ᠠᠷᠪᠠ ᠶᠢᠰᠦᠳᠦᠭᠡᠷ ᠬᠤᠭᠤᠴᠠᠭᠠᠨ ᠤ ᠳᠤᠮᠳᠠᠳᠤ ᠤᠯᠤᠰ ᠤᠨ ᠲᠤᠰᠬᠠᠶ ᠠᠰᠢᠭ ᠤᠨ ᠱᠠᠩᠨᠠᠯ ᠰᠢᠯᠭᠠᠷᠠᠵᠤ  ᠥᠪᠥᠷ ᠮᠣᠩᠭᠤᠯ ᠤᠨ 5 ᠵᠦᠢᠯ ᠤᠨ ᠲᠤᠰᠬᠠᠶ ᠠᠰᠢᠭ ᠤᠨ ᠮᠡᠷᠭᠡᠵᠢᠯ ᠱᠠᠩᠨᠠᠯ ᠬᠥᠷᠲᠡᠪᠡ
ᠨᠡᠶᠢᠲᠡᠯᠡᠭᠰᠡᠨ ᠴᠠᠭ᠄
2017/11/24
     ᠦᠢᠷ᠎ᠠ ᠶᠢᠨ ᠡᠳᠦᠷ᠂ ᠤᠯᠤᠰ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠲᠣᠪᠴᠢᠶ᠎ᠠ ᠠᠷᠪᠠ ᠶᠢᠰᠦᠳᠦᠭᠡᠷ ᠬᠤᠭᠤᠴᠠᠭᠠᠨ ᠤ ᠳᠤᠮᠳᠠᠳᠤ ᠤᠯᠤᠰ ᠤᠨ ᠲᠤᠰᠬᠠᠶ ᠠᠰᠢᠭ ᠤᠨ ᠱᠠᠩᠨᠠᠯ ᠢ ᠰᠢᠯᠭᠠᠷᠠᠭᠤᠯᠤᠭᠰᠠᠨ ᠦᠷ᠎ᠡ ᠳ᠋ᠦᠩ ᠢ ᠨᠡᠶᠢᠲᠡᠯᠡᠵᠦ᠂ ᠨᠡᠶᠢᠲᠡ 897 ᠲᠦᠷᠦᠯ ᠵᠦᠢᠯ ᠱᠠᠩᠨᠠᠯ ᠬᠦᠷᠲᠡᠬᠦ ᠪᠣᠯᠣᠨ᠎ᠠ᠂ ᠡᠭᠦᠨ ᠳᠤ ᠳᠤᠮᠳᠠᠳᠤ ᠤᠯᠤᠰ ᠤᠨ ᠲᠤᠰᠬᠠᠶ ᠠᠰᠢᠭ ᠤᠨ ᠠᠯᠲᠠᠨ ᠮᠧᠳᠠᠯ ᠬᠦᠷᠲᠡᠬᠦ ᠲᠦᠷᠦᠯ ᠵᠦᠢᠯ 20 ᠵᠦᠢᠯ᠂ ᠳᠤᠮᠳᠠᠳᠤ ᠤᠯᠤᠰ ᠤᠨ ᠭᠠᠳᠠᠷ ᠳᠦᠷᠰᠦ ᠶᠢᠨ ᠵᠢᠷᠤᠭ ᠲᠥᠯᠥᠪᠯᠡᠭᠡ ᠶᠢᠨ ᠠᠯᠲᠠᠨ ᠮᠧᠳᠠᠯ ᠬᠦᠷᠲᠡᠬᠦ ᠲᠦᠷᠦᠯ ᠵᠦᠢᠯ 5 ᠵᠦᠢᠯ᠂ ᠳᠤᠮᠳᠠᠳᠤ ᠤᠯᠤᠰ ᠤᠨ ᠲᠤᠰᠬᠠᠶ ᠠᠰᠢᠭ ᠤᠨ ᠰᠢᠯᠢᠳᠡᠭ ᠱᠠᠩᠨᠠᠯ ᠬᠦᠷᠲᠡᠬᠦ ᠲᠦᠷᠦᠯ ᠵᠦᠢᠯ 804 ᠵᠦᠢᠯ᠂ ᠳᠤᠮᠳᠠᠳᠤ ᠤᠯᠤᠰ ᠤᠨ ᠭᠠᠳᠠᠷ ᠳᠦᠷᠰᠦ ᠶᠢᠨ ᠵᠢᠷᠤᠭ ᠲᠥᠯᠥᠪᠯᠡᠭᠡ ᠶᠢᠨ ᠰᠢᠯᠢᠳᠡᠭ ᠱᠠᠩᠨᠠᠯ ᠬᠦᠷᠲᠡᠬᠦ ᠲᠦᠷᠦᠯ ᠵᠦᠢᠯ 68 ᠵᠦᠢᠯ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤ ᠰᠢᠨᠵᠢᠯᠡᠬᠦ ᠤᠬᠠᠭᠠᠨ ᠮᠡᠷᠭᠡᠵᠢᠯ ᠤᠨ ᠲᠢᠩᠬᠢᠮ ︵ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠲᠣᠪᠴᠢᠶ᠎ᠠ︶᠎ ᠤᠨ ᠲᠠᠨᠢᠯᠴᠠᠭᠤᠯᠤᠭᠰᠠᠨ 5 ᠵᠦᠢᠯ ᠤᠨ ᠲᠤᠰᠬᠠᠶ ᠠᠰᠢᠭ ᠤᠨ ᠮᠡᠷᠭᠡᠵᠢᠯ ᠱᠠᠩᠨᠠᠯ ᠬᠦᠷᠲᠡᠵᠦ᠂ ᠬᠠᠮᠤᠭ ᠤᠨ ᠤᠯᠠᠨ ᠱᠠᠩᠨᠠᠯ ᠬᠦᠷᠲᠡᠭᠰᠡᠨ ᠨᠢᠭᠡ ᠤᠳᠠᠭ᠎ᠠ ᠪᠣᠭᠯᠠᠪᠠ᠃      ᠣᠶᠢᠯᠠᠭᠠᠭᠰᠠᠨ ᠢᠶᠠᠷ᠂ ︽ᠵᠢᠮᠢᠰ ᠨᠣᠭᠤᠭ᠎ᠠ ᠶᠢᠨ ᠮᠥᠬᠦᠯᠢᠭ ᠠᠭᠤᠯᠤᠭᠰᠠᠨ ᠰᠢᠩᠭᠡᠨ ᠪᠡᠶᠡᠲᠦ ᠴᠠᠭᠠᠨ ᠢᠳᠡᠭᠡᠨ ᠤ ᠦᠢᠯᠡᠳᠪᠦᠷᠢᠯᠡᠯ ᠤᠨ ᠠᠷᠭ᠎ᠠ︾ ︽ᠬᠡᠳᠦᠶᠢᠳᠦᠮᠡᠯ ᠬᠡᠳᠦ ᠬᠢᠵᠠᠭᠠᠷ ᠤᠨ ᠮᠠᠰᠢᠨ ᠴᠣᠭᠴᠠᠯᠠᠪᠤᠷᠢ ᠶᠢᠨ ᠴᠢᠨᠠᠷ ᠰᠠᠶᠢᠲᠠᠶ PP2 ᠶᠡᠭᠡ ᠠᠮᠡᠳᠦ ᠵᠤᠵᠠᠭᠠᠨ ᠬᠠᠨ᠎ᠠ ᠶᠢᠨ ᠵᠠᠭᠠᠳᠠᠰᠤ ᠦᠭᠡᠢ ᠪᠤᠯᠤᠳ ᠬᠤᠭᠤᠯᠠᠶ ᠦᠢᠯᠡᠳᠬᠦ ᠠᠷᠭ᠎ᠠ︾ ︽ᠨᠢᠭᠡ ᠵᠦᠢᠯ ᠤᠨ ᠹᠢᠱᠤᠷ ᠲᠷᠤᠫᠱ ᠨᠡᠶᠢᠯᠡᠯᠭᠡ ᠬᠠᠶᠠᠭᠳᠠᠮᠠᠯ ᠤᠰᠤ ᠶᠢ ᠨᠡᠭᠦᠷᠡᠰᠦᠨ ᠤ ᠲᠠᠮ ᠢᠶᠠᠷ ᠰᠢᠩᠭᠡᠵᠢᠭᠦᠯᠬᠦ ᠦᠢᠯᠡᠳᠪᠦᠷᠢᠯᠡᠯ ᠳᠤᠮᠳᠠ ᠣᠷᠴᠢᠯᠳᠤᠭᠤᠯᠤᠨ ᠠᠰᠢᠭᠯᠠᠬᠤ ᠰᠢᠰᠲ᠋ᠧᠮ ᠵᠢᠴᠢ ᠠᠷᠭ᠎ᠠ︾ ᠪᠣᠯᠤᠨ ︽ᠾᠯᠣᠷ ᠬᠦᠴᠢᠯ ᠤᠨ ᠨᠠᠲᠷᠢ ᠲᠠᠯᠠᠰᠵᠢᠭᠤᠯᠤᠤᠷ ᠠᠦ᠋ᠲ᠋ᠣ᠋ ᠡᠵᠡᠮᠰᠢᠯ ᠤᠨ ᠬᠦᠴᠦᠳᠡᠯ ᠲᠣᠭᠲᠠᠪᠤᠷᠢᠵᠢᠭᠤᠯᠬᠤ ᠰᠢᠰᠲ᠋ᠧᠮ ︾ ᠵᠡᠷᠭᠡ 4 ᠵᠦᠢᠯ ᠤᠨ ᠡᠭᠦᠳᠦᠯᠲᠡ ᠶᠢᠨ ᠲᠤᠰᠬᠠᠶ ᠠᠰᠢᠭ ᠨᠢ ᠳᠤᠮᠳᠠᠳᠤ ᠤᠯᠤᠰ ᠤᠨ ᠲᠤᠰᠬᠠᠶ ᠠᠰᠢᠭ ᠤᠨ ᠰᠢᠯᠢᠳᠡᠭ ᠱᠠᠩᠨᠠᠯ ᠬᠦᠷᠲᠡᠵᠦ᠂ ᠥᠪᠥᠷ ᠮᠣᠩᠭᠤᠯ ᠤᠨ ᠮᠧᠩ ᠨᠢᠦ ᠰᠦ ᠶᠢᠨ ᠦᠢᠯᠡᠰ ᠤᠨ ︵ᠪᠦᠯᠦᠭᠯᠡᠯ︶ ᠬᠤᠪᠢ ᠣᠷᠤᠭᠤᠯᠤᠯᠲᠠ ᠶᠢᠨ ᠬᠢᠵᠠᠭᠠᠷᠲᠤ ᠺᠣᠮᠫᠠᠨᠢ ᠨᠢ ᠳᠤᠮᠳᠠᠳᠤ ᠤᠯᠤᠰ ᠤᠨ ᠭᠠᠳᠠᠷ ᠳᠦᠷᠰᠦ ᠶᠢᠨ ᠵᠢᠷᠤᠭ ᠲᠥᠯᠥᠪᠯᠡᠭᠡᠨ ᠤ ᠰᠢᠯᠢᠳᠡᠭ ᠱᠠᠩᠨᠠᠯ ᠢ ᠬᠦᠷᠲᠡᠪᠡ᠂ ᠡᠨᠡ ᠨᠢ ᠮᠥᠨ ᠴᠦ ᠮᠠᠨ ᠤ ᠣᠷᠣᠨ ᠠᠩᠬ᠎ᠠ ᠤᠳᠠᠭ᠎ᠠ ᠡᠨᠡᠬᠦ ᠱᠠᠩᠨᠠᠯ ᠢ ᠬᠦᠷᠲᠡᠵᠦ ᠪᠠᠶᠢᠭ᠎ᠠ ᠶᠤᠮ ᠪᠠᠶᠢᠨ᠎ᠠ᠃      ᠳᠤᠮᠳᠠᠳᠤ ᠤᠯᠤᠰ ᠤᠨ ᠲᠤᠰᠬᠠᠶ ᠠᠰᠢᠭ ᠤᠨ ᠱᠠᠩᠨᠠᠯ ᠢ ᠤᠯᠤᠰ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠲᠣᠪᠴᠢᠶ᠎ᠠ 1989 ᠣᠨ ᠳᠤ ᠪᠠᠶᠢᠭᠤᠯᠤᠭᠰᠠᠨ ᠪᠦᠭᠡᠳ ᠮᠠᠨ ᠤ ᠤᠯᠤᠰ ᠤᠨ ᠴᠤᠷ ᠤᠨ ᠭᠠᠭᠴᠠ ᠲᠤᠰᠬᠠᠶᠢᠯᠠᠨ ᠲᠤᠰᠬᠠᠶ ᠠᠰᠢᠭ ᠤᠨ ᠡᠷᠬᠡ ᠶᠢᠨ ᠡᠭᠦᠳᠦᠡ ᠪᠦᠲᠦᠭᠡᠯᠲᠡ ᠳᠤ ᠣᠯᠭᠤᠬᠤ ᠵᠠᠰᠠᠭ ᠤᠨ ᠣᠷᠳᠣᠨ ᠤ ᠰᠠᠯᠠᠭ᠎ᠠ ᠮᠥᠴᠢᠷ ᠤᠨ ᠱᠠᠩᠨᠠᠯ ᠪᠣᠯᠣᠨ᠎ᠠ᠂ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠮᠡᠳᠡᠯᠭᠡ ᠶᠢᠨ ᠪᠦᠲᠦᠬᠡᠭᠳᠡᠬᠦᠨ ᠤ ᠦᠮᠴᠢᠯᠡᠬᠦ ᠡᠷᠬᠡ ᠶᠢᠨ ᠵᠣᠬᠢᠶᠠᠨ ᠪᠠᠶᠢᠭᠤᠯᠤᠯᠲᠠ ︵WIPO︶᠎ ᠳᠤ ᠦᠨᠡᠮᠰᠢᠭᠳᠡᠵᠦ᠂ ᠳᠡᠯᠡᠬᠡᠶ ᠳᠡᠭᠡᠷ᠎ᠡ ᠵᠣᠬᠢᠬᠤ ᠨᠥᠯᠥᠭᠡ ᠦᠵᠡᠭᠦᠯᠵᠦ ᠪᠠᠶᠢᠨ᠎ᠠ᠃ ᠣᠳᠣᠬᠠᠨ ᠳᠤ ᠨᠢᠭᠡᠨᠲᠡ ᠠᠷᠪᠠᠨ ᠲᠠᠪᠤᠨ ᠬᠤᠭᠤᠴᠠᠭ᠎ᠠ ᠰᠢᠯᠭᠠᠷᠠᠭᠤᠯᠤᠨ᠂ 2009 ᠣᠨ ᠳᠤ ᠪᠣᠯᠤᠭᠰᠠᠨ ᠠᠷᠪᠠᠨ ᠨᠢᠭᠡᠳᠦᠭᠡᠷ ᠬᠤᠭᠤᠴᠠᠭ᠎ᠠ ᠠᠴᠠ ᠡᠬᠢᠯᠡᠵᠦ᠂ ᠳᠤᠮᠳᠠᠳᠤ ᠤᠯᠤᠰ ᠤᠨ ᠲᠤᠰᠬᠠᠶ ᠠᠰᠢᠭ ᠤᠨ ᠱᠠᠩᠨᠠᠯ ᠰᠢᠯᠭᠠᠷᠠᠭᠤᠯᠬᠤ ᠦᠶᠡᠯᠡᠯ ᠤᠨ ᠬᠤᠭᠤᠴᠠᠭ᠎ᠠ ᠶᠢ ᠬᠤᠶᠠᠷ ᠵᠢᠯ ᠳᠤ ᠨᠢᠭᠡ ᠬᠤᠭᠤᠴᠠᠭ᠎ᠠ ᠪᠠᠶᠢᠭᠰᠠᠨ ᠠᠴᠠ ᠨᠢ ᠵᠢᠯ ᠤᠨ ᠨᠢᠭᠡ ᠬᠤᠭᠤᠴᠠᠭ᠎ᠠ ᠪᠣᠯᠭᠠᠨ ᠦᠭᠡᠷᠡᠴᠢᠯᠡᠪᠡ᠃ ᠱᠠᠩᠨᠠᠯ ᠲᠣᠭᠲᠠᠭᠠᠬᠤ ᠪᠠᠷᠢᠮᠵᠢᠶ᠎ᠠ ᠨᠢ ᠲᠦᠷᠦᠯ ᠵᠦᠢᠯ ᠤᠨ ᠲᠤᠰᠬᠠᠶ ᠠᠰᠢᠭ ᠤᠨ ᠮᠡᠷᠭᠡᠵᠢᠯ ᠤᠨ ᠬᠢᠷᠢ ᠲᠥᠪᠰᠢᠨ ᠪᠣᠯᠣᠨ ᠰᠢᠨ᠎ᠡ ᠶᠢ ᠡᠭᠦᠳᠦᠯᠲᠡ ᠶᠢᠨ ᠦᠨᠳᠦᠷᠴᠡ ᠶᠢ ᠴᠢᠬᠤᠯᠠᠴᠢᠯᠠᠬᠤ ᠪᠠᠷ ᠪᠠᠷᠠᠬᠤ ᠦᠭᠡᠢ᠂ ᠪᠠᠰᠠ ᠲᠡᠭᠦᠨ ᠤ ᠵᠠᠬ᠎ᠠ ᠳᠡᠯᠭᠡᠭᠦᠷ ᠤᠨ ᠤᠯᠠᠷᠢᠭᠤᠯᠤᠯᠲᠠ ᠶᠢᠨ ᠶᠠᠪᠤᠴᠠ ᠳᠤᠮᠳᠠᠬᠢ ᠬᠡᠷᠡᠭᠯᠡᠭᠡᠨ ᠤ ᠪᠠᠶᠢᠳᠠᠯ ᠢ ᠨᠢ ᠴᠢᠬᠤᠯᠠᠴᠢᠯᠠᠵᠤ᠂ ᠡᠭᠦᠨ ᠤ ᠬᠠᠮᠲᠤ ᠪᠠᠰᠠ ᠲᠡᠭᠦᠨ ᠤ ᠬᠠᠮᠠᠭᠠᠯᠠᠯᠲᠠ ᠶᠢᠨ ᠪᠠᠶᠢᠳᠠᠯ ᠪᠣᠯᠣᠨ ᠬᠠᠮᠢᠶᠠᠷᠤᠯᠲᠠ ᠶᠢᠨ ᠪᠠᠶᠢᠳᠠᠯ ᠳᠤ ᠱᠠᠭᠠᠷᠳᠠᠯᠭ᠎ᠠ ᠳᠤᠷᠠᠳᠤᠨ᠎ᠠ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号