| | | ᠥᠪᠡᠷᠲᠡᠭᠡᠨ ᠵᠠᠰᠠᠬᠤ ᠤᠷᠤᠨ ᠤ ᠪᠡᠶ᠎ᠠ ᠶᠢᠨ ᠲᠠᠮᠢᠷ ᠤᠨ ᠲᠤᠪᠴᠢᠶ᠎ᠠ ᠠᠴᠠ ᠦᠢᠯᠠᠭᠠᠭᠰᠠᠠ ᠢᠶᠠᠷ᠂ ᠪᠡᠬᠡᠵᠢᠩ | ᠤᠨ ᠴᠠᠭ ᠢᠶᠠᠷ 6 ᠳ᠋ᠤᠭᠠᠷ ᠰᠠᠷ᠎ᠠ ᠶᠢᠨ 11 ᠤ ᠡᠳᠦᠷ᠂ ᠤᠯᠠᠨ ᠤᠯᠤᠰ ᠤᠨ ᠬᠠᠷᠪᠤᠯᠭ᠎ᠠ ᠶᠢᠨ ᠬᠤᠯᠪᠤᠭᠠᠨ ᠤ | ᠠᠽᠧᠷᠪᠠᠶᠢᠵᠠᠨ ᠳᠠᠬᠢ ᠶᠠᠪᠠᠭᠠᠨ ᠭᠠᠷ ᠫᠤᠤ ᠶᠢᠨ ᠲᠡᠯᠡᠬᠡᠢ ᠶᠢᠨ ᠬᠤᠨᠳᠠᠭᠠᠳᠤ ᠤᠷᠤᠯᠳᠤᠭᠠᠨ ᠳᠤ ᠲᠤᠮᠳᠠᠳᠤ ᠤᠯᠤᠰ | ᠤᠨ ᠠᠩᠬᠢ ᠶᠢ ᠲᠦᠯᠦᠬᠡᠯᠡᠨ ᠤᠷᠤᠯᠳᠤᠭᠠᠨ ᠳᠤ ᠤᠷᠤᠯᠴᠠᠭᠰᠠᠠ ᠮᠠᠨ ᠤ ᠤᠷᠤᠨ ᠤ ᠲᠠᠮᠢᠷᠴᠢᠨ ᠶᠠᠩ ᠸᠧᠢ | ᠡᠷᠡᠭᠳᠡᠢ ᠶᠢᠨ 10 ᠮᠧᠲᠷ ᠤᠨ ᠬᠡᠶᠢᠳᠤ ᠭᠠᠷ ᠫᠤᠤ ᠶᠢᠨ ᠤᠷᠤᠯᠳᠤᠭᠠᠨ ᠤ ᠮᠠᠩᠯᠠᠢ ᠳᠤ ᠲᠤᠳᠤᠷᠠᠵᠤ᠂ ᠦᠪᠦᠷ | ᠮᠤᠩᠭᠤᠯ ᠤᠨ ᠡᠷᠡᠭᠳᠡᠢ ᠶᠢᠨ ᠬᠡᠶᠢᠳᠤ ᠭᠠᠷ ᠫᠤᠤ ᠶᠢᠨ ᠲᠦᠷᠦᠯ ᠵᠦᠢᠯ ᠳᠠᠬᠢ ᠠᠩᠬᠠᠳᠠᠭᠴᠢ ᠲᠡᠯᠡᠬᠡᠢ ᠶᠢᠨ ᠮᠠᠩᠯᠠᠢ | ᠪᠤᠯᠤᠭᠰᠠᠠ ᠪᠠᠶᠢᠨ᠎ᠠ᠃ | ᠡᠷᠡᠭᠳᠡᠢ ᠶᠢᠨ 10 ᠮᠧᠲᠷ ᠤᠨ ᠬᠡᠶᠢᠳᠤ ᠭᠠᠷ ᠫᠤᠤ ᠶᠢᠨ ᠤᠷᠤᠯᠳᠤᠭᠠᠨ ᠳᠤ᠂ ᠮᠠᠨ ᠤ ᠤᠷᠤᠨ ᠤ ᠳᠠᠮᠢᠷᠴᠢᠨ | ᠶᠠᠩ ᠸᠧᠢ᠂ ᠭᠠᠨᠰᠤ ᠮᠤᠵᠢ ᠶᠢᠨ ᠶᠠᠩ ᠯᠸᠢ ᠪᠤᠯᠤᠨ ᠹᠦᠵᠢᠶᠠᠨ ᠮᠤᠵᠢ ᠶᠢᠨ ᠡᠤ ᠵᠢᠶᠠᠨ ᠹᠧᠩ ᠭᠤᠷᠪᠠᠭᠤᠯᠠ | ᠲᠤᠮᠳᠠᠳᠤ ᠤᠯᠤᠰ ᠤᠨ ᠠᠩᠬᠢ ᠶᠢ ᠲᠦᠯᠦᠬᠡᠯᠡᠨ ᠤᠷᠤᠯᠳᠤᠭᠠᠨ ᠳᠤ ᠤᠷᠤᠯᠴᠠᠵᠠᠢ᠃ ᠬᠢᠷᠢ ᠬᠡᠮ ᠤᠨ | ᠤᠷᠤᠯᠳᠤᠭᠠᠨ ᠳᠤ᠂ ᠶᠠᠩ ᠸᠧᠢ ᠪᠤᠯᠤᠨ ᠡᠤ ᠵᠢᠶᠠᠨ ᠹᠧᠩ ᠴᠦᠮ 578 ᠴᠠᠭᠠᠷᠢᠭ ᠤᠨ ᠬᠢᠷᠢ ᠪᠦᠳᠦᠮᠵᠢ ᠪᠠᠷ | ᠲᠤᠰᠪᠤᠷᠢ ᠲᠠᠪᠤᠳᠤᠭᠠᠷ ᠪᠤᠯᠤᠨ ᠨᠠᠢᠮᠠᠳᠤᠭᠠᠷ ᠤᠨ ᠬᠤᠪᠢ ᠪᠠᠷ ᠰᠢᠢᠳᠪᠤᠷᠢᠳᠤ ᠤᠷᠤᠯᠳᠤᠭᠠᠨ ᠳᠤ ᠤᠷᠤᠯᠴᠠᠬᠤ | ᠡᠷᠬᠡ ᠶᠢ ᠤᠯᠪᠠ᠃ ᠰᠢᠢᠳᠪᠤᠷᠢᠳᠤ ᠤᠷᠤᠯᠳᠤᠭᠠᠨ ᠤ ᠠᠩᠬᠠᠳᠠᠭᠴᠢ ᠱᠠᠳᠤᠨ ᠤ 10 ᠤᠳᠠᠭᠠᠨ ᠤ ᠬᠠᠷᠪᠤᠯᠭ᠎ᠠ ᠳᠤ᠂ | ᠶᠠᠩ ᠸᠧᠢ 100.3 ᠴᠠᠭᠠᠷᠢᠭ ᠤᠨ ᠰᠢᠯᠢᠳᠡᠭ ᠬᠢᠷᠢ ᠪᠦᠳᠦᠮᠵᠢ ᠪᠠᠷ ᠨᠢᠬᠡᠳᠦᠬᠡᠷ ᠪᠠᠶᠢᠷᠢᠨ ᠳᠤ ᠲᠡᠪᠰᠢᠵᠤ᠂ | ᠲᠠᠷᠠᠭᠠᠴᠢ ᠶᠢᠨ ᠶᠠᠪᠤᠭᠳᠠᠭᠰᠠᠠ ᠰᠢᠭᠰᠢᠬᠡ ᠤᠷᠤᠯᠳᠤᠭᠠᠨ ᠳᠤ ᠲᠡᠬᠦᠨ ᠤ ᠬᠠᠷᠪᠤᠯᠭ᠎ᠠ ᠦᠴᠦᠬᠡᠨ ᠠᠯᠳᠠᠭ᠎ᠠ | ᠭᠠᠷᠤᠭᠰᠠᠠ ᠪᠤᠯᠪᠠᠴᠤ 32 ᠨᠠᠰᠤᠳᠠᠢ ᠠᠬᠠᠮᠠᠳ ᠲᠠᠮᠢᠷᠴᠢᠨ ᠮᠠᠰᠢ ᠲᠦᠷᠬᠡᠨ ᠲᠤᠬᠢᠷᠠᠭᠤᠯᠤᠯᠳᠠ ᠬᠢᠵᠤ᠂ ᠯᠠᠪᠳᠠᠭᠤᠨ | ᠤᠨᠤᠪᠴᠢᠳᠠᠢ ᠬᠠᠷᠪᠤᠯᠭ᠎ᠠ ᠪᠠᠷ ᠲᠠᠬᠢᠨ ᠲᠡᠷᠢᠬᠦᠨ ᠪᠠᠶᠢᠷᠢ ᠪᠠᠨ ᠬᠠᠮᠠᠭᠠᠯᠠᠵᠤ᠂ ᠲᠡᠷᠡᠴᠢᠯᠠᠨ ᠦᠪᠡᠷ ᠤᠨ | ᠲᠠᠪᠠᠭᠤᠯᠢᠭ ᠢᠶᠠᠨ ᠪᠠᠳᠠᠷᠠᠭᠤᠯᠵᠦ᠂ ᠡᠴᠦᠰ ᠲᠡᠭᠡᠨ 240.1 ᠴᠠᠭᠠᠷᠢᠭ ᠤᠨ ᠬᠢᠷᠢ ᠪᠦᠳᠦᠮᠵᠢ ᠪᠠᠷ ᠮᠠᠩᠯᠠᠶᠢᠯᠠᠭᠰᠠᠠ | ᠪᠠᠶᠢᠨ᠎ᠠ᠃ ᠡᠨᠡ ᠪᠤᠯ ᠲᠤᠮᠳᠠᠳᠤ ᠤᠯᠤᠰ ᠤᠨ ᠠᠩᠬᠢ ᠶᠢᠨ ᠲᠤᠰ ᠤᠳᠠᠭᠠᠨ ᠤ ᠤᠷᠤᠯᠳᠤᠭᠠᠨ ᠳᠠᠬᠢ ᠭᠤᠷᠪᠠᠳᠠᠬᠢ | ᠠᠯᠳᠠᠨ ᠮᠧᠳᠠᠯ᠂ ᠮᠦᠨ ᠴᠤ ᠦᠪᠦᠷ ᠮᠤᠩᠭᠤᠯ ᠤᠨ ᠡᠷᠡᠭᠳᠡᠢ ᠶᠢᠨ ᠬᠡᠶᠢᠳᠤ ᠭᠠᠷ ᠫᠤᠤ ᠶᠢᠨ ᠲᠦᠷᠦᠯ ᠵᠦᠢᠯ ᠤᠨ | ᠠᠩᠬᠠᠳᠠᠭᠴᠢ ᠲᠡᠯᠡᠬᠡᠢ ᠶᠢᠨ ᠬᠤᠨᠳᠠᠭᠠᠳᠤ ᠤᠷᠤᠯᠳᠤᠭᠠᠨ ᠤ ᠠᠯᠳᠠᠨ ᠮᠧᠳᠠᠯ ᠪᠤᠯᠬᠤ ᠶᠤᠮ᠃ |