ᠬᠤᠳᠡ ᠶᠢᠨ ᠣᠷᠴᠢᠨ ᠲᠤᠭᠤᠷᠢᠨ ᠢ ᠶᠡᠷᠦᠩᠭᠡᠶᠢᠯᠡᠨ ᠴᠡᠭᠴᠡᠯᠡᠨ ᠵᠠᠰᠠᠬᠤ ᠲᠣᠰᠬᠠᠢ ᠠᠵᠢᠯᠯᠠᠭ᠎ᠠ ᠶᠢ ᠦᠷᠨᠢᠬᠦᠯᠬᠦ ᠲᠣᠬᠠᠢ ᠦᠪᠣᠷ ᠮᠤᠩᠭᠤᠯ ᠤᠨ ᠦᠪᠡᠷᠳᠡᠭᠡᠨ ᠵᠠᠰᠬᠠᠥ ᠣᠷᠣᠨ ᠤ ᠠᠷᠡᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2017/12/7
             ᠦᠪᠣᠷ ᠵᠠᠰᠠᠭ ᠠᠯᠪᠠᠨ ᠲᠠᠷᠬᠠᠭᠠᠠᠠᠰᠠᠨ ᠴᠠᠬᠢᠯᠭᠠᠨ ﹇2017﹈ 58 ᠳ᠋ᠣᠭᠠᠷ ᠲᠣᠭᠠᠳᠣ                           6 ᠳ᠋ᠣᠭᠠᠷ ᠰᠡᠷ᠎ᠠ ᠶᠢᠨ 30 ᠤ ᠡᠳᠣᠷ ᠡᠯ᠎ᠡ ᠠᠶᠢᠮᠠᠭ ᠤᠨ ᠵᠠᠬᠢᠷᠭ᠎ᠠ᠂ ᠬᠤᠳᠡ ‍ᠶᠢᠢᠨ ᠠᠷᠡᠳ ᠤᠨ ᠵᠠᠰᠠᠭ ᠤᠨ ᠣᠷᠳᠣᠨ᠂ ᠦᠪᠡᠷᠳᠡᠭᠡᠨ ᠵᠠᠰᠬᠠᠥ ᠣᠷᠣᠨ ᠤ ᠡᠯ᠎ᠡ ᠵᠦᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠥ ᠠᠵᠦ ᠠᠬᠤᠶᠢᠯᠠᠯ᠂ ᠠᠵᠢᠯ ᠦᠢᠯᠡᠰ ᠤᠨ ᠨᠢᠭᠡᠴᠡ ᠳᠤ᠄      ᠬᠤᠳᠡ ᠶᠢᠨ ᠣᠷᠴᠢᠨ ᠲᠤᠭᠤᠷᠢᠨ ᠤ ᠳᠥᠷᠰᠦ ᠪᠠᠶᠢᠳᠡᠯ ᠢ ᠣᠯᠡᠮ ᠨᠢᠭᠡ ᠠᠯᠬᠤᠮ ᠰᠠᠶᠢᠵᠢᠷᠡᠭᠤᠯᠵᠦ᠂ ᠣᠷᠣᠰᠢᠨ ᠰᠠᠭᠤᠬᠤ ᠣᠷᠴᠢᠨ ᠲᠤᠭᠤᠷᠢᠨ ᠤ ᠶᠠᠰᠣ ᠴᠢᠨᠡᠷ ᠢ ᠪᠦᠬᠦ ᠳᠡᠯ᠎ᠠ ᠪᠠᠷ ᠳᠡᠭᠡᠭᠰᠢᠯᠡᠬᠦᠯᠦᠨ᠂ ᠰᠠᠶᠢᠨ ᠰᠠᠶᠢᠬᠠᠨ ᠬᠤᠳᠡ ᠶᠢᠨ ᠳᠦᠷᠢ ᠳᠥᠷᠬᠦ ᠶᠢ ᠪᠤᠢ ᠪᠤᠯᠭᠠᠨ᠂ ᠬᠤᠳᠡ ᠶᠢᠨ ᠣᠷᠴᠢᠨ ᠲᠤᠭᠤᠷᠢᠨ ᠤ ᠠᠷᠢᠭᠤᠨ ᠴᠡᠪᠡᠷ ᠤᠨ ︽ᠪᠤᠵᠠᠷ ᠨᠣᠪᠰᠢ ᠲᠠᠢ︾ ᠵᠡᠷᠭᠡ ᠠᠰᠠᠭᠤᠳᠡᠯ ᠢ ᠰᠢᠢᠳᠪᠦᠷᠢᠯᠡᠵᠦ᠂ ᠴᠤ᠋ ᠰᠢᠨ᠎ᠡ ᠳᠥᠷᠰᠦ ᠪᠠᠶᠢᠳᠡᠯ ᠢᠶᠠᠷ ᠨᠠᠮ ᠤᠨ ᠠᠷᠪᠡ ᠶᠢᠰᠦᠳᠦᠭᠡᠷ ᠶᠡᠭᠡ ᠬᠤᠷᠡᠯ ᠤᠨ ᠢᠯᠡᠯᠳᠡ ᠲᠠᠢ ᠬᠤᠷᠡᠯᠳᠣᠬᠤ ᠪᠠ ᠦᠪᠡᠷᠳᠡᠭᠡᠨ ᠵᠠᠰᠠᠬᠤ ᠣᠷᠣᠨ ᠪᠠᠶᠢᠭᠤᠯᠥᠠᠠᠳ᠋ᠬᠠᠰᠠᠨ 70 ᠵᠢᠯ ᠤᠨ ᠣᠢ ᠶᠢ ᠣᠠᠠᠳᠣᠬᠤ ᠶᠢᠨ ᠲᠣᠰᠠᠳᠡ᠂ ᠦᠪᠡᠷᠳᠡᠭᠡᠨ ᠵᠠᠰᠠᠬᠤ ᠣᠷᠣᠨ ᠤ ᠠᠷᠡᠳ ᠤᠨ ᠵᠠᠰᠠᠭ ᠤᠨ ᠣᠷᠳᠣᠨ ᠠᠴᠠ ᠪᠦᠬᠦ ᠣᠷᠣᠨ ᠤ ᠭᠡᠪᠴᠢᠶᠡᠨ ᠳᠤ ᠬᠤᠳᠡ ᠶᠢᠨ ᠣᠷᠴᠢᠨ ᠲᠤᠭᠤᠷᠢᠨ ᠢ ᠶᠡᠷᠦᠩᠭᠡᠶᠢᠯᠡᠨ ᠴᠡᠭᠴᠡᠯᠡᠨ ᠵᠠᠰᠠᠬᠤ ᠲᠣᠰᠬᠠᠢ ᠠᠵᠢᠯᠯᠠᠭ᠎ᠠ ᠶᠢ ᠦᠷᠨᠢᠬᠦᠯᠬᠦ ᠪᠠᠷ ᠲᠣᠠᠠᠳᠠᠪᠠ᠃ ᠡᠳᠦᠬᠡ ᠬᠤᠯᠪᠤᠠᠠᠳᠡᠯ ᠪᠦᠬᠦᠢ ᠣᠴᠢᠷ ᠢ ᠲᠣᠣᠷᠡᠬᠢ ᠮᠡᠳᠣ ᠮᠡᠳᠡᠭᠳᠡᠪᠡ᠄      ᠨᠢᠭᠡ᠂ ᠶᠡᠷᠦᠩᠭᠡᠢ ᠱᠠᠭᠠᠷᠳᠡᠯᠭ᠎ᠠ      ᠬᠤᠳᠡ ᠶᠢᠨ ᠣᠷᠴᠢᠨ ᠲᠤᠭᠤᠷᠢᠨ ᠤ ᠶᠠᠰᠣ ᠴᠢᠨᠡᠷ ᠢ ᠪᠦᠬᠦ ᠳᠡᠯ᠎ᠠ ᠪᠠᠷ ᠳᠡᠭᠡᠭᠰᠢᠯᠡᠬᠦᠯᠬᠦ ᠪᠠᠷ ᠵᠣᠷᠢᠯᠭ᠎ᠠ ᠪᠣᠯᠭᠠᠭᠰᠠᠨ᠂ ᠣᠯᠡᠨ ᠳᠥᠮᠡᠨ ᠤ ᠨᠡᠶᠢᠳᠡᠮ ᠠᠩᠬᠠᠷᠴᠥ ᠪᠦᠬᠦᠢ ᠭᠤᠤᠯ ᠵᠠᠮ ᠱᠣᠭᠤᠮ᠂ ᠵᠢᠵᠢᠭ ᠵᠡᠭᠡᠯᠢ ᠭᠤᠳᠣᠮᠵᠢ ᠳᠠᠭᠠᠥ ᠶᠢᠨ ᠣᠷᠴᠢᠨ ᠲᠤᠭᠤᠷᠢᠨ ᠤ ᠠᠷᠢᠭᠤᠨ ᠴᠡᠪᠡᠷ ᠢᠶᠠᠷ ᠵᠣᠠᠠᠰᠣᠴᠠ ᠪᠠ ᠡᠬᠦᠰᠦᠴᠠ ᠪᠤᠯᠭᠠᠬᠤ ᠶᠢᠨ ᠲᠤᠭᠤᠷᠢᠨ ᠳᠤ᠂ ᠭᠤᠤᠯᠳᠡᠯᠭ᠎ᠠ ᠲᠠᠢ ᠪᠦᠭᠡᠳ ᠪᠦᠬᠦᠯᠢ ᠴᠣᠠᠠᠴᠠ ᠪᠠᠷ ᠨᠢ ᠠᠬᠢᠭᠤᠯᠬᠤ ᠶᠢ ᠬᠠᠷᠢᠯᠴᠠᠨ ᠣᠶᠠᠯᠳᠣᠭᠤᠯᠬᠤ ᠶᠢ ᠪᠡᠷᠢᠮᠳᠡᠯᠡᠵᠦ᠂ ︽ᠳᠥᠪᠯᠡᠷᠡᠬᠦᠯᠥᠨ ᠴᠡᠭᠴᠡᠯᠡᠨ ᠵᠠᠰᠠᠬᠤ᠂ ᠶᠡᠷᠦᠩᠭᠡᠶᠢᠯᠡᠨ ᠵᠠᠰᠠᠬᠤ᠂ ᠲᠣᠠᠠᠳᠡᠴᠠ ᠶᠢ ᠳᠡᠬᠦᠯᠳᠡᠷᠵᠢᠬᠦᠯᠬᠦ᠂ ᠣᠷᠳᠣ ᠬᠤᠭᠤᠴᠠᠭ᠎ᠠ ᠬᠦᠴᠣᠨ ᠲᠠᠢ ᠪᠠᠶᠢᠯᠭᠠᠬᠤ ᠶᠢ ᠦᠨᠡᠨᠬᠦ ᠪᠠᠳᠣᠯᠠᠬᠤ︾ ᠵᠠᠷᠴᠢᠮ ᠶᠣᠰᠣᠭᠠᠷ᠂ ᠨᠢᠭᠡᠳᠦᠯᠳᠡᠢ ᠱᠠᠭᠠᠷᠳᠡᠬᠤ᠂ ᠠᠵᠢᠯ ᠬᠤᠪᠢᠶᠡᠷᠢᠯᠡᠨ ᠬᠠᠷᠢᠭᠤᠴᠠᠬᠤ᠂ ᠬᠤᠷᠢᠠᠠᠯᠠᠬᠤ ᠪᠠ ᠰᠢᠯᠥᠭᠤᠳᠬᠠᠬᠤ ᠶᠢ ᠣᠶᠠᠯᠳᠣᠭᠤᠯᠬᠤ ᠠᠷᠭ᠎ᠠ ᠶᠢ ᠭᠡᠷᠡᠭᠯᠡᠨ᠂ ᠪᠦᠬᠦ ᠣᠷᠣᠨ ᠤ ᠬᠤᠳᠡ ᠶᠢᠨ ᠣᠷᠴᠢᠨ ᠲᠤᠭᠤᠷᠢᠨ ᠢ ᠶᠡᠷᠦᠩᠭᠡᠶᠢᠯᠡᠨ ᠴᠡᠭᠴᠡᠯᠡᠨ ᠵᠠᠰᠠᠬᠤ ᠲᠣᠰᠬᠠᠢ ᠠᠵᠢᠯᠯᠠᠭ᠎ᠠ ᠶᠢ ᠳᠥᠪᠯᠡᠷᠡᠬᠦᠯᠥᠨ ᠦᠷᠨᠢᠬᠦᠯᠵᠦ᠂ ︽ᠣᠷᠴᠢᠨ ᠲᠤᠭᠤᠷᠢᠨ ᠲᠡᠭᠰᠢ ᠴᠠᠪᠡᠷ᠂ ᠵᠠᠮ ᠱᠣᠭᠤᠮ ᠢᠯᠭᠤᠮ ᠰᠢᠯᠥᠭᠤᠬᠠᠨ᠂ ᠭᠤᠶᠤ ᠳᠠᠭᠠᠯᠠᠮᠵᠢᠳᠡᠢ︾ ᠪᠠᠶᠢᠬᠤ ᠬᠠᠷᠡᠯᠳᠡ ᠶᠢ ᠪᠠᠶᠠᠯᠠᠬᠦᠯᠥᠨ᠎ᠠ᠃      ᠬᠤᠶᠡᠷ᠂ ᠭᠤᠤᠯᠳᠠᠯᠭ᠎ᠠ ᠲᠠᠢ ᠡᠬᠦᠷᠭᠡ      ︵ᠨᠢᠭᠡ︶ ᠵᠠᠭᠡᠯᠢ ᠭᠤᠳᠤᠮᠵᠢ ᠶᠢᠨ ᠦᠩᠬᠡ ᠦᠵᠡᠮᠵᠢ ᠶᠢ ᠴᠡᠭᠴᠡᠯᠡᠨ ᠵᠠᠰᠠᠨ᠎ᠠ᠃ ᠭᠤᠤᠯ ᠪᠠ ᠳᠡᠳ᠋ ᠵᠠᠮ ᠱᠣᠭᠤᠮ᠂ ᠵᠢᠵᠢᠭ ᠵᠡᠭᠡᠯᠢ ᠭᠤᠳᠤᠮᠵᠢ ᠶᠢᠨ ᠬᠤᠶᠡᠷ ᠬᠠᠵᠠᠭᠤ ᠶᠢᠨ ᠪᠠᠷᠢᠯᠭ᠎ᠠ ᠶᠢᠨ ᠭᠠᠳᠡᠷ ᠦᠩᠬᠡ ᠶᠢ ᠰᠢᠨᠡᠳᠭᠡᠨ ᠦᠭᠡᠷᠡᠴᠢᠯᠡᠬᠦ ᠪᠠ ᠳᠡᠰ ᠳᠡᠪᠰᠢᠬᠦᠯᠵᠦ᠂ ᠬᠦᠷᠢᠶᠡᠨ ᠤ ᠬᠡᠷᠡᠮ ᠬᠠᠨ᠎ᠠ ᠵᠡᠷᠭᠡ ᠬᠠᠷᠢᠶ᠎ᠠ ᠪᠡᠷᠢᠯᠭ᠎ᠠ ᠶᠢ ᠰᠠᠯᠪᠢᠨ ᠵᠠᠰᠠᠵᠦ ᠭᠤᠶᠤᠵᠢᠭᠤᠯᠥᠨ᠂ ᠡᠪᠳᠡᠷᠬᠡᠢ ᠬᠠᠭᠤᠴᠢᠨ ᠪᠡᠷᠢᠯᠭ᠎ᠠ ᠶᠢ ᠰᠠᠯᠪᠢᠨ ᠵᠠᠰᠠᠬᠤ ᠪᠠ ᠳᠡᠬᠢᠨ ᠪᠠᠶᠢᠭᠤᠯᠥᠨ᠎ᠠ᠃      ︵ᠬᠤᠶᠡᠷ︶ ᠵᠡᠭᠡᠯᠢ ᠭᠤᠳᠣᠮᠵᠢ ᠶᠢᠨ ᠦᠩᠬᠡ ᠦᠵᠡᠮᠵᠢ ᠶᠢ ᠭᠡᠷᠡᠯᠳᠦᠬᠦᠯᠦᠨ᠎ᠠ᠃ ᠭᠤᠤᠯ ᠪᠠ ᠳᠡᠳ᠋ ᠵᠠᠮ ᠱᠣᠭᠤᠮ ᠤᠨ ᠬᠤᠶᠡᠷ ᠬᠠᠵᠠᠭᠤ ᠶᠢᠨ ᠪᠡᠷᠢᠯᠭ᠎ᠠ ᠶᠢᠨ ᠦᠩᠬᠡ ᠦᠵᠡᠮᠵᠢ ᠶᠢ ᠭᠡᠷᠡᠯᠳᠦᠬᠦᠯᠬᠦ ᠶᠢ ᠰᠢᠨᠡᠳᠭᠡᠨ ᠦᠭᠡᠷᠡᠴᠢᠯᠡᠬᠦ ᠪᠠ ᠳᠡᠰ ᠳᠡᠪᠰᠢᠬᠦᠯᠵᠦ᠂ ᠬᠤᠳᠠ ᠶᠢᠨ ᠳᠥᠯᠥᠪᠵᠢᠬᠦᠯᠭᠡ ᠪᠠᠷ ᠲᠤᠭᠤᠷᠢᠭ ᠪᠠᠶᠢᠭᠤᠯᠥᠠᠠᠰᠠᠨ ᠣᠨᠴᠠᠯᠢᠭ ᠪᠠᠶᠢᠷᠢ ᠲᠤᠠᠠᠳᠠᠭᠠᠯᠳᠡ ᠶᠣᠰᠣᠭᠠᠷ᠂ ᠨᠡᠶᠢᠳᠡᠮ ᠢ ᠬᠠᠮᠤᠷᠬᠤ᠂ ᠭᠡᠮᠵᠢᠶ᠎ᠠ ᠶᠢ ᠨᠡᠮᠡᠭᠳᠡᠬᠦᠯᠬᠦ ᠪᠠ ᠶᠠᠰᠣ ᠴᠢᠨᠡᠷ ᠤᠨ ᠳᠡᠰ ᠢ ᠳᠡᠪᠰᠢᠬᠦᠯᠵᠦ᠂ ᠪᠦᠬᠦᠯᠢ ᠴᠣᠠᠠᠴᠠ ᠨᠢ ᠵᠣᠬᠢᠴᠠᠩᠭᠤᠢ᠂ ᠣᠨᠴᠠᠯᠢᠭ ᠢᠶᠠᠷ ᠲᠤᠪᠤᠶᠢᠮ᠎ᠠ ᠭᠡᠷᠡᠯᠳᠦᠬᠦᠯᠭᠡ ᠶᠢᠨ ᠪᠠᠶᠢᠷᠢᠰᠢᠯ ᠢ ᠪᠦᠷᠢᠯᠳᠦᠬᠦᠯᠦᠨ᠎ᠠ᠃      ︵ᠭᠤᠷᠪᠡ︶ ᠵᠠᠮ ᠱᠣᠭᠤᠮ ᠢ ᠰᠠᠯᠪᠢᠨ ᠵᠠᠰᠠᠵᠦ ᠬᠠᠮᠠᠭᠠᠯᠠᠨ᠎ᠠ᠃ ᠭᠤᠤᠯ ᠪᠠ ᠳᠡᠳ᠋ ᠵᠠᠮ ᠱᠣᠭᠤᠮ᠂ ᠵᠢᠵᠢᠭ ᠵᠡᠭᠡᠯᠢ ᠭᠤᠳᠣᠮᠵᠢ ᠶᠢ ᠰᠠᠯᠪᠢᠨ ᠵᠠᠰᠠᠬᠤ ᠪᠠ ᠰᠢᠨᠡᠳᠭᠡᠨ ᠦᠭᠡᠷᠡᠴᠢᠯᠡᠵᠦ᠂ ᠵᠠᠮ ᠱᠣᠭᠤᠮ ᠤᠨ ᠭᠡᠷᠡᠭᠯᠡᠬᠦ ᠴᠢᠳᠠᠪᠬᠢ ᠶᠢ ᠳᠡᠭᠡᠭᠰᠢᠯᠡᠬᠦᠯᠥᠨ᠂ ᠰᠠᠭᠤᠭᠠᠯᠢ ᠠᠷᠡᠳ ᠤᠨ ᠬᠡᠪ ᠤᠨ ᠶᠠᠪᠤᠵᠦ ᠰᠠᠭᠤᠬᠤ ᠶᠢ ᠪᠠᠳᠣᠯᠠᠵᠦ᠂ ᠬᠤᠳᠡ ᠶᠢᠨ ᠲᠥᠪ ᠲᠤᠭᠤᠷᠢᠭ ᠤᠨ ᠭᠤᠤᠯᠳᠡᠯᠭ᠎ᠠ ᠲᠠᠢ ᠵᠠᠮ ᠱᠣᠭᠤᠮ ᠢ ᠴᠢᠮᠡᠭᠯᠡᠨ ᠭᠤᠶᠤᠵᠢᠭᠤᠯᠥᠨ᠎ᠠ᠃      ︵ᠳᠥᠷᠪᠡ︶ ᠴᠡᠴᠡᠷᠯᠢᠭᠵᠢᠬᠦᠯᠥᠨ ᠨᠣᠭᠤᠭᠠᠷᠡᠭᠤᠯᠥᠯᠳᠡ ᠬᠢᠨ᠎ᠠ᠃ ᠭᠤᠤᠯ ᠪᠠ ᠳᠡᠳ᠋ ᠵᠠᠮ ᠱᠣᠭᠤᠮ᠂ ᠵᠢᠵᠢᠭ ᠵᠡᠭᠡᠯᠢ ᠭᠤᠳᠣᠮᠵᠢ ᠶᠢᠨ ᠬᠤᠶᠡᠷ ᠬᠠᠵᠠᠭᠤ ᠶᠢᠨ ᠨᠣᠭᠤᠭᠠᠷᠡᠭᠤᠯᠥᠯᠳᠡ ᠶᠢ ᠳᠡᠬᠦᠯᠳᠡᠷᠵᠢᠬᠦᠯᠦᠨ ᠳᠡᠰ ᠳᠡᠪᠰᠢᠬᠦᠯᠵᠦ᠂ ᠵᠡᠭᠡᠯᠢ ᠳᠠᠭᠠᠦ ᠶᠢᠨ ᠨᠡᠯᠢᠶᠡᠳ ᠶᠡᠭᠡ ᠳᠡᠯᠡᠪᠡᠢ ᠲᠠᠢ ᠰᠤᠯᠡ ᠭᠠᠵᠡᠷ ᠲᠤ ᠴᠡᠴᠡᠷᠯᠢᠭᠵᠢᠬᠦᠯᠥᠨ ᠦᠭᠡᠷᠡᠴᠢᠯᠡᠬᠦ ᠶᠢ ᠭᠡᠷᠡᠭᠵᠢᠬᠦᠯᠦᠨ᠎ᠠ︔ ᠪᠡᠷᠢᠯᠭ᠎ᠠ ᠪᠠ ᠵᠠᠮ ᠱᠣᠭᠤᠮ ᠤᠨ ᠬᠤᠭᠤᠷᠤᠨᠳᠣᠬᠢ ᠰᠤᠯᠡ ᠭᠠᠵᠡᠷ ᠢ ᠬᠦᠢᠴᠡᠳ ᠠᠰᠢᠠᠠᠯᠠᠨ ᠵᠡᠭᠡᠯᠢ ᠳᠠᠭᠠᠥ ᠶᠢᠨ ᠨᠣᠭᠤᠭᠠᠷᠡᠭᠤᠯᠥᠯᠳᠡ ᠶᠢᠨ ᠳᠡᠯᠡᠪᠡᠢ ᠶᠢ ᠦᠷᠭᠡᠳᠭᠡᠨ᠎ᠠ᠃      ︵ᠲᠠᠪᠤ︶ ᠣᠷᠴᠢᠨ ᠲᠤᠭᠤᠷᠢᠨ ᠤ ᠠᠷᠢᠭᠤᠨ ᠴᠡᠪᠡᠷ ᠢ ᠴᠡᠪᠡᠷᠰᠢᠭᠦᠯᠦᠨ᠎ᠡ᠃ ᠬᠤᠳᠡ ᠶᠢᠨ ᠲᠤᠭᠤᠷᠢᠭ ᠤᠨ ᠵᠠᠮ ᠱᠣᠭᠤᠮ ᠵᠢᠴᠢ ᠵᠢᠵᠢᠭ ᠲᠤᠭᠤᠷᠢᠭ ᠤᠨ ᠣᠷᠴᠢᠨ ᠲᠤᠭᠤᠷᠢᠨ ᠤ ᠠᠷᠢᠭᠤᠨ ᠴᠡᠪᠡᠷ ᠢ ᠰᠢᠮᠳᠠᠭᠤᠯᠥᠨ ᠪᠠᠶᠢᠴᠠᠭᠠᠬᠤ ᠶᠢ ᠦᠷᠬᠦᠯᠵᠢᠯᠡᠨ ᠴᠢᠩᠭᠠᠷᠡᠭᠤᠯᠵᠦ᠂ ᠬᠤᠭ ᠨᠣᠪᠰᠢ ᠶᠢ ᠡᠳᠣᠷ ᠲᠤᠨᠢ ᠴᠠᠪᠡᠷᠯᠡᠬᠦ ᠶᠢ ᠬᠦᠢᠴᠡᠳᠭᠡᠨ᠂ ᠪᠣᠵᠠᠷ ᠪᠣᠷᠲᠠᠭ ᠢ ᠣᠷᠬᠢᠨ᠋ᠠᠳᠠᠯ ᠦᠭᠡᠢ᠂ ᠶᠠᠭᠤᠮ᠎ᠠ ᠭᠡᠥᠮ᠎ᠠ ᠪᠠᠨ ᠲᠣᠷ᠎ᠠ ᠪᠠᠷ ᠣᠪᠤᠭᠠᠯᠠᠵᠦ ᠳᠡᠯᠪᠢᠬᠤ ᠦᠭᠡᠢ᠂ ᠲᠣᠷ᠎ᠠ ᠪᠠᠷ ᠵᠢᠷᠣᠵᠦ ᠨᠠᠭᠠᠬᠤ ᠦᠭᠡᠢ᠂ ᠪᠤᠵᠡᠷ ᠣᠰᠦ ᠪᠢᠯᠬᠠᠵᠤ ᠭᠠᠷᠬᠤ ᠦᠭᠡᠢ ᠪᠠᠶᠢᠬᠤ ᠶᠢ ᠪᠡᠶᠡᠯᠡᠬᠦᠯᠦᠨ᠎ᠠ᠃      ︵ᠵᠢᠷᠭᠤᠭ᠎ᠠ︶ ᠭᠠᠳᠠᠭᠤᠷᠬᠢ ᠵᠡᠷ ᠮᠡᠳᠡᠭᠡ ᠶᠢ ᠴᠡᠭᠴᠡᠯᠡᠨ ᠵᠠᠰᠠᠨ᠎ᠠ᠃ ᠰᠢᠨ᠎ᠡ ᠪᠠᠷ ᠨᠡᠮᠡᠭᠳᠡᠭᠰᠡᠨ ᠭᠠᠳᠠᠭᠤᠷᠬᠢ ᠫᠠᠶᠢᠰᠠ ᠢᠯᠡᠷᠭᠡᠶᠢᠯᠡᠯ ᠢ ᠴᠡᠭᠴᠡᠯᠡᠨ ᠵᠠᠰᠠᠬᠤ ᠶᠢ ᠴᠢᠩᠭᠠᠳᠬᠠᠵᠦ᠂ ᠬᠠᠦᠯᠢ ᠠᠴᠠ ᠵᠦᠷᠢᠴᠡᠨ ᠪᠠᠶᠢᠭᠤᠯᠥᠠᠠᠰᠠᠨ ᠬᠡᠷᠡᠮ ᠬᠠᠨ᠎ᠠ᠂ ᠠᠰᠠᠷ ᠴᠤᠭᠴᠠ᠂ ᠭᠠᠵᠡᠷ ᠳᠡᠭᠡᠷ᠎ᠡ ᠪᠣᠰᠬᠠᠭᠰᠠᠨ ᠵᠡᠷ ᠮᠡᠳᠡᠭᠡ ᠶᠢ ᠴᠠᠭᠠᠵᠠᠯᠠᠨ᠂ ᠠᠮᠥᠷ ᠳᠥᠪᠰᠢᠨ ᠤ ᠭᠡᠮ ᠰᠣᠭᠤᠭ ᠲᠠᠢ ᠵᠡᠷ ᠮᠡᠳᠡᠭᠡ ᠶᠢᠨ ᠫᠠᠶᠢᠰᠠ ᠶᠢ ᠨᠣᠷᠠᠭᠠᠵᠦ᠂ ᠭᠡᠯᠪᠡᠷᠢ ᠮᠠᠶ᠋ᠢᠭ ᠨᠢ ᠭᠤᠶᠤ ᠰᠠᠶᠢᠬᠠᠨ᠂ ᠮᠠᠲ᠋ᠧᠷᠢᠶᠡᠯ ᠤᠨ ᠴᠢᠨᠡᠷ ᠨᠢ ᠵᠦᠢ ᠵᠤᠬᠢᠰᠳᠡᠢ᠂ ᠪᠦᠳᠦᠴᠠ ᠨᠢ ᠠᠮᠥᠷ ᠳᠥᠪᠰᠢᠨ᠂ ᠪᠠᠶᠢᠷᠢ ᠨᠢ ᠵᠣᠬᠢᠰᠳᠡᠢ ᠪᠠᠶᠢᠬᠤ ᠶᠢ ᠪᠡᠶᠡᠯᠡᠭᠦᠯᠦᠨ᠎ᠡ᠃      ︵ᠲᠤᠯᠤᠭ᠎ᠠ︶ ᠵᠡᠭᠡᠯᠢ ᠳᠠᠭᠠᠥ ᠶᠢᠨ ᠡᠵᠡᠩᠨᠡᠯᠳᠡ ᠶᠢᠨ ᠡᠮᠬᠢ ᠳᠢᠭᠯᠢᠮ ᠢ ᠴᠡᠭᠴᠡᠯᠡᠨ ᠵᠠᠰᠠᠨ᠎ᠠ᠃ ᠭᠤᠤᠯ ᠪᠠ ᠳᠡᠳ᠋ ᠵᠠᠮ ᠱᠣᠭᠤᠮ᠂ ᠵᠡᠭᠡᠯᠢ ᠭᠤᠳᠣᠮᠵᠢ ᠶᠢᠨ ᠳᠠᠯᠳᠠᠭᠤᠷ ᠪᠠᠶᠢᠭ᠎ᠠ ᠨᠡᠬᠦᠳᠡᠯ ᠳᠡᠯᠭᠡᠭᠡ ᠮᠠᠶᠢᠮᠠᠢ᠂ ᠳᠡᠯᠭᠡᠬᠦᠷ ᠤᠨ ᠭᠠᠳᠠᠨ᠎ᠠ ᠪᠠᠨ ᠶᠠᠭᠤᠮ᠎ᠠ ᠬᠡᠥᠮ᠎ᠠ ᠣᠪᠣᠭᠠᠯᠠᠬᠤ᠂ ᠳᠡᠯᠭᠡᠬᠦᠷ ᠤᠨ ᠭᠠᠳᠠᠨ᠎ᠠ ᠪᠠᠨ ᠠᠵᠢᠯᠯᠠᠬᠠᠤ᠂ ᠳᠡᠯᠭᠡᠬᠦᠷ ᠤᠨ ᠭᠠᠳᠠᠨ᠎ᠠ ᠪᠠᠨ ᠳᠡᠯᠭᠡᠭᠡ ᠮᠠᠶᠢᠮᠠᠢ ᠭᠠᠷᠭᠠᠬᠤ ᠵᠡᠷᠭᠡ ᠬᠠᠦᠯᠢ ᠠᠴᠠ ᠵᠦᠷᠢᠴᠡᠭᠰᠡᠨ ᠦᠢᠯᠡ ᠠᠵᠢᠯᠯᠠᠭ᠎ᠠ ᠶᠢ ᠴᠡᠭᠴᠡᠯᠡᠨ ᠵᠠᠰᠠᠬᠤ ᠡᠷᠴᠢᠮ ᠢ ᠴᠢᠩᠭᠠᠷᠡᠭᠤᠯᠥᠨ᠎ᠠ᠃      ︵ᠨᠡᠢᠮᠠ︶ ᠲᠣᠭᠤᠭᠠᠨ ᠭᠡᠷ ᠤᠨ ᠬᠤᠭ ᠨᠣᠪᠰᠢ ᠶᠢ ᠴᠡᠭᠴᠡᠯᠡᠨ ᠵᠠᠰᠠᠨ᠎ᠠ᠃ ᠡᠬᠢ ᠰᠣᠷᠪᠦᠯᠵᠢ ᠠᠴᠠ ᠨᠢ ᠬᠠᠮᠢᠶᠡᠷᠬᠤ ᠶᠢ ᠴᠢᠩᠭᠠᠳᠬᠠᠵᠦ᠂ ᠲᠤᠭᠤᠭᠠᠨ ᠭᠡᠷ ᠤᠨ ᠬᠤᠭ ᠨᠣᠪᠰᠢ ᠶᠢ ᠴᠣᠠᠠᠯᠠᠭᠤᠯᠬᠤ᠂ ᠴᠡᠪᠡᠷᠯᠡᠨ ᠳᠡᠭᠡᠭᠡᠪᠦᠷᠢᠯᠡᠬᠦ ᠠᠵᠢᠯ ᠤᠨ ᠬᠢᠨᠡᠯᠳᠡ ᠬᠠᠮᠢᠶᠡᠷᠦᠯᠳᠡ ᠶᠢ ᠴᠢᠩᠭᠠᠷᠡᠭᠤᠯᠥᠨ᠂ ᠲᠤᠭᠤᠭᠠᠨ ᠭᠡᠷ ᠤᠨ ᠬᠤᠭ ᠨᠣᠪᠰᠢ ᠶᠢ ᠴᠣᠠᠠᠯᠠᠭᠤᠯᠥᠨ ᠳᠡᠭᠡᠭᠡᠪᠦᠷᠢᠯᠡᠵᠦ ᠰᠢᠢᠳᠪᠦᠷᠢᠯᠡᠬᠦ ᠶᠢ ᠵᠢᠷᠣᠮᠵᠢᠭᠤᠯᠥᠨ᠎ᠠ᠃      ︵ᠶᠢᠰᠦ︶ ᠣᠯᠡᠨ ᠨᠠᠶᠢᠲᠡ ‍ᠶᠢᠢᠨ ᠪᠡᠶ᠎ᠡ ᠵᠠᠰᠠᠬᠤ ᠭᠠᠵᠡᠷ ᠢ ᠴᠡᠭᠴᠡᠯᠡᠨ ᠵᠠᠰᠠᠨ᠎ᠠ᠃ ᠬᠤᠳᠡ ᠲᠤᠭᠤᠷᠢᠭ ᠵᠢᠴᠢ ᠬᠤᠳᠡ ᠶᠢᠨ ᠲᠤᠮᠳᠡᠬᠢ ᠲᠣᠰᠬᠤᠨ ᠤ ᠦᠢᠷ᠎ᠠ ᠬᠠᠪᠢ ᠶᠢᠨ ᠣᠯᠡᠨ ᠨᠡᠶᠢᠲᠡ ᠶᠢᠨ ᠵᠣᠷᠯᠥᠩ ᠢ ᠦᠭᠡᠷᠡᠴᠢᠯᠡᠨ ᠰᠢᠨᠡᠳᠭᠡᠵᠦ᠂ ᠣᠯᠡᠨ ᠨᠡᠶᠢᠲᠡ ᠶᠢᠨ ᠵᠤᠷᠯᠥᠩ ᠤᠨ ᠵᠢᠭᠠᠬᠤ ᠫᠠᠶᠢᠰᠡ᠂ ᠳᠡᠮᠳᠡᠭᠳᠦ ᠫᠠᠶᠢᠰᠡ ᠪᠠᠶᠢᠷᠢᠯᠠᠭᠤᠯᠬᠤ ᠶᠢ ᠵᠢᠷᠤᠮᠵᠢᠭᠤᠨ ᠪᠤᠯᠭᠠᠵᠦ᠂ ᠳᠣᠳᠣᠷ᠎ᠠ ᠭᠠᠳᠠᠨᠠᠬᠢ ᠣᠷᠴᠢᠨ ᠲᠤᠭᠤᠷᠢᠨ ᠨᠢ ᠠᠷᠢᠭᠤᠨ ᠴᠡᠪᠡᠷ ᠲᠡᠭᠰᠢ᠂ ᠪᠡᠯᠡᠳᠭᠡᠮᠵᠢ ᠳᠥᠬᠦᠬᠡᠷᠦᠮᠵᠢ ᠨᠢ ᠪᠦᠷᠢᠨ ᠪᠦᠳᠦᠨ ᠪᠠᠶᠢᠬᠤ ᠶᠢ ᠦᠨᠡᠨᠬᠦ ᠪᠠᠳᠣᠯᠡᠨ᠎ᠠ᠃      ᠭᠤᠷᠪᠡ᠂ ᠠᠵᠢᠯ ᠤᠨ ᠠᠷᠭ᠎ᠠ ᠭᠡᠮᠵᠢᠶ᠎ᠠ      ︵ᠨᠢᠭᠡ︶ ᠵᠤᠬᠢᠶᠡᠨ ᠪᠠᠶᠢᠭᠤᠯᠥᠯᠳᠡ ᠶᠢᠨ ᠣᠳᠣᠷᠢᠳᠣᠯᠭ᠎ᠠ ᠪᠠᠨ ᠴᠢᠩᠭᠠᠳᠬᠠᠨ᠎ᠠ᠃ ᠡᠯ᠎ᠠ ᠠᠶᠢᠮᠠᠭ ᠬᠤᠳᠡ ᠨᠤᠭᠤᠳ ᠬᠤᠳᠡ ᠶᠢᠨ ᠣᠷᠴᠢᠨ ᠲᠤᠭᠤᠷᠢᠨ ᠢ ᠶᠡᠷᠦᠩᠭᠡᠶᠢᠯᠡᠨ ᠴᠡᠭᠴᠡᠯᠡᠨ ᠵᠠᠰᠠᠬᠤ ᠲᠣᠰᠬᠠᠢ ᠠᠵᠢᠯᠯᠠᠭ᠎ᠠ ᠶᠢᠨ ᠣᠳᠣᠷᠢᠳᠬᠤ ᠳᠤᠭᠤᠶᠢᠯᠠᠩ ᠪᠠᠶᠢᠭᠤᠯᠵᠦ᠂ ᠵᠤᠬᠢᠶᠡᠨ ᠪᠠᠶᠢᠭᠤᠯᠥᠯᠳᠡ ᠶᠢᠨ ᠣᠳᠣᠷᠢᠳᠣᠯᠭ᠎ᠠ ᠪᠠᠨ ᠴᠢᠩᠭᠠᠳᠬᠠᠨ᠂ ᠲᠣᠰ ᠭᠠᠵᠡᠷ ᠣᠷᠣᠨ ᠤ ᠪᠤᠳᠡᠳᠡᠢ ᠲᠠᠢ ᠣᠶᠠᠯᠳᠣᠭᠤᠯᠵᠦ᠂ ᠲᠣᠰᠬᠠᠢ ᠠᠵᠢᠯᠯᠠᠭᠠᠨ ᠤ ᠳᠥᠰᠥᠯ ᠢ ᠲᠣᠠᠠᠳᠠᠭᠠᠨ᠂ ᠪᠤᠳᠡᠳᠡᠢ ᠡᠬᠦᠷᠭᠡ᠂ ᠬᠠᠷᠡᠯᠳᠡ ᠪᠠ ᠪᠠᠶᠠᠯᠠᠬᠦᠯᠬᠦ ᠴᠠᠭ ᠤᠨ ᠬᠢᠵᠠᠭᠠᠷ ᠢ ᠲᠤᠳᠣᠷᠬᠠᠶᠢᠯᠠᠨ᠎ᠠ᠃      ︵ᠬᠤᠶᠡᠷ︶ ᠰᠢᠮᠳᠡᠭᠤᠯᠥᠨ ᠪᠠᠶᠢᠴᠠᠭᠠᠬᠤ ᠶᠢ ᠴᠢᠩᠭᠠᠷᠠᠭᠤᠯᠥᠨ᠎ᠠ᠃ ᠡᠯ᠎ᠠ ᠭᠠᠵᠡᠷ ᠣᠷᠣᠨ᠂ ᠡᠯ᠎ᠠ ᠬᠤᠯᠪᠤᠠᠠᠳᠡᠯ ᠪᠦᠬᠦᠢ ᠰᠠᠯᠠᠭ᠎ᠠ ᠮᠦᠴᠢᠷ ᠤᠳ ᠬᠠᠷᠢᠭᠤ ᠮᠡᠳᠡᠬᠦᠯᠥᠯᠳᠡ ᠰᠣᠨᠣᠰᠬᠤ᠂ ᠪᠤᠳᠡᠳᠡᠢ ᠭᠠᠵᠡᠷ ᠲᠤᠨᠢ ᠣᠴᠢᠵᠦ ᠦᠵᠡᠬᠦ᠂ ᠢᠯᠡ ᠪᠠᠶᠢᠴᠠᠭᠠᠵᠦ ᠳᠡᠯᠳᠡᠭᠤᠷ ᠰᠣᠷᠪᠤᠯᠵᠢᠯᠠᠬᠤ ᠵᠡᠷᠭᠡ ᠠᠷᠭ᠎ᠠ ᠮᠠᠶ᠋ᠢᠭ ᠢᠶᠠᠷ ᠳᠡᠮᠵᠢᠭᠤᠯᠥᠨ᠂ ᠬᠤᠳᠡ ᠶᠢᠨ ᠣᠷᠴᠢᠨ ᠲᠤᠭᠤᠷᠢᠨ ᠢ ᠶᠡᠷᠦᠩᠭᠡᠶᠢᠯᠡᠨ ᠴᠡᠭᠴᠡᠯᠡᠨ ᠵᠠᠰᠠᠬᠤ ᠠᠵᠢᠯ ᠤᠨ ᠰᠢᠮᠳᠡᠭᠤᠯᠥᠨ ᠪᠠᠶᠢᠴᠠᠭᠠᠬᠤ ᠡᠷᠴᠢᠮ ᠢ ᠴᠢᠩᠭᠠᠷᠡᠭᠤᠯᠵᠦ᠂ ᠬᠤᠳᠡ ᠶᠢᠨ ᠣᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠶᠠᠰᠣ ᠴᠢᠨᠡᠷ ᠢ ᠪᠦᠬᠦ ᠳᠡᠯ᠎ᠠ ᠪᠠᠷ ᠳᠡᠰ ᠳᠡᠪᠰᠢᠬᠦᠯᠬᠦ ᠶᠢ ᠪᠦᠳᠦᠮᠵᠢᠳᠡᠢ ᠠᠬᠢᠭᠤᠯᠥᠨ᠎ᠠ᠃      ︵ᠭᠤᠷᠪᠡ︶ ᠣᠬᠠᠭᠤᠯᠥᠯ ᠤᠨ ᠡᠷᠴᠢᠮ ᠢ ᠴᠢᠩᠭᠠᠷᠡᠭᠤᠯᠥᠨ᠎ᠠ᠃ ᠡᠯ᠎ᠠ ᠭᠠᠵᠡᠷ ᠣᠷᠣᠨ᠂ ᠡᠯ᠎ᠠ ᠬᠤᠯᠪᠤᠠᠠᠳᠡᠯ ᠪᠦᠬᠦᠢ ᠰᠠᠯᠠᠭ᠎ᠠ ᠮᠦᠴᠢᠷ ᠤᠳ ᠡᠯ᠎ᠠ ᠳᠥᠷᠦᠯ ᠤᠨ ᠰᠣᠨᠢᠨ ᠮᠡᠳᠡᠭᠡᠨ ᠤ ᠵᠠᠭᠤᠴᠢᠯᠠᠭᠤᠷ ᠢ ᠬᠦᠢᠴᠡᠳ ᠠᠰᠢᠠᠠᠯᠠᠨ᠂ ᠬᠤᠳᠡ ᠶᠢᠨ ᠣᠷᠴᠢᠨ ᠲᠤᠭᠤᠷᠢᠨ ᠢ ᠶᠡᠷᠦᠩᠭᠡᠶᠢᠯᠡᠨ ᠴᠡᠭᠴᠡᠯᠡᠨ ᠵᠠᠰᠠᠬᠤ ᠠᠵᠢᠯ ᠢ ᠦᠷᠭᠡᠡ ᠢᠶᠠᠷ ᠣᠬᠠᠭᠤᠯᠵᠦ᠂ ᠶᠡᠷᠢᠶ᠎ᠠ ᠭᠡᠯᠡᠯᠴᠡᠭᠡᠨ ᠤ ᠬᠢᠨᠡᠯᠳᠡ ᠳᠡᠯᠪᠢᠬᠤ ᠪᠠ ᠨᠡᠶᠢᠭᠡᠮ ᠤᠨ ᠬᠢᠨᠡᠯᠳᠡ ᠳᠡᠯᠪᠢᠬᠤ ᠶᠢ ᠴᠢᠩᠭᠠᠷᠡᠭᠤᠯᠥᠨ᠂ ᠨᠡᠶᠢᠭᠡᠮ ᠤᠨ ᠡᠯ᠎ᠠ ᠡᠳᠡᠭᠡᠳ ᠪᠤᠯᠥᠨ ᠦᠷᠬᠡᠨ ᠣᠯᠡᠨ ᠳᠥᠮᠡᠨ ᠢ ᠳᠡᠶᠢᠴᠢᠯᠡᠨ ᠬᠢᠨᠡᠯᠳᠡ ᠳᠡᠯᠪᠢᠬᠤ ᠳᠤ ᠣᠷᠣᠯᠴᠠᠭᠤᠯᠥᠨ᠎ᠠ᠃ ᠴᠡᠭᠴᠡᠯᠡᠨ ᠵᠠᠰᠠᠬᠰᠠᠨ ᠦᠷ᠎ᠠ ᠪᠦᠳᠦᠮᠵᠢ ᠪᠠᠷ ᠲᠤᠪᠤᠶᠢᠮ᠎ᠠ ᠭᠠᠵᠡᠷ ᠣᠷᠣᠨ ᠢ ᠶᠡᠭᠡᠪᠡᠷ ᠣᠬᠠᠭᠤᠯᠵᠦ᠂ ᠨᠢᠭᠡ ᠪᠦᠯᠥᠭ ᠵᠥᠪ ᠳᠡᠯ᠎ᠠ ᠶᠢᠨ ᠨᠡᠶᠢᠳᠡᠯᠢᠭ ᠵᠢᠱᠢᠶ᠎ᠠ ᠶᠢ ᠳᠥᠪᠯᠡᠷᠡᠬᠦᠯᠥᠨ ᠪᠤᠢ ᠪᠤᠯᠭᠠᠨ᠎ᠠ︔ ᠴᠡᠭᠴᠡᠯᠡᠨ ᠵᠠᠰᠬᠠᠰᠠᠨ ᠦᠷ᠎ᠠ ᠪᠦᠳᠦᠮᠵᠢ ᠪᠠᠷ ᠠᠨᠠᠢ᠂ ᠣᠷᠴᠢᠨ ᠲᠤᠭᠤᠷᠢᠨ ᠤ ᠠᠰᠠᠭᠤᠳᠡᠯ ᠣᠯᠡᠨ ᠪᠠᠶᠢᠭ᠎ᠠ ᠭᠠᠵᠡᠷ ᠣᠷᠣᠨ ᠢ ᠢᠯᠡᠴᠢᠯᠡᠬᠦ ᠳᠡᠪᠳᠡᠮᠵᠢ ᠣᠲᠠᠭ᠎ᠠ ᠶᠢ ᠨᠢ ᠨᠡᠮᠡᠭᠳᠡᠬᠦᠯᠵᠦ᠂ ᠪᠦᠬᠦ ᠨᠡᠶᠢᠭᠡᠮ ᠳᠤ ᠣᠷᠴᠢᠨ ᠲᠤᠭᠤᠷᠢᠨ ᠤ ᠡᠷᠡᠬᠦᠯ ᠬᠠᠮᠠᠭᠠᠯᠠᠯ ᠢ ᠴᠡᠭᠴᠡᠯᠡᠨ ᠵᠠᠰᠠᠬᠤ᠂ ᠭᠤᠶᠤ ᠦᠵᠡᠮᠵᠢᠳᠦ ᠭᠡᠷ ᠣᠷᠣᠨ ᠢ ᠬᠠᠮᠳᠣᠪᠡᠷ ᠪᠦᠳᠦᠭᠡᠨ ᠪᠠᠶᠢᠭᠤᠯᠬᠤ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号