1 — 5 ᠳ᠋ᠤᠭᠠᠷ ᠰᠠᠷ᠎ᠠ ᠳᠤ᠂ ᠪᠦᠬᠦ ᠣᠷᠣᠨ ᠤ ᠠᠵᠤ ᠦᠢᠯᠡᠳᠪᠦᠷᠢ ᠶᠢᠨ ᠦᠷ᠎ᠡ ᠠᠰᠢᠭ᠂ ᠭᠠᠶᠢᠯᠢ | ᠲᠠᠲᠠᠪᠤᠷᠢ᠂ ᠦᠢᠯᠡᠳᠬᠦᠨ ᠤ ᠦᠷᠳᠡᠭ᠂ ᠦᠢᠯᠡᠳᠬᠦᠨ ᠤ ᠬᠡᠮᠵᠢᠶ᠎ᠡ᠂ ᠦᠨ᠎ᠡ᠂ ᠴᠠᠬᠢᠯᠭᠠᠨ ᠬᠡᠷᠡᠭᠯᠡᠬᠦ ᠬᠡᠮᠵᠢᠶ᠎ᠡ᠂ | ᠲᠡᠭᠡᠭᠡᠪᠦᠷᠢ ᠶᠢᠨ ᠬᠡᠮᠵᠢᠶ᠎ᠡ ᠵᠡᠷᠭᠡ ᠡᠯ᠎ᠡ ᠵᠦᠢᠯ ᠤᠨ ᠠᠵᠢᠯᠯᠠᠭᠠᠨ ᠤ ᠭᠦᠢᠴᠡᠳᠬᠡᠬᠦ ᠲᠤᠭ᠎ᠠ ᠦᠷᠭᠦᠯᠵᠢᠯᠡᠨ | ᠲᠣᠭᠲᠠᠭᠤᠨ ᠢᠶᠠᠷ ᠨᠡᠮᠡᠭᠳᠡᠵᠡᠶ᠃ | ᠠᠵᠤ ᠦᠢᠯᠡᠳᠪᠦᠷᠢ ᠶᠢᠨ ᠦᠢᠯᠡᠳᠬᠦᠨ ᠤ ᠥᠷᠳᠡᠭ᠂ ᠨᠡᠮᠡᠭᠳᠡᠯ ᠦᠷᠳᠡᠭ ᠤᠨ ᠨᠡᠮᠡᠭᠳᠡᠯ ᠤᠨ ᠬᠤᠷᠳᠤᠴᠠ ᠨᠢ | ᠴᠥᠮ ᠳᠡᠭᠡᠭᠰᠢᠯᠡᠭᠰᠡᠨ ᠪᠠᠶᠢᠨ᠎ᠠ᠃ 5 ᠳ᠋ᠤᠭᠠᠷ ᠰᠠᠷ᠎ᠠ ᠳᠤ ᠪᠦᠬᠦ ᠣᠷᠣᠨ ᠤ ᠬᠡᠪᠴᠢᠶᠡᠵᠢᠯ ᠠᠴᠠ ᠳᠡᠭᠡᠭᠰᠢᠬᠢ ᠠᠵᠤ | ᠦᠢᠯᠡᠳᠪᠦᠷᠢ ᠶᠢᠨ ᠦᠢᠯᠡᠳᠬᠦᠨ ᠤ ᠦᠷᠳᠡᠭ 15.9% ᠪᠠᠷ ᠨᠡᠮᠡᠭᠳᠡᠵᠦ᠂ 4 ᠳ᠋ᠦ᠋ᠭᠡᠷ ᠰᠠᠷ᠎ᠠ ᠲᠠᠢ ᠬᠠᠷᠢᠴᠠᠭᠤᠯᠪᠠᠯ | 4.3 ᠵᠠᠭᠤᠨ ᠤ ᠴᠡᠭ ᠳᠡᠭᠡᠭᠰᠢᠯᠡᠪᠡ︔ 1 — 5 ᠳ᠋ᠤᠭᠠᠷ ᠰᠠᠷ᠎ᠠ ᠳᠤ 16.6% ᠪᠠᠷ ᠨᠡᠮᠡᠭᠳᠡᠵᠦ᠂ 1 — | 4 ᠳ᠋ᠦ᠋ᠭᠡᠷ ᠰᠠᠷ᠎ᠠ ᠲᠠᠢ ᠬᠠᠷᠢᠴᠠᠭᠤᠯᠪᠠᠯ 0.7 ᠵᠠᠭᠤᠨ ᠤ ᠴᠡᠭ ᠳᠡᠭᠡᠭᠰᠢᠯᠡᠪᠡ᠃ 5 ᠳ᠋ᠤᠭᠠᠷ ᠰᠠᠷ᠎ᠠ ᠳᠤ ᠪᠦᠬᠦ | ᠣᠷᠣᠨ ᠤ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ 6.6% ᠪᠠᠷ ᠨᠡᠮᠡᠭᠳᠡᠵᠦ᠂ | ᠳᠡᠭᠡᠷ᠎ᠡ ᠰᠠᠷ᠎ᠠ ᠶᠢᠨ ᠬᠢ ᠠᠴᠠ 4.6 ᠵᠠᠭᠤᠨ ᠤ ᠴᠡᠭ ᠨᠡᠮᠡᠭᠳᠡᠵᠦ᠂ ᠪᠦᠬᠦ ᠤᠯᠤᠰ ᠤᠨ ᠳᠤᠮᠳᠠᠴᠢ ᠲᠦᠪᠰᠢᠨ ᠠᠴᠠ | 0.1 ᠵᠠᠭᠤᠨ ᠤ ᠴᠡᠭ ᠦᠨᠳᠦᠷ ᠪᠤᠯᠪᠠ︔ 1 — 5 ᠳ᠋ᠤᠭᠠᠷ ᠰᠠᠷ᠎ᠠ ᠳᠤ 6.4% ᠪᠠᠷ ᠨᠡᠮᠡᠭᠳᠡᠵᠦ᠂ 1 — | 4 ᠳ᠋ᠦ᠋ᠭᠡᠷ ᠰᠠᠷ᠎ᠠ ᠶᠢᠨ ᠬᠢ ᠠᠴᠠ 0.2 ᠵᠠᠭᠤᠨ ᠤ ᠴᠡᠭ ᠳᠡᠭᠡᠭᠰᠢᠯᠡᠪᠡ᠃ | ᠠᠵᠤ ᠠᠬᠤᠶᠢᠯᠠᠯ ᠤᠨ ᠦᠷ᠎ᠡ ᠠᠰᠢᠭ ᠦᠷᠭᠦᠯᠵᠢᠯᠡᠨ ᠶᠡᠭᠡ ᠬᠡᠮᠵᠢᠶ᠎ᠡ ᠪᠠᠷ ᠳᠡᠭᠡᠭᠰᠢᠯᠡᠪᠡ᠃ 1 —4 | ᠳ᠋ᠦ᠋ᠭᠡᠷ ᠰᠠᠷ᠎ᠠ ᠳᠤ᠂ 552.6 ᠳ᠋ᠦᠩᠰᠢᠭᠤᠷ ᠲᠥᠭᠦᠷᠢᠭ ᠤᠨ ᠠᠰᠢᠭ ᠬᠤᠨᠵᠢᠪᠣᠷᠢ ᠶᠢ ᠪᠡᠶᠡᠯᠡᠭᠦᠯᠵᠦ᠂ ᠠᠳᠠᠯᠢ | ᠬᠤᠭᠤᠴᠠᠭᠠᠨ ᠤ ᠬᠢ ᠠᠴᠠ 119.8% ᠪᠠᠷ ᠨᠡᠮᠡᠭᠳᠡᠪᠡ᠂ ᠡᠭᠦᠨ ᠳᠤ ᠨᠡᠭᠦᠷᠡᠰᠦᠨ ᠤ ᠠᠵᠢᠯ ᠳᠦᠷᠦᠯ 267.4 | ᠳ᠋ᠦᠩᠰᠢᠭᠤᠷ ᠲᠥᠭᠦᠷᠢᠭ ᠤᠨ ᠠᠰᠢᠭ ᠬᠤᠨᠵᠢᠪᠣᠷᠢ ᠶᠢ ᠪᠡᠶᠡᠯᠡᠭᠦᠯᠵᠦ᠂ ᠠᠰᠢᠭ ᠬᠤᠨᠵᠢᠪᠣᠷᠢ ᠶᠢᠨ ᠶᠡᠷᠦᠩᠬᠡᠶ | ᠲᠤᠭ᠎ᠠ ᠶᠢᠨ 48.4% ᠢ ᠡᠵᠡᠯᠡᠵᠦ ᠪᠠᠶᠢᠨ᠎ᠠ︔ ᠭᠤᠣᠯ ᠡᠵᠡᠩᠨᠡᠯᠲᠡ ᠶᠢᠨ ᠲᠤᠬᠠᠶᠢᠯᠠᠭᠰᠠᠨ ᠠᠵᠢᠯ ᠤᠨ ᠣᠷᠣᠯᠭ᠎ᠠ | 6690.6 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 20.1% ᠪᠠᠷ | ᠨᠡᠮᠡᠭᠳᠡᠵᠡᠶ︔ ᠠᠯᠳᠠᠭᠳᠠᠯ ᠲᠠᠢ ᠠᠵᠤ ᠠᠬᠤᠶᠢᠯᠠᠯ ᠨᠢ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 223 | ᠡᠷᠦᠬᠡ ᠪᠠᠭᠠᠰᠵᠤ᠂ ᠠᠯᠳᠠᠭᠳᠠᠯ ᠤᠨ ᠬᠡᠪᠴᠢᠶ᠎ᠡ ᠶᠢ ᠨᠢᠳᠤᠨᠤᠨ ᠤ ᠬᠢ ᠠᠴᠠ 4.5 ᠵᠠᠭᠤᠨ ᠤ ᠴᠡᠭ ᠪᠠᠭᠠᠰᠴᠤ᠂ | ᠠᠯᠳᠠᠭᠳᠠᠯ ᠲᠠᠢ ᠠᠵᠤ ᠠᠬᠤᠶᠢᠯᠠᠯ ᠤᠨ ᠠᠯᠳᠠᠭᠳᠠᠯ ᠤᠨ ᠶᠡᠷᠦᠩᠬᠡᠶ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ | 24.9% ᠪᠠᠷ ᠪᠠᠭᠤᠷᠠᠵᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 39.5 ᠵᠠᠭᠤᠨ ᠤ ᠴᠡᠭ ᠪᠠᠭᠠᠰᠪᠠ᠃ | 1 — 5 ᠳ᠋ᠤᠭᠠᠷ ᠰᠠᠷ᠎ᠠ ᠳᠤ᠂ ᠪᠦᠬᠦ ᠣᠷᠣᠨ ᠤ ᠠᠵᠤ ᠦᠢᠯᠡᠳᠪᠦᠷᠢ ᠶᠢᠨ ᠭᠠᠶᠢᠯᠢ ᠲᠠᠲᠠᠪᠤᠷᠢ 524.9 | ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 47.8% ᠪᠠᠷ ᠨᠡᠮᠡᠭᠳᠡᠵᠦ᠂ 1 | — 4 ᠳ᠋ᠦ᠋ᠭᠡᠷ ᠰᠠᠷ᠎ᠠ ᠶᠢᠨ ᠬᠢ ᠠᠴᠠ 5.1 ᠵᠠᠭᠤᠨ ᠤ ᠴᠡᠭ ᠳᠡᠭᠡᠭᠰᠢᠯᠡᠵᠦ᠂ ᠠᠵᠤ ᠦᠢᠯᠡᠳᠪᠦᠷᠢ ᠶᠢᠨ ᠭᠠᠶᠢᠯᠢ | ᠲᠠᠲᠠᠪᠤᠷᠢ ᠨᠢ ᠡᠩ ᠤᠨ ᠣᠯᠠᠨ ᠨᠡᠶᠢᠲᠡ ᠶᠢᠨ ᠲᠥᠰᠦᠪ ᠤᠨ ᠣᠷᠣᠯᠭ᠎ᠠ ᠶᠢᠨ 61.5% ᠶᠢ ᠡᠵᠡᠯᠡᠵᠦ᠂ ᠠᠳᠠᠯᠢ | ᠬᠤᠭᠤᠴᠠᠭᠠᠨ ᠤ ᠬᠢ ᠠᠴᠠ 14.5 ᠵᠠᠭᠤᠨ ᠤ ᠴᠡᠭ ᠳᠡᠭᠡᠭᠰᠢᠯᠡᠵᠦ᠂ ᠨᠢᠳᠤᠨᠤᠨ ᠤ ᠵᠢᠯ ᠤᠨ ᠡᠴᠦᠰ ᠤᠨ ᠬᠢ ᠠᠴᠠ | 17.3 ᠵᠠᠭᠤᠨ ᠤ ᠴᠡᠭ ᠳᠡᠭᠡᠭᠰᠢᠯᠡᠪᠡ︔ ᠵᠢᠷᠭᠤᠭᠠᠨ ᠶᠡᠭᠡ ᠤᠯᠠᠮᠵᠢᠯᠠᠯᠲᠤ ᠳᠠᠪᠠᠭᠤᠯᠢᠭ ᠠᠵᠤ ᠦᠢᠯᠡᠰ ᠠᠴᠠ | 503.8 ᠳ᠋ᠦᠩᠰᠢᠭᠤᠷ ᠲᠥᠭᠦᠷᠢᠭ ᠤᠨ ᠭᠠᠶᠢᠯᠢ ᠲᠠᠲᠠᠪᠤᠷᠢᠯᠠᠵᠤ᠂ ᠠᠵᠤ ᠦᠢᠯᠡᠳᠪᠦᠷᠢ ᠶᠢᠨ ᠭᠠᠶᠢᠯᠢ | ᠲᠠᠲᠠᠪᠤᠷᠢ ᠶᠢᠨ 96% ᠶᠢ ᠡᠵᠡᠯᠡᠪᠡ᠂ ᠡᠭᠦᠨ ᠳᠤ ᠨᠡᠭᠦᠷᠡᠰᠦᠨ ᠤ ᠠᠵᠢᠯ ᠲᠥᠷᠥᠯ ᠠᠴᠠ 238.5 ᠳ᠋ᠦᠩᠰᠢᠭᠤᠷ | ᠲᠥᠭᠦᠷᠢᠭ ᠭᠠᠶᠢᠯᠢ ᠲᠠᠲᠠᠪᠤᠷᠢᠯᠠᠵᠤ᠂ ᠠᠳᠠᠯᠢ ᠬᠤᠭᠤᠴᠠᠭᠠᠨ ᠤ ᠬᠢ ᠠᠴᠠ 197.8% ᠪᠠᠷ ᠨᠡᠮᠡᠭᠳᠡᠵᠦ᠂ ᠠᠵᠤ | ᠦᠢᠯᠡᠳᠪᠦᠷᠢ ᠶᠢᠨ ᠭᠠᠶᠢᠯᠢ ᠲᠠᠲᠠᠪᠤᠷᠢ ᠶᠢᠨ 45.4% ᠶᠢ ᠡᠵᠡᠯᠡᠪᠡ᠃ | ᠣᠯᠠᠩᠬᠢ ᠦᠢᠯᠡᠳᠬᠦᠨ ᠤ ᠭᠠᠷᠤᠯᠲᠠ ᠶᠢᠨ ᠨᠡᠮᠡᠭᠳᠡᠯ ᠤᠨ ᠬᠤᠷᠳᠤᠴᠠ ᠲᠦᠷᠭᠡᠳᠪᠡ᠃ ᠬᠢᠨᠠᠨ ᠬᠡᠮᠵᠢᠭᠰᠡᠨ | 42 ᠵᠦᠶᠯ ᠤᠨ ᠠᠵᠤ ᠦᠢᠯᠡᠳᠪᠦᠷᠢ ᠶᠢᠨ ᠪᠦᠭᠡᠮ ᠦᠢᠯᠡᠳᠬᠦᠨ ᠤ ᠳᠣᠲᠣᠷ᠎ᠠ᠂ 60% ᠠᠴᠠ ᠳᠡᠭᠡᠭᠰᠢᠬᠢ | ᠦᠢᠯᠡᠳᠬᠦᠨ ᠤ ᠭᠠᠷᠤᠯᠲᠠ ᠨᠢ 11 ᠰᠠᠷ᠎ᠠ ᠳᠠᠷᠠᠭᠠᠯᠠᠨ ᠨᠡᠮᠡᠭᠳᠡᠪᠡ᠃ ᠡᠨᠡ ᠵᠢᠯ ᠤᠨ ᠡᠮᠦᠨ᠎ᠡ 5 ᠰᠠᠷ᠎ᠠ ᠳᠤ 30 | ᠵᠦᠢᠯ ᠤᠨ ᠭᠠᠷᠤᠯᠲᠠ ᠨᠡᠮᠡᠭᠳᠡᠯ ᠢ ᠪᠡᠶᠡᠯᠡᠭᠦᠯᠵᠦ᠂ 20 ᠵᠦᠢᠯ ᠤᠨ ᠦᠢᠯᠡᠳᠬᠦᠨ ᠤ ᠨᠡᠮᠡᠭᠳᠡᠯ 10% ᠶᠢ | ᠳᠠᠪᠠᠭᠰᠠᠨ ᠪᠠᠶᠢᠨ᠎ᠠ᠃ ᠡᠭᠦᠨ ᠳᠤ᠂ ᠨᠡᠭᠦᠷᠡᠰᠦᠨ ᠤ ᠭᠠᠷᠤᠯᠲᠠ ᠠᠳᠠᠯᠢ ᠬᠤᠭᠤᠴᠠᠭᠠᠨ ᠤ ᠬᠢ ᠠᠴᠠ 13.4% ᠪᠠᠷ | ᠨᠡᠮᠡᠭᠳᠡᠵᠦ᠂ ᠨᠡᠮᠡᠭᠳᠡᠯ ᠤᠨ ᠬᠤᠷᠳᠤᠴᠠ ᠨᠢᠳᠤᠨᠤᠨ ᠤ ᠵᠢᠯ ᠤᠨ ᠡᠴᠦᠰ ᠪᠠ ᠡᠨᠡ ᠵᠢᠯ ᠤᠨ 1 — 3 ᠳ᠋ᠤᠭᠠᠷ | ᠰᠠᠷ᠎ᠠ ᠶᠢᠨ ᠬᠢ ᠠᠴᠠ ᠲᠤᠰ ᠲᠤᠰ 21.5᠂ 4.6 ᠵᠠᠭᠤᠨ ᠤ ᠴᠡᠭ ᠳᠡᠭᠡᠭᠰᠢᠯᠡᠪᠡ︔ ᠬᠡᠤᠷᠰᠦ 11.1% ᠪᠠᠷ | ᠨᠡᠮᠡᠭᠳᠡᠵᠦ᠂ ᠨᠢᠳᠤᠨᠤᠨ ᠤ ᠵᠢᠯ ᠤᠨ ᠡᠴᠦᠰ ᠪᠠ ᠡᠨᠡ ᠵᠢᠯ ᠤᠨ 1 — 3 ᠳ᠋ᠤᠭᠠᠷ ᠰᠠᠷ᠎ᠠ ᠶᠢᠨ ᠬᠢ ᠠᠴᠠ ᠲᠤᠰ | ᠲᠤᠰ 18.5᠂ 3.8 ᠵᠠᠭᠤᠨ ᠤ ᠴᠡᠭ ᠳᠡᠭᠡᠭᠰᠢᠯᠡᠪᠡ᠃ | ᠭᠤᠣᠯᠯᠠᠬᠤ ᠦᠢᠯᠡᠳᠬᠦᠨ ᠤ ᠦᠨ᠎ᠡ ᠬᠠᠩᠰᠢ ᠨᠡᠯᠢᠶᠡᠳ ᠥᠨᠳᠥᠷ ᠬᠢᠷᠢ ᠲᠦᠪᠰᠢᠨ ᠢ ᠪᠠᠲᠤᠯᠠᠵᠠᠢ᠃ 6 | ᠳ᠋ᠤᠭᠠᠷ ᠰᠠᠷ᠎ᠠ ᠶᠢᠨ ᠡᠬᠢ ᠪᠠᠷ᠂ ᠮᠠᠨ ᠤ ᠵᠦᠪᠯᠡᠯ ᠤᠨ ᠬᠢᠨᠠᠨ ᠬᠡᠮᠵᠢᠭᠰᠡᠨ 30 ᠵᠦᠢᠯ ᠤᠨ ᠭᠤᠣᠯ ᠪᠣᠯᠬᠤ ᠠᠵᠤ | ᠦᠢᠯᠡᠳᠪᠦᠷᠢ ᠶᠢᠨ ᠦᠢᠯᠡᠳᠬᠦᠨ ᠤ ᠦᠨ᠎ᠡ ᠬᠠᠩᠰᠢ ᠶᠢᠨ ᠳᠣᠲᠣᠷ᠎ᠠ ᠠᠳᠠᠯᠢ ᠬᠤᠭᠤᠴᠠᠭᠠᠨ ᠤ ᠬᠢ ᠠᠴᠠ ᠥᠰᠦᠭᠰᠡᠨ | ᠪᠤᠶᠤ ᠲᠡᠩᠴᠡᠭᠰᠡᠨ 28 ᠵᠦᠢᠯ᠂ ᠭᠠᠷᠬᠠᠨ ᠬᠠᠷᠢᠴᠠᠯ ᠢᠶᠠᠷ ᠦᠰᠦᠭᠰᠡᠨ ᠪᠤᠶᠤ ᠲᠡᠩᠴᠡᠭᠰᠡᠨ 23 ᠵᠦᠢᠯ᠂ | ᠭᠠᠷᠠᠬᠠᠨ ᠬᠠᠷᠢᠴᠠᠯ ᠢᠶᠠᠷ ᠪᠠᠭᠤᠷᠠᠭᠰᠠᠨ 7 ᠵᠦᠢᠯ ᠵᠡᠷᠭᠡ ᠪᠤᠯᠤᠨ᠎ᠠ᠃ ᠡᠭᠦᠨ ᠳᠤ᠂ ᠢᠳᠡᠮᠡᠬᠡᠶ ᠱᠦᠯᠳᠦ ᠶᠢᠨ ᠦᠨ᠎ᠡ | ᠬᠠᠩᠰᠢ ᠨᠢ ᠭᠠᠷᠠᠬᠠᠨ ᠬᠠᠷᠢᠴᠠᠯ ᠢᠶᠠᠷ 15.8% ᠪᠠᠷ ᠪᠠᠭᠤᠷᠠᠵᠤ᠂ ᠬᠡᠤᠷᠰᠦ 15.6% ᠪᠠᠷ ᠪᠠᠭᠤᠷᠠᠵᠤ᠂ ᠮᠧᠲ᠋ᠢᠯ | ᠠᠯᠺᠤᠤᠯ 3.7% ᠪᠠᠷ ᠪᠠᠭᠤᠷᠠᠵᠤ᠂ ᠴᠠᠬᠢᠯᠭᠠᠨ ᠢᠶᠠᠷ ᠵᠠᠳᠠᠯᠬᠤ ᠬᠥᠩᠭᠡᠨᠴᠠᠭᠠᠨ1.2% ᠪᠠᠷ ᠪᠠᠭᠤᠷᠠᠵᠠᠢ᠃ | ᠠᠵᠤ ᠦᠢᠯᠡᠳᠪᠦᠷᠢ ᠳᠤ ᠬᠡᠷᠡᠭᠯᠡᠬᠦ ᠴᠠᠬᠢᠯᠭᠠᠨ᠂ ᠪᠠᠷᠠᠭ᠎ᠠ ᠲᠡᠭᠡᠭᠡᠪᠦᠷᠢ ᠶᠡᠭᠡ ᠬᠡᠮᠵᠢᠶ᠎ᠡ ᠪᠠᠷ ᠨᠡᠮᠡᠭᠳᠡᠪᠡ᠃ 5 | ᠳ᠋ᠤᠭᠠᠷ ᠰᠠᠷ᠎ᠠ ᠳᠤ ᠪᠥᠬᠦ ᠣᠷᠣᠨ ᠤ ᠠᠵᠤ ᠦᠶᠯᠡᠳᠪᠦᠷᠢ ᠳᠤ ᠬᠡᠷᠡᠭᠯᠡᠬᠦ ᠴᠠᠬᠢᠯᠭᠠᠨ ᠤ ᠬᠡᠮᠵᠢᠶ᠎ᠡ 215.2 | ᠳ᠋ᠦᠩᠰᠢᠭᠤᠷ ᠺᠢᠯᠣᠸᠠᠲ ᠬᠦᠷᠴᠦ᠂ ᠠᠳᠠᠯᠢ ᠬᠤᠭᠤᠴᠠᠭᠠᠨ ᠤ ᠬᠢ ᠠᠴᠠ 9.0% ᠪᠠᠷ ᠨᠡᠮᠡᠭᠳᠡᠵᠡᠢ︔ 1 — 5 | ᠳ᠋ᠤᠭᠠᠷ ᠰᠠᠷ᠎ᠠ ᠳᠤ ᠪᠦᠬᠦ ᠣᠷᠣᠨ ᠤ ᠠᠵᠤ ᠦᠶᠯᠡᠳᠪᠦᠷᠢ ᠳᠤ ᠬᠡᠷᠡᠭᠯᠡᠬᠦ ᠴᠠᠬᠢᠯᠭᠠᠨ ᠤ ᠬᠡᠮᠵᠢᠶ᠎ᠡ 1015.1 | ᠳ᠋ᠦᠩᠰᠢᠭᠤᠷ ᠺᠢᠯᠣᠸᠠᠲ ᠬᠦᠷᠴᠦ᠂ ᠠᠳᠠᠯᠢ ᠬᠤᠭᠤᠴᠠᠭᠠᠨ ᠤ ᠬᠢ ᠠᠴᠠ 11.6% ᠪᠠᠷ ᠨᠡᠮᠡᠭᠳᠡᠵᠦ᠂ ᠪᠦᠬᠦ | ᠤᠯᠤᠰ ᠠᠴᠠ 5.3 ᠵᠠᠭᠤᠨ ᠤ ᠴᠡᠭ ᠦᠨᠳᠦᠷ ᠪᠤᠯᠪᠠ᠃ 5 ᠳ᠋ᠤᠭᠠᠷ ᠰᠠᠷ᠎ᠠ ᠳᠤ ᠪᠦᠬᠦ ᠣᠷᠣᠨ ᠤ ᠲᠡᠮᠦᠷ ᠵᠠᠮ ᠤᠨ | ᠲᠡᠭᠡᠭᠡᠪᠦᠷᠢ ᠶᠢᠨ ᠬᠡᠮᠵᠢᠶ᠎ᠡ 0.58 ᠳ᠋ᠦᠩᠰᠢᠭᠤᠷ ᠲᠣᠨ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 18. | 0% ᠪᠠᠷ ᠨᠡᠮᠡᠭᠳᠡᠵᠡᠢ︔ 1 — 5 ᠳ᠋ᠤᠭᠠᠷ ᠰᠠᠷ᠎ᠠ ᠳᠤ ᠪᠦᠬᠦ ᠣᠷᠣᠨ ᠤ ᠲᠡᠮᠦᠷ ᠵᠠᠮ ᠤᠨ ᠲᠡᠭᠡᠭᠡᠪᠦᠷᠢ ᠶᠢᠨ | ᠬᠡᠮᠵᠢᠶ᠎ᠡ 3.0 ᠳ᠋ᠦᠩᠰᠢᠭᠤᠷ ᠲᠣᠨ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 14.4% ᠨᠡᠮᠡᠭᠳᠡᠵᠦ᠂ | 1 — 4 ᠳ᠋ᠦ᠋ᠭᠡᠷ ᠰᠠᠷ᠎ᠠ ᠠᠴᠠ 0.9 ᠵᠠᠭᠤᠨ ᠤ ᠴᠡᠭ ᠥᠨᠳᠥᠷ ᠪᠤᠯᠪᠠ᠂ ᠡᠭᠦᠨ ᠳᠤ ᠨᠡᠭᠦᠷᠡᠰᠦᠨ ᠤ ᠲᠡᠮᠤᠷ | ᠵᠠᠮ ᠤᠨ ᠲᠡᠭᠡᠭᠡᠪᠦᠷᠢ ᠶᠢᠨ ᠬᠡᠮᠵᠢᠶ᠎ᠡ 2.6 ᠳ᠋ᠦᠩᠰᠢᠭᠤᠷ ᠳᠦ᠋ᠨ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ | ᠬᠢ ᠠᠴᠠ 15.7% ᠪᠠᠷ ᠨᠡᠮᠡᠭᠳᠡᠵᠦ᠂ 1 — 4 ᠳ᠋ᠦ᠋ᠭᠡᠷ ᠰᠠᠷ᠎ᠠ ᠠᠴᠠ 1.5 ᠵᠠᠭᠤᠨ ᠤ ᠴᠡᠭ ᠦᠨᠳᠦᠷ ᠪᠤᠯᠤᠨ᠎ᠠ᠃ | ᠵᠠᠰᠠᠮᠠᠯ ᠵᠠᠮ ᠤᠨ ᠲᠡᠭᠡᠭᠡᠪᠦᠷᠢ ᠶᠢᠨ ᠬᠡᠮᠵᠢᠶ᠎ᠡ 5.2 ᠳ᠋ᠦᠩᠰᠢᠭᠤᠷ ᠲᠣᠨ ᠬᠦᠷᠴᠦ᠂ ᠠᠳᠠᠯᠢ | ᠬᠤᠭᠤᠴᠠᠭᠠᠨ ᠤ ᠬᠢ ᠠᠴᠠ 10.5% ᠪᠠᠷ ᠨᠡᠮᠡᠭᠳᠡᠪᠡ᠃ |