ᠤᠯᠠᠭᠠᠨᠬᠠᠳᠠ ᠪᠠᠶᠢᠴᠠᠭᠠᠬᠤ ᠳᠤᠭᠤᠶᠢᠯᠠᠩ ᠤᠨ ᠬᠦᠴᠦ ᠶᠠᠪᠤᠭᠴᠢ ᠲᠠᠷᠢᠶᠠᠴᠢᠳ ᠲᠤ ᠬᠢᠭᠰᠡᠨ ᠬᠢᠨᠠᠨ | ᠪᠠᠶᠢᠴᠠᠭᠠᠯᠲᠠ ᠶᠢᠨ ᠲᠤᠭ᠎ᠠ ᠪᠠᠷᠢᠮᠲᠠ ᠠᠴᠠ ᠦᠵᠡᠪᠡᠯ᠄ 2016 ᠣᠨ ᠳᠤ ᠬᠦᠴᠦ ᠶᠠᠪᠤᠭᠴᠢ ᠲᠠᠷᠢᠶᠠᠴᠢᠳ ᠤᠨ | ᠣᠷᠣᠯᠭ᠎ᠠ ᠲᠣᠭᠲᠠᠭᠤᠨ ᠢᠶᠠᠷ ᠨᠡᠮᠡᠭᠳᠡᠪᠡ᠂ ᠡᠭᠦᠨ ᠳᠤ᠄ ᠲᠤᠰ ᠭᠠᠵᠠᠷ ᠤᠨ ᠲᠠᠷᠢᠶᠠᠯᠠᠩ ᠤᠨ ᠪᠤᠰᠤ ᠠᠵᠢᠯ | ᠬᠢᠭᠰᠡᠳ ᠤᠨ ᠰᠠᠷ᠎ᠠ ᠶᠢᠨ ᠣᠷᠣᠯᠭ᠎ᠠ ᠨᠢ ᠠᠳᠠᠯᠢ ᠬᠤᠭᠤᠴᠠᠭᠠᠨ ᠤ ᠬᠢ ᠠᠴᠠ 20.2% ᠨᠡᠮᠡᠭᠳᠡᠵᠦ᠂ ᠲᠤᠰ | ᠭᠠᠵᠠᠷ ᠤᠨ ᠲᠠᠷᠢᠶᠠᠯᠠᠩ ᠤᠨ ᠪᠤᠰᠤ ᠬᠤᠪᠢ ᠶᠢᠨ ᠡᠵᠡᠩᠨᠡᠭᠴᠢᠳ ᠤᠨ ᠰᠠᠷ᠎ᠠ ᠶᠢᠨ ᠣᠷᠣᠯᠭ᠎ᠠ ᠨᠢ ᠠᠳᠠᠯᠢ | ᠬᠤᠭᠤᠴᠠᠭᠠᠨ ᠤ ᠬᠢ ᠠᠴᠠ 12.8% ᠨᠡᠮᠡᠭᠳᠡᠵᠦ᠂ ᠭᠠᠳᠠᠭᠰᠢ ᠭᠠᠷᠴᠤ ᠠᠵᠢᠯ ᠬᠢᠭᠰᠡᠳ ᠤᠨ ᠰᠠᠷ᠎ᠠ ᠶᠢᠨ | ᠣᠷᠣᠯᠭ᠎ᠠ ᠨᠢ ᠠᠳᠠᠯᠢ ᠬᠤᠭᠤᠴᠠᠭᠠᠨ ᠤ ᠬᠢ ᠠᠴᠠ 2.5% ᠪᠠᠭᠤᠷᠠᠪᠠ᠃ | ᠲᠤᠰ ᠭᠠᠵᠠᠷ ᠲᠠᠭᠠᠨ ᠠᠵᠢᠯ ᠬᠢᠭᠰᠡᠳ ᠤᠨ ᠣᠷᠣᠯᠭ᠎ᠠ ᠶᠢᠨ ᠨᠡᠮᠡᠭᠳᠡᠯ ᠨᠢ ᠭᠠᠳᠠᠭᠰᠢ ᠭᠠᠷᠴᠤ ᠠᠵᠢᠯ | ᠡᠷᠬᠢᠯᠡᠭᠰᠡᠨ ᠠᠴᠠ ᠥᠨᠳᠦᠷ ᠪᠠᠶᠢᠬᠤ ᠨᠢ ᠤᠯᠠᠭᠠᠨᠬᠠᠳᠠ ᠶᠢᠨ ᠭᠠᠳᠠᠭᠰᠢ ᠭᠠᠷᠴᠤ ᠠᠵᠢᠯ ᠬᠢᠭᠰᠡᠳ ᠨᠢ ᠭᠤᠣᠯᠳᠠᠭᠤ | ᠪᠡᠭᠡᠵᠢᠩ᠂ ᠾᠧᠪᠸᠢ ᠪᠣᠯᠤᠨ ᠵᠡᠭᠦᠨ ᠬᠤᠶᠢᠲᠤ ᠣᠷᠣᠨ ᠢᠶᠠᠷ ᠭᠤᠣᠯ ᠪᠣᠯᠭᠠᠵᠤ᠂ ᠠᠵᠤ ᠠᠬᠤᠶ ᠶᠢᠨ ᠭᠠᠳᠠᠭᠠᠳᠤ | ᠣᠷᠴᠢᠨ ᠨᠥᠬᠦᠴᠡᠯ ᠤᠨ ᠨᠥᠯᠥᠭᠡ ᠶᠢ ᠬᠦᠷᠳᠡᠵᠦ᠂ ᠬᠦᠴᠦ ᠶᠠᠪᠤᠭᠴᠢ ᠮᠠᠯᠴᠢᠨ ᠲᠠᠷᠢᠶᠠᠴᠢᠳ ᠤᠨ ᠭᠠᠳᠠᠷ ᠮᠤᠵᠢ | ᠪᠣᠯᠤᠨ ᠵᠠᠷᠢᠮ ᠲᠣᠮᠤ ᠳᠤᠮᠳᠠ ᠬᠤᠳᠠ ᠲᠤ ᠠᠵᠢᠯ ᠤᠯᠬᠤ ᠠᠵᠠ ᠲᠣᠬᠢᠶᠠᠯ ᠴᠥᠭᠡᠷᠡᠵᠦ᠂ ᠴᠠᠯᠢᠩ ᠤᠨ ᠬᠢᠷᠢ | ᠲᠦᠪᠰᠢᠨ ᠨᠢ ᠪᠠᠭᠤᠷᠠᠭᠰᠠᠨ ᠠᠴᠠ ᠪᠣᠯᠪᠠ᠃ ᠣᠶᠢᠷ᠎ᠠ ᠶᠢᠨ ᠬᠡᠳᠦᠨ ᠵᠢᠯ ᠳᠤ ᠤᠯᠠᠭᠠᠨᠬᠠᠳᠠ ᠬᠤᠲᠠ ᠵᠢᠵᠢᠭ ᠪᠢᠴᠢᠯ | ᠠᠵᠤ ᠠᠬᠤᠶᠢᠯᠠᠯ ᠢ ᠬᠥᠭᠵᠢᠭᠦᠯᠬᠦ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠶᠢ ᠲᠠᠰᠤᠷᠠᠯᠲᠠ ᠦᠭᠡᠢ ᠬᠡᠷᠡᠭᠵᠢᠭᠦᠯᠵᠦ | ᠂ ᠮᠠᠯᠵᠢᠬᠤ ᠲᠠᠷᠢᠶᠠᠯᠠᠬᠤ ᠣᠷᠣᠨ ᠤ ︽ᠠᠷᠪᠠ ᠶᠢ ᠪᠦᠷᠢᠨ ᠪᠥᠷᠬᠦᠭᠦᠯᠬᠦ︾ ᠪᠦᠳᠦᠭᠡᠨ ᠪᠠᠶᠢᠭᠤᠯᠤᠯᠲᠠ ᠶᠢᠨ ᠳᠦᠷᠦᠯ | ᠵᠦᠢᠯ ᠢ ᠡᠷᠴᠢᠮ ᠲᠠᠢ ᠠᠬᠢᠭᠤᠯᠵᠤ᠂ ᠲᠠᠷᠢᠶᠠᠯᠠᠩ ᠢ ᠳᠡᠮᠵᠢᠵᠦ ᠲᠠᠷᠢᠶᠠᠴᠢᠳ ᠲᠤ ᠠᠰᠢᠭ ᠬᠦᠷᠲᠡᠭᠡᠬᠦ ᠠᠯᠢ ᠤᠯᠠᠨ | ᠲᠦᠷᠦ ᠶᠢᠨ ᠪᠤᠳᠤᠯᠭ᠎ᠠ ᠶᠢ ᠲᠣᠭᠲᠠᠭ᠋ᠨ ᠬᠡᠷᠡᠭᠵᠢᠭᠦᠯᠦᠭᠡᠳ᠂ ᠬᠦᠴᠦ ᠶᠠᠪᠤᠭᠴᠢ ᠲᠠᠷᠢᠶᠠᠴᠢᠳ ᠣᠶᠢᠷ᠎ᠠ ᠬᠠᠪᠢ ᠳᠠᠭᠠᠨ | ᠠᠵᠢᠯ ᠬᠢᠬᠦ ᠨᠢ ᠭᠠᠳᠠᠭᠰᠢ ᠭᠠᠷᠴᠤ ᠠᠵᠢᠯ ᠬᠢᠬᠦ ᠠᠴᠠ ᠨᠡᠩ ᠠᠰᠢᠭᠲᠠᠢ ᠪᠣᠯᠵᠤ᠂ ᠠᠶᠤᠯ ᠲᠦᠭᠰᠢᠭᠦᠷᠢ ᠨᠢ ᠴᠦ | ᠨᠡᠩ ᠪᠠᠭᠠᠰᠤᠭᠰᠠᠨ ᠪᠠᠶᠢᠨ᠎ᠠ᠃ |