠢᠨ ᠰᠢᠯᠭᠠᠭᠤᠯᠬᠤ ᠬᠠᠷᠢᠶ᠎ᠠ ᠪᠠᠨ ᠳᠠᠩᠰᠠᠯᠠᠭᠤᠯᠤᠭᠰᠠᠨ ᠦᠭᠡᠢ ᠬᠤᠶᠠᠷ᠂ ᠭᠤᠷᠪᠠᠳᠤᠭᠠᠷ ᠣᠨ ᠤ ᠰᠤᠷᠭᠠᠭᠤᠯᠢ ᠳᠤ ᠪᠠᠶᠢᠭ᠎ᠠ ᠰᠤᠷᠤᠭᠴᠢᠳ᠂ ᠲᠣᠭᠲᠠᠭᠰᠠᠨ ᠴᠠᠭ ᠬᠤᠭᠤᠴᠠᠭᠠᠨ ᠳᠣᠲᠣᠷ᠎ᠠ ᠥᠪᠥᠷ ᠮᠣᠩᠭᠤᠯ ᠤᠨ ᠰᠣᠷᠣᠭᠴᠢ ᠡᠯᠰᠡᠬᠦ ᠰᠢᠯᠭᠠᠯᠲᠠ ᠶᠢᠨ ᠮᠡᠳᠡᠭᠡ ᠵᠠᠩᠭᠢ ᠶᠢᠨ ᠰᠦᠯᠵᠢᠶ᠎ᠡ ︵http᠄//www.nm.zsks.cn︶᠎ ᠶᠢᠨ ︽ᠰᠤᠷᠤᠯᠭ᠎ᠠ ᠶᠢᠨ ᠬᠢᠷᠢ ᠲᠦᠪᠰᠢᠨ ᠤ ᠰᠢᠯᠭᠠᠯᠲᠠ︾᠎ ᠶᠢᠨ ᠰᠤᠪᠠᠭ ᠲᠤ ᠰᠢᠯᠭᠠᠭᠤᠯᠬᠤ ᠬᠠᠷᠢᠶ᠎ᠠ ᠪᠠᠨ ᠨᠥᠬᠦᠵᠦ ᠳᠠᠩᠰᠠᠯᠠᠭᠤᠯᠵᠤ ᠪᠣᠯᠤᠨ᠎ᠠ᠃ ᠰᠢᠯᠭᠠᠭᠤᠯᠬᠤ ᠬᠠᠷᠢᠶ᠎ᠠ ᠪᠠᠨ ᠨᠥᠬᠦᠵᠦ ᠳᠠᠩᠰᠠᠯᠠᠭᠤᠯᠤᠭᠰᠠᠨ ᠤ ᠬᠤᠶᠢᠨ᠎ᠠ ᠲᠤᠰ ᠤᠳᠠᠭᠠᠨ ᠤ ᠰᠤᠷᠤᠯᠭ᠎ᠠ ᠶᠢᠨ ᠬᠢᠷᠢ ᠲᠥᠪᠰᠢᠨ ᠤ ᠰᠢᠯᠭᠠᠯᠲᠠ ᠳᠤ ᠨᠡᠷ᠎ᠡ ᠮᠡᠳᠡᠭᠦᠯᠦᠨ ᠰᠢᠯᠭᠠᠭᠤᠯᠵᠤ ᠪᠣᠯᠤᠨ᠎ᠠ᠃ ᠡᠭᠦᠨ ᠳᠤ ᠡᠷᠦᠬᠡ ᠠᠮᠠ ᠶᠢᠨ ᠳᠠᠩᠰᠠ ᠪᠠᠨ ᠭᠠᠳᠠᠷ ᠣᠷᠣᠨ ᠠᠴᠠ ᠮᠠᠨ ᠤ ᠣᠷᠣᠨ ᠳᠤ ᠰᠢᠯᠵᠢᠭᠦᠯᠦᠨ ᠨᠡᠭᠦᠯᠭᠡᠭᠰᠡᠨ ᠪᠠ ᠭᠠᠳᠠᠨ᠎ᠠ ᠠᠴᠠ ᠢᠷᠡᠵᠦ ᠠᠵᠢᠯ ᠬᠥᠳᠡᠯᠮᠦᠷᠢ ᠬᠢᠵᠦ ᠪᠠᠶᠢᠭ᠎ᠠ ᠬᠥᠮᠦᠰ ᠤᠨ ᠦᠷ᠎ᠡ ᠬᠡᠤᠬᠡᠳ᠂ ᠲᠤᠰ ᠤᠳᠠᠭᠠᠨ ᠤ ᠰᠤᠷᠤᠯᠭ᠎ᠠ ᠶᠢᠨ ᠬᠢᠷᠢ ᠲᠥᠪᠰᠢᠨ ᠤ ᠰᠢᠯᠭᠠᠯᠲᠠ ᠳᠤ ᠨᠡᠷ᠎ᠡ ᠮᠡᠳᠡᠭᠦᠯᠬᠦ᠂ ᠰᠢᠯᠭᠠᠭᠤᠯᠬᠤ ᠬᠠᠷᠢᠶ᠎ᠠ ᠪᠠᠨ ᠨᠥᠬᠦᠵᠦ ᠳᠠᠩᠰᠠᠯᠠᠭᠤᠯᠬᠤ ᠳᠤ᠂ ᠡᠷᠬᠡᠪᠰᠢ ᠳᠣᠣᠷᠠᠬᠢ ᠨᠥᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠄ ᠡᠷᠦᠬᠡ ᠠᠮᠠ ᠶᠢᠨ ᠳᠠᠩᠰᠠ ᠪᠠᠨ ᠭᠠᠳᠠᠷ ᠣᠷᠣᠨ ᠠᠴᠠ ᠮᠠᠨ ᠤ ᠣᠷᠣᠨ ᠳᠤ ᠰᠢᠯᠵᠢᠭᠦᠯᠦᠨ ᠨᠡᠭᠦᠯᠭᠡᠭᠰᠡᠨ ᠰᠢᠯᠭᠠᠭᠤᠯᠤᠭᠴᠢ᠂ ᠬᠡᠷᠪᠡ ᠲᠤᠰ ᠬᠥᠮᠦᠨ ᠨᠢ ᠭᠠᠳᠠᠷ ᠣᠷᠣᠨ ᠤ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠠᠴᠠ ᠰᠢᠯᠵᠢᠨ ᠣᠷᠣᠵᠤ ᠢᠷᠡᠭᠰᠡᠨ ᠪᠠᠶᠢᠪᠠᠯ᠂ ᠰᠤᠷᠤᠯᠴᠠᠵᠤ ᠪᠠᠶᠢᠭ᠎ᠠ ᠰᠤᠷᠭᠠᠭᠤᠯᠢ᠂ ᠰᠤᠷᠤᠯᠭ᠎ᠠ ᠶᠢᠨ ᠬᠠᠷᠢᠶ᠎ᠠ ᠶᠢᠨ ᠰᠤᠷᠭᠠᠭᠤᠯᠢ ᠨᠢ ᠡᠷᠬᠡᠪᠰᠢ ᠡᠷᠦᠬᠡ ᠠᠮᠠ ᠨᠢ ᠪᠠᠶᠢᠭ᠎ᠠ ᠠᠶᠢᠮᠠᠭ ᠬᠤᠲᠠ ᠳᠤ ᠪᠠᠶᠢᠬᠤ ᠬᠡᠷᠡᠭᠲᠡᠢ︔ ᠭᠠᠳᠠᠨ᠎ᠠ ᠠᠴᠠ ᠢᠷᠡᠵᠦ ᠠᠵᠢᠯ ᠬᠥᠳᠡᠯᠮᠦᠷᠢ ᠬᠢᠵᠦ ᠪᠠᠶᠢᠭ᠎ᠠ ᠬᠥᠮᠦᠰ ᠤᠨ ᠦᠷ᠎ᠡ ᠬᠡᠤᠬᠡᠳ ᠪᠣᠯ᠂ ᠰᠤᠷᠤᠯᠴᠠᠵᠤ ᠪᠠᠶᠢᠭ᠎ᠠ ᠰᠤᠷᠭᠠᠭᠤᠯᠢ᠂ ᠰᠤᠷᠤᠯᠭ᠎ᠠ ᠶᠢᠨ ᠬᠠᠷᠢᠶ᠎ᠠ ᠶᠢᠨ ᠰᠤᠷᠭᠠᠭᠤᠯᠢ ᠨᠢ ᠡᠷᠬᠡᠪᠰᠢ ᠠᠳᠠᠯᠢ ᠨᠢᠭᠡᠨ ᠠᠶᠢᠮᠠᠭ ᠬᠤᠲᠠ ᠳᠤ ᠪᠠᠶᠢᠬᠤ ᠬᠡᠷᠡᠭᠲᠡᠶ︔ ᠥᠨᠳᠥᠷ ᠳᠤᠮᠳᠠᠳᠤ ᠶᠢᠨ ᠨᠢᠭᠡᠳᠦᠭᠡᠷ ᠣᠨ ᠳᠤ ᠤᠷᠤᠭᠰᠠᠨ ᠠᠴᠠ ᠠᠪᠤᠭᠠᠳ ᠲᠤᠰ ᠬᠥᠮᠦᠨ ᠨᠢ ᠡᠷᠬᠡᠪᠰᠢ ᠰᠤᠷᠤᠯᠴᠠᠵᠤ ᠪᠠᠶᠢᠭ᠎ᠠ ᠰᠤᠷᠭᠠᠭᠤᠯᠢ ᠳᠠᠭᠠᠨ ᠦᠷᠭᠦᠯᠵᠢᠯᠡᠨ ᠰᠤᠷᠤᠯᠴᠠᠭᠰᠠᠨ ᠪᠠᠶᠢᠬᠤ ᠬᠡᠷᠡᠭᠲᠡᠶ᠃      ᠰᠢᠯᠭᠠᠭᠤᠯᠤᠭᠴᠢ ᠰᠢᠯᠭᠠᠯᠲᠠ ᠶᠢᠨ ᠬᠠᠷᠢᠶ᠎ᠠ ᠶᠢᠨ ᠮᠡᠳᠡᠭᠡ ᠵᠠᠩᠭᠢ ᠪᠠᠨ ᠬᠤᠪᠢᠷᠠᠭᠤᠯᠬᠤ ᠴᠢᠬᠤᠯᠠ ᠲᠠᠢ ᠪᠣᠯ᠂ ︽ᠳᠠᠷᠤᠮᠠᠯᠯᠠᠨ ᠲᠠᠷᠬᠠᠭᠠᠬᠤ ᠲᠤᠬᠠᠶ ᠮᠡᠳᠡᠭᠳᠡᠯ︾᠎ ᠤᠨ ᠶᠣᠰᠣᠭᠠᠷ ᠬᠡᠷᠡᠭᠵᠢᠭᠦᠯᠬᠦ ᠪᠥᠭᠡᠳ ᠬᠤᠯᠪᠣᠭᠳᠠᠯ ᠪᠦᠬᠦᠢ ᠮᠠᠲ᠋ᠧᠷᠢᠶᠠᠯ ᠢ ᠪᠡᠯᠡᠳᠬᠡᠵᠦ ᠥᠭᠬᠦ ᠬᠡᠷᠡᠭᠲᠡᠶ᠂ ᠠᠶᠢᠮᠠᠭ ᠬᠤᠲᠠ ᠶᠢᠨ ᠰᠢᠯᠭᠠᠯᠲᠠ ᠶᠢᠨ ᠪᠠᠶᠢᠭᠤᠯᠤᠮᠵᠢ ᠲᠣᠭᠲᠠᠭᠰᠠᠨ ᠬᠤᠭᠤᠴᠠᠭᠠᠨ ᠳᠣᠲᠣᠷ᠎ᠠ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠰᠣᠷᠣᠭᠴᠢ ᠡᠯᠰᠡᠬᠦ ᠰᠢᠯᠭᠠᠯᠲᠠ ᠶᠢᠨ ᠲᠥᠪ ᠲᠤ ᠨᠢᠭᠡᠳᠦᠯᠲᠡᠶ ᠭᠦᠢᠴᠡᠳᠬᠡᠨ᠎ᠡ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠰᠣᠷᠣᠭᠴᠢ ᠡᠯᠰᠡᠬᠦ ᠰᠢᠯᠭᠠᠯᠲᠠ ᠶᠢᠨ ᠲᠥᠪ ᠨᠢ ᠰᠢᠯᠭᠠᠭᠤᠯᠤᠭᠴᠢ ᠵᠢᠴᠢ ᠭᠡᠷ ᠤᠨ ᠠᠬᠠᠮᠠᠳ ᠤᠨ ᠬᠤᠪᠢ ᠪᠠᠷ ᠢᠶᠠᠨ ᠢᠷᠡᠵᠦ ᠲᠤᠰ ᠵᠦᠢᠯᠡᠰ ᠤᠨ ᠭᠠᠷ ᠭᠦᠢᠴᠡᠳᠬᠡᠯ ᠬᠢᠬᠦ ᠶᠢ  ᠬᠦᠯᠢᠶᠠᠨ ᠠᠪᠴᠤ ᠭᠦᠢᠴᠡᠳᠬᠡᠬᠦ ᠦᠭᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号