ᠪᠦᠬᠦ ᠤᠷᠤᠨ ᠬᠤᠤᠷ᠎ᠠ ᠴᠠᠭᠠᠵᠠᠯᠠᠬᠤ ᠤᠬᠠᠭᠤᠯᠭ᠎ᠠ ᠵᠢᠨ‌ᠭᠤᠤᠯ ᠰᠡᠳᠦᠪᠲᠦ ᠠᠵᠢᠯᠯᠠᠭ᠎ᠠ ᠦᠷᠨᠢᠭᠦᠯᠪᠡ
ᠨᠡᠶᠢᠲᠡᠯᠡᠭᠰᠡᠨ ᠴᠠᠭ᠄
2017/6/28
     ︽6 · 26︾ ᠤ ᠳᠡᠯᠡᠬᠡᠢ ᠶᠢᠨ ᠬᠤᠣᠷ᠎ᠠ ᠴᠠᠭᠠᠵᠠᠯᠠᠬᠤ ᠡᠳᠦᠷ ᠬᠦᠷᠴᠦ ᠢᠷᠡᠬᠦ ᠳᠠᠰᠢᠷᠠᠮ ᠢᠶᠠᠷ᠂ 6 ᠳ᠋ᠤᠭᠠᠷ ᠰᠠᠷ᠎ᠠ ᠶᠢᠨ 24 ᠤ ᠦᠳᠡ ᠶᠢᠨ ᠬᠤᠶᠢᠨ᠎ᠠ᠂ 2017 ᠣᠨ ᠤ ︽︿6 · 26﹀ ᠤ ᠳᠡᠯᠡᠬᠡᠢ ᠶᠢᠨ ᠬᠤᠣᠷ᠎ᠠ ᠴᠠᠭᠠᠵᠠᠯᠠᠬᠤ ᠡᠳᠦᠷ︾ ᠤᠨ ᠳᠣᠮᠳᠠᠳᠣ ᠣᠯᠣᠰ ᠤᠨ ᠦᠪᠦᠷ ᠮᠤᠩᠭᠤᠯ᠂ ᠤᠷᠤᠰ ᠤᠨ ᠠᠷᠤ ᠪᠠᠶᠢᠭᠠᠯ ᠤᠨ ᠬᠢᠯᠢ ᠬᠢᠵᠠᠭᠠᠷ ᠤᠷᠤᠨ᠂ ᠮᠤᠩᠭᠤᠯ ᠤᠯᠤᠰ ᠤᠨ ᠲᠤᠷᠤᠨᠠᠳᠤ ᠠᠶᠢᠮᠠᠭ ᠭᠤᠷᠪᠠᠨ ᠭᠠᠵᠠᠷ ᠤᠨ ᠴᠠᠬᠳᠠᠭᠠᠨ ᠤ ᠲᠠᠯ᠎ᠠ ᠶᠢᠨ ᠬᠢᠨ ᠤ ᠬᠠᠮᠳᠣᠷᠠᠭᠰᠠᠨ ᠲᠦᠪᠯᠡᠷᠡᠭᠦᠯᠦᠨ ᠣᠬᠠᠭᠤᠯᠵᠣ ᠵᠢᠱᠢᠶ᠎ᠡ ᠦᠵᠡᠭᠦᠯᠬᠦ ᠠᠵᠢᠯᠯᠠᠭ᠎ᠠ ᠵᠢᠴᠢ ᠲᠠᠯ᠎ᠠ ᠨᠤᠳᠤᠬ ᠤᠨ ᠴᠣᠪᠣᠭ᠎ᠠ ᠲᠡᠷᠬᠡᠨ ︵ᠮᠠᠨᠵᠤᠤᠷ ᠬᠤᠳᠠ — ᠬᠦᠬᠡᠬᠤᠳᠠ︶ ᠳᠡᠭᠡᠷ᠎ᠡ ᠬᠤᠤᠷ᠎ᠠ ᠴᠠᠭᠠᠵᠠᠯᠠᠬᠤ ᠶᠢ ᠲᠦᠪᠯᠡᠷᠡᠬᠦᠯᠦᠨ ᠤᠬᠠᠭᠤᠯᠬᠤ ᠠᠵᠢᠯᠯᠠᠭ᠎ᠠ ᠮᠠᠨᠵᠣᠣᠷ ᠬᠤᠳᠠ ᠳᠤ ᠡᠬᠢᠯᠡᠪᠡ᠃      ᠡᠬᠢᠯᠡᠯᠳᠡ ᠶᠢᠨ ᠶᠣᠰᠣᠯᠠᠯ ᠳᠡᠭᠡᠷ᠎ᠡ᠂ ᠮᠠᠨᠵᠣᠣᠷ ᠬᠤᠳᠠ ᠶᠢᠨ ᠬᠤᠣᠷ᠎ᠠ ᠴᠠᠭᠠᠵᠠᠯᠠᠬᠤ ᠠᠯᠪᠠᠨ ᠭᠡᠷ ᠤᠨ ᠬᠢᠨ ᠵᠠᠯᠠᠭᠤᠴᠣᠳ ᠪᠠᠭᠠᠴᠣᠳ ᠤᠨ ᠬᠤᠣᠷᠠᠳᠣ ᠡᠳ᠋ ᠢ ᠰᠡᠷᠭᠡᠶᠢᠯᠡᠬᠦ ᠬᠦᠮᠦᠵᠢᠯ ᠤᠨ ︽6 · 27︾ ᠢᠨᠵᠧᠨᠧᠷᠢᠩ ᠤᠨ ᠣᠩᠰᠢᠬᠤ ᠪᠢᠴᠢᠭ ᠳᠠᠷᠬᠠᠭᠠᠬᠤ᠂ ︽ᠳᠣᠮᠳᠠᠳᠣ ᠣᠷᠣᠰ ᠮᠣᠩᠭᠤᠯ︾ ᠭᠤᠷᠪᠠᠨ ᠣᠯᠣᠰ ᠤᠨ ᠬᠤᠣᠷ᠎ᠠ ᠴᠠᠭᠠᠵᠠᠯᠠᠬᠤ ᠰᠠᠶᠢᠨ ᠳᠣᠷᠠᠴᠣᠳ ᠲᠤ ᠳᠤᠭ ᠣᠯᠭᠤᠬᠤ᠂ ᠬᠤᠣᠷ᠎ᠠ ᠴᠠᠭᠠᠵᠠᠯᠠᠬᠤ ᠰᠠᠶᠢᠨ ᠳᠣᠷᠠᠴᠣᠳ ᠬᠤᠣᠷ᠎ᠠ ᠴᠠᠭᠠᠵᠠᠯᠠᠬᠤ ᠰᠠᠨᠠᠭᠠᠴᠢᠯᠠᠭ᠎ᠠ ᠶᠢᠨ ᠪᠢᠴᠢᠭ ᠢ ᠣᠩᠰᠢᠬᠤ᠂ ᠣᠷᠠᠨ ᠰᠠᠶᠢᠬᠠᠨ ᠤ ᠳᠣᠭᠯᠠᠯᠳᠠ ᠭᠠᠷᠭᠠᠬᠤ᠂ ᠳᠣᠮᠳᠠᠳᠣ ᠣᠷᠣᠰ ᠤᠨ ᠬᠤᠣᠷ᠎ᠠ ᠴᠠᠭᠠᠵᠠᠯᠠᠬᠤ ᠵᠠᠯᠠᠭᠤ ᠰᠠᠶᠢᠨ ᠳᠣᠷᠠᠴᠣᠳ ᠢ ᠵᠣᠬᠢᠶᠠᠨ ᠪᠠᠶᠢᠭᠤᠯᠤᠨ ᠳᠣᠬᠠᠢ ᠶᠢᠨ ᠳᠠᠯᠠᠪᠠᠢ ᠳᠤ ᠣᠬᠠᠭᠤᠯᠭ᠎ᠠ ᠶᠢᠨ ᠮᠠᠲ᠋ᠧᠷᠢᠶᠠᠯ ᠳᠠᠷᠬᠠᠭᠠᠬᠤ ᠵᠡᠷᠭᠡ ᠬᠡᠯᠪᠡᠷᠢ ᠪᠠᠷ᠂ ᠣᠯᠠᠨ ᠬᠠᠷᠠᠭᠠᠰᠣ᠂ ᠣᠯᠠᠨ ᠠᠷᠭ᠎ᠠ ᠬᠡᠯᠪᠡᠷᠢ ᠪᠠᠷ ᠣᠯᠠᠨ ᠲᠦᠮᠡᠨ ᠳᠤ ᠬᠤᠣᠷ᠎ᠠ ᠴᠠᠭᠠᠵᠠᠯᠠᠬᠤ ᠮᠡᠳᠡᠯᠭᠡ ᠶᠢ ᠣᠬᠠᠭᠤᠯᠣᠨ ᠣᠯᠠᠮᠵᠢᠯᠠᠪᠠ᠃      ᠡᠬᠢᠯᠡᠯᠳᠡ ᠶᠢᠨ ᠶᠤᠰᠤᠯᠠᠯ ᠤᠨ ᠲᠠᠷᠠᠭ᠎ᠠ᠂ ︽ᠬᠤᠯᠪᠤᠭ᠎ᠠ︾ ᠬᠤᠤᠷ᠎ᠠ ᠴᠠᠭᠠᠵᠠᠯᠠᠬᠤ ᠤᠬᠠᠭᠤᠯᠭ᠎ᠠ ᠶᠢᠨ ᠳᠤᠭᠤᠶᠢᠯᠠᠩ ᠠᠶᠠᠨ ᠢᠶᠠᠨ ᠡᠬᠢᠯᠡᠬᠦᠯᠵᠦ 40 ᠭᠠᠷᠤᠢ ᠴᠠᠬ᠂ 2426 ᠺᠢᠯᠤᠮᠧᠲᠷ᠂ 5 ᠠᠶᠢᠮᠠᠭ ᠬᠤᠳᠠ 11 ᠬᠤᠰᠢᠭᠤ ᠰᠢᠶᠠᠨ ᠳᠠᠮᠵᠢᠨ ᠠᠶᠠᠯᠠᠵᠣ᠂ ᠬᠤᠯᠠ ᠵᠠᠮ ᠤᠨ ᠠᠶᠠᠨᠴᠢᠳ ᠤᠨ ᠭᠠᠯᠳᠤ ᠲᠡᠷᠬᠡᠨ ᠲᠡᠭᠡᠷ᠎ᠡ ᠬᠤᠤᠷ᠎ᠠ ᠴᠠᠭᠠᠵᠠᠯᠠᠬᠤ ᠤᠬᠠᠭᠤᠯᠭ᠎ᠠ ᠬᠢᠵᠡᠢ᠃ ᠲᠤᠰ ᠤᠬᠠᠭᠤᠯᠭ᠎ᠠ ᠶᠢᠨ ᠳᠤᠭᠤᠶᠢᠯᠠᠩ 2 ᠡᠳᠦᠷ ᠤᠨ ᠲᠤᠷᠰᠢ᠂ ︽ᠬᠤᠤᠷ᠎ᠠ ᠴᠠᠭᠠᠵᠠᠯᠠᠬᠤ︾ ᠬᠤᠯᠪᠤᠭ᠎ᠠ᠂ ᠲᠠᠯ᠎ᠠ ᠨᠤᠳᠤᠬ ᠤᠨ ᠲᠠᠭᠤᠤ ᠶᠢᠨ ᠴᠦᠷᠬᠦᠯᠡᠭᠡ᠂ ᠮᠤᠷᠢᠨ ᠬᠤᠭᠤᠷ ᠤᠨ ᠭᠤᠴᠤᠯᠠᠯ ᠬᠦᠭᠵᠢᠮ ᠵᠡᠷᠬᠡ ᠲᠤᠬᠯᠠᠯᠳᠠ ᠶᠢ ᠪᠠᠭᠳᠠᠭᠠᠬᠰᠠᠨ 5 ᠲᠠᠯᠠᠪᠠᠢ ᠲᠤᠬᠯᠠᠯᠳᠠ ᠭᠠᠷᠭᠠᠵᠠᠢ᠃ ᠡᠬᠦᠨ ᠤ ᠵᠡᠷᠬᠡᠪᠡᠷ᠂ ᠦᠪᠡᠷᠳᠡᠬᠡᠨ ᠵᠠᠰᠠᠬᠤ ᠤᠷᠤᠨ ᠤ ᠬᠤᠤᠷ᠎ᠠ ᠴᠠᠭᠠᠵᠠᠯᠠᠬᠤ ᠵᠦᠪᠯᠡᠯ ᠤᠨ ᠠᠯᠪᠠᠨ ᠬᠡᠷ ᠪᠠᠰᠠ ᠣᠬᠠᠭᠤᠯᠭ᠎ᠠ ᠶᠢᠨ ᠳᠤᠭᠤᠶᠢᠯᠠᠩ ᠢᠶᠠᠷ ᠲᠠᠮᠵᠢᠭᠤᠯᠤᠨ᠂ ᠵᠠᠮ ᠲᠠᠭᠠᠤ ᠶᠢᠨ 5 ᠠᠶᠢᠮᠠᠭ ᠬᠤᠳᠠ ᠶᠢᠨ 11 ᠬᠤᠰᠢᠭᠤ ᠰᠢᠶᠠᠨ ᠪᠠ ᠭᠠᠯᠳᠤ ᠲᠡᠷᠬᠡᠨ ᠲᠡᠭᠡᠷᠡᠬᠢ ᠠᠶᠠᠨᠴᠢᠳ ᠲᠤ 2017 ᠤᠨ ᠤ ︽ᠪᠦᠬᠦ ᠠᠷᠠᠳ ᠤᠨ ᠬᠤᠤᠷ᠎ᠠ ᠴᠠᠭᠠᠵᠠᠯᠠᠬᠤ ᠤᠬᠠᠭᠤᠯᠭ᠎ᠠ ᠶᠢᠨ ᠰᠠᠷ᠎ᠠ︾ ᠶᠢᠨ ᠬᠤᠤᠷ᠎ᠠ ᠴᠠᠭᠠᠵᠠᠯᠠᠬᠤ ᠶᠢ ᠲᠦᠪᠯᠡᠷᠡᠬᠦᠯᠦᠨ ᠤᠬᠠᠭᠤᠯᠬᠤ ᠠᠵᠢᠯᠯᠠᠭ᠎ᠠ ᠶᠢᠨ ᠨᠡᠶᠢᠭᠡᠮ ᠤᠨ ᠪᠠᠶᠢᠴᠠᠭᠠᠯᠲᠠ ᠶᠢᠨ ᠠᠰᠠᠭᠤᠯᠳᠠ ᠶᠢᠨ ᠬᠠᠭᠤᠳᠠᠰᠤ ᠶᠢ 10000 ᠭᠠᠷᠤᠢ ᠬᠤᠪᠢ ᠲᠠᠷᠬᠠᠭᠠᠨ ᠬᠤᠷᠢᠶᠠᠨ ᠠᠪᠴᠠᠢ᠃
 
ᠢᠷᠡᠯᠲᠡ᠄ ᠥᠪᠥᠷ ᠮᠣᠩᠭᠤᠯ ᠤᠨ ᠡᠳᠦᠷ  ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号