| | ᠳᠠᠯ᠎ᠠ ᠨᠤᠳᠤᠭ ᠬᠤᠯᠠ ᠶᠢᠨ ᠵᠤᠴᠢᠨ ᠢᠶᠠᠨ ᠡᠷᠭᠢᠮᠰᠦᠭᠯᠡᠨ ᠤᠬᠳᠤᠵᠤ᠂ ᠦᠪᠡᠳᠡᠭᠰᠢ ᠴᠤᠭᠯᠠᠭᠠᠨ ᠡᠬᠡ | ᠤᠯᠤᠰ ᠢᠶᠠᠨ ᠪᠠᠭ᠋ᠠᠳᠤᠨ ᠳᠠᠭᠤᠯᠠᠨ᠎ᠠ᠃ 7 ᠳ᠋ᠤᠭᠠᠷ ᠰᠠᠷ᠎ᠠ ᠶᠢᠨ 12 ᠤᠨ ᠡᠳᠦᠷ᠂ ᠦᠪᠡᠷᠳᠡᠭᠡᠨ ᠵᠠᠰᠠᠬᠤ ᠤᠷᠤᠨ ᠤ | ᠶᠢᠰᠦᠳᠦᠭᠡᠷ ᠬᠤᠭᠤᠴᠠᠭᠠᠨ ᠤ ᠴᠦᠭᠡᠨ ᠳᠤᠭᠠᠳᠦ ᠦᠨᠳᠦᠰᠦᠳᠠᠨ ᠤ ᠤᠯᠠᠮᠵᠢᠯᠠᠯᠳᠦ ᠪᠡᠶ᠎ᠠ ᠶᠢᠨ ᠳᠠᠮᠢᠷ ᠤᠨ | ᠴᠤᠭᠯᠠᠭᠠᠨ ᠭᠦᠯᠦᠨ ᠪᠤᠶᠢᠷ ᠬᠤᠳᠠ ᠶᠢᠨ ᠰᠢᠨ᠎ᠠ ᠳᠤᠭᠤᠷᠢᠭ ᠤᠨ ᠳᠠᠮᠢᠷ ᠤᠨ ᠳᠠᠯᠠᠪᠠᠢ ᠳᠤ ᠥᠪᠳᠡᠭᠰᠢ ᠶᠡᠭᠡᠪᠡᠷ | ᠡᠭᠢᠯᠡᠪᠡ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠳᠠᠳ᠋ ᠱᠦᠵᠢ᠂ ᠦᠪᠡᠷᠳᠡᠭᠡᠨ ᠵᠠᠰᠠᠬᠤ ᠤᠷᠤᠨ ᠤ | ᠳᠡᠷᠢᠭᠦᠯᠡᠭᠴᠢ ᠪᠦ᠋ ᠰᠢᠶᠤᠤ ᠯᠢᠨ᠂ ᠦᠪᠡᠷᠳᠡᠭᠡᠨ ᠵᠠᠰᠠᠬᠤ ᠤᠷᠤᠨ ᠤ ᠠᠷᠠᠳ ᠤᠨ ᠳᠦᠯᠦᠭᠡᠯᠡᠭᠴᠢᠳ ᠤᠨ ᠶᠡᠭᠡ | ᠬᠤᠷᠠᠯ ᠤᠨ ᠪᠠᠶᠢᠡᠭᠭᠤ ᠶᠢᠨ ᠬᠤᠷᠢᠶ᠎ᠠ ᠶᠢᠨ ᠪᠠᠶᠢᠩᠭᠤ ᠶᠢᠨ ᠳᠡᠳ᠋ ᠡᠷᠭᠢᠯᠡᠭᠴᠢ ᠬᠤᠷᠴᠠ᠂ ᠦᠪᠡᠷᠳᠡᠭᠡᠨ ᠵᠠᠰᠠᠬᠤ | ᠤᠷᠤᠨ ᠤ ᠳᠠᠳ᠋ ᠳᠠᠷᠢᠭᠦᠯᠡᠭᠴᠢ ᠯᠢᠦ ᠰᠢᠨ ᠯᠧ ᠡᠭᠢᠯᠡᠯᠳᠠ ᠶᠢᠨ ᠶᠤᠰᠤᠯᠠᠯ ᠳᠤ ᠤᠷᠤᠯᠴᠠᠪᠠ᠃ | ᠦᠳᠠ ᠶᠢᠨ ᠬᠤᠶᠢᠨ᠎ᠠ ᠶᠢᠨ 15 ᠴᠠᠭ ᠲᠤ᠂ ᠡᠭᠢᠯᠡᠯᠳᠠ ᠶᠢᠨ ᠶᠤᠰᠤᠯᠠᠯ ᠵᠢᠩᠭᠢᠨᠢ ᠪᠠᠷ ᠡᠭᠢᠯᠡᠪᠡ᠃ 12 | ᠠᠶᠢᠮᠠᠭ ᠬᠤᠳᠠ ᠶᠢᠨ ᠪᠡᠶ᠎ᠡ ᠶᠢᠨ ᠳᠠᠮᠢᠷ ᠤᠨ ᠳᠦᠯᠦᠭᠡᠯᠡᠭᠴᠢᠳ ᠤᠨ ᠪᠦᠯᠭᠦᠮ ᠦᠨᠳᠦᠰᠦᠳᠠᠨ ᠤ ᠵᠠᠰᠠᠯ ᠢᠶᠠᠷ ᠢᠶᠠᠨ | ᠭᠤᠶᠤᠯᠠᠨ᠂ ᠴᠤᠭ ᠰᠦᠯᠳᠠ ᠪᠠᠳᠠᠷᠠᠩᠭᠤᠢ ᠪᠠᠷ ᠳᠠᠯᠠᠪᠠᠢ ᠳᠤ ᠤᠷᠤᠵᠠᠭᠠᠯᠠ᠃ ᠳᠠᠳᠠᠨᠠᠷ ᠤᠷᠤᠯᠳᠤᠭᠠᠨ ᠤ ᠳᠠᠯᠠᠪᠠᠢ | ᠳᠡᠭᠡᠷ᠎ᠠ ᠭᠦᠴᠦᠨ ᠴᠢᠳᠠᠯ ᠢᠶᠠᠨ ᠰᠢᠪᠬᠠᠨ᠂ ᠦᠨᠳᠦᠰᠦᠳᠠᠨ ᠨᠦᠬᠦᠳ ᠤᠨ ᠤᠯᠠᠨ ᠳᠦᠮᠠᠨ ᠤ ᠡᠷᠡᠯᠭᠡᠭᠯᠡᠨ ᠳᠠᠪᠰᠢᠬᠤ | ᠵᠤᠷᠢᠭ ᠰᠠᠨᠠᠭᠠᠨ ᠤ ᠳᠦᠷᠢ ᠳᠦᠷᠭᠦ ᠶᠢ ᠬᠠᠷᠠᠭᠤᠯᠬᠤ ᠪᠤᠯᠤᠨ᠎ᠠ᠃ 15 ᠴᠠᠭ 40 ᠮᠢᠨᠦ᠋ᠲ ᠳᠤ᠂ ᠪᠦ᠋ ᠰᠢᠶᠤᠤ ᠯᠢᠨ | ᠳᠠᠮᠢᠷ ᠤᠨ ᠴᠤᠭᠯᠠᠭᠠᠨ ᠡᠭᠢᠯᠡᠭᠰᠡᠨ ᠢ ᠵᠠᠷᠯᠠᠯ᠎ᠠ᠃ ᠳᠠᠷᠠᠭᠡᠨ ᠮᠦᠴᠠ ᠳᠤ᠂ ᠡᠩᠭᠡ ᠳᠠᠶᠢᠪᠤᠡᠭ ᠤᠨ ᠴᠠᠭᠠᠨ ᠳᠠᠭᠳᠠᠭ᠎ᠠ | ᠪᠤᠯᠤᠨ ᠭᠡᠶᠢᠳᠦ ᠪᠦᠮᠪᠦᠭᠡ ᠤᠭᠳᠠᠷᠭᠤᠢ ᠪᠦᠷᠭᠦᠨ ᠨᠢᠰᠴᠤ᠂ ᠠᠯᠠᠭ᠎ᠠ ᠳᠠᠰᠢᠯᠳᠠ᠂ ᠤᠤᠬᠠᠶᠢᠯᠠᠯ ᠬᠠᠰᠭᠢᠷᠤᠯ ᠤᠨ | ᠳᠠᠭᠤᠨ ᠳᠠᠯᠠᠪᠠᠢ ᠳᠦᠭᠦᠷᠡᠩ ᠴᠠᠯᠭᠢᠯᠠᠵᠤ᠂ ᠰᠦᠷᠯᠢᠭ ᠶᠡᠭᠡᠮᠰᠦᠭ ᠤᠯᠤᠰ ᠤᠨ ᠰᠦᠯᠳᠡ ᠳᠠᠭᠤᠨ ᠳᠤ ᠳᠠᠪᠤᠨ | ᠤᠳᠤᠳᠤ ᠤᠯᠠᠭᠠᠨ ᠳᠤᠭ ᠠᠯᠭᠤᠷᠬᠠᠨ ᠮᠠᠨᠳᠤᠯ᠎ᠠ᠃ ᠳᠠᠷᠠᠭ᠎ᠠ ᠨᠢ ᠦᠪᠡᠷᠳᠡᠭᠡᠨ ᠵᠠᠰᠠᠬᠤ ᠤᠷᠤᠨ ᠤ ᠴᠦᠭᠡᠨ | ᠳᠤᠭᠠᠳᠦ ᠦᠨᠳᠦᠰᠦᠳᠠᠨ ᠤ ᠤᠯᠠᠮᠵᠢᠯᠠᠯᠳᠦ ᠪᠡᠶ᠎ᠠ ᠶᠢᠨ ᠳᠠᠮᠢᠷ ᠤᠨ ᠴᠤᠭᠯᠠᠭᠠᠨ ᠤ ᠳᠤᠭ ᠢ ᠳᠠᠯᠠᠪᠠᠢ ᠳᠤ | ᠮᠠᠨᠳᠤᠭᠤᠯᠵᠠᠢ᠃ ᠡᠭᠢᠯᠡᠯᠳᠠ ᠶᠢᠨ ᠶᠤᠰᠤᠯᠠᠯ ᠳᠠᠭᠤᠰᠤᠭᠰᠠᠨ ᠤ ᠳᠠᠷᠠᠭ᠎ᠠ᠂ ᠳᠠᠯ᠎ᠠ ᠨᠤᠳᠤᠭ ᠤᠨ ᠦᠨᠳᠦᠰᠦᠳᠠᠨ ᠤ | ᠰᠤᠶᠤᠯ ᠢ ᠳᠠᠯᠭᠡᠨ ᠦᠵᠡᠭᠦᠯᠦᠭᠰᠡᠨ ᠭᠤᠴᠤ ᠰᠠᠶᠢᠬᠠᠨ ᠤᠷᠠᠯᠢᠭ ᠤᠨ ᠳᠤᠭᠯᠠᠯᠳᠠ ᠭᠦᠰᠢᠭᠡ ᠪᠠᠨ ᠢᠷᠠᠭᠰᠠᠠ | ᠪᠠᠶᠢᠨ᠎ᠠ᠃ ᠤᠷᠠᠯᠢᠭ ᠤᠨ ᠳᠤᠭᠯᠠᠯᠳᠠ ᠨᠢ ᠳᠠᠪᠤᠨ ᠶᠡᠭᠡ ᠪᠦᠯᠦᠭ ᠲᠤ ᠬᠤᠪᠢᠶᠠᠭᠳᠠᠭᠰᠠᠨ ᠪᠦᠭᠡᠳ ᠳᠤᠰ ᠳᠤᠰ ︽ | ᠪᠤᠶᠢᠷ · ᠭᠦᠯᠦᠨ︾᠂ ︽ᠴᠡᠪᠡᠷ ᠠᠷᠢᠭᠤᠨ ᠭᠦᠰᠡᠯ︾᠂ ︽ᠰᠦᠷᠯᠢᠭ ᠰᠠᠶᠢᠬᠠᠨ ᠭᠦᠰᠡᠯ︾᠂ ︽ᠡᠶ᠎ᠡ | ᠨᠠᠶᠢᠷᠠᠮᠳᠠᠭᠤ ᠭᠦᠰᠡᠯ︾᠂ ︽ᠦᠩᠭᠡ ᠦᠵᠡᠮᠵᠢᠳᠤ ᠭᠡᠷ ᠤᠷᠤᠨ︾ ᠢᠶᠠᠷ ᠭᠤᠤᠯ ᠰᠡᠳᠦᠪ ᠢᠶᠠᠨ ᠪᠤᠯᠭᠠᠵᠤ᠂ ᠮᠠᠨ ᠤ | ᠤᠷᠤᠨ ᠤ ᠦᠡᠭᠭᠡ ᠭᠢᠯᠪᠠᠭᠠᠳᠦ ᠦᠨᠳᠦᠰᠦᠳᠠᠨ ᠤ ᠰᠤᠶᠤᠯ᠂ ᠪᠦᠯᠭᠦᠮᠳᠠᠨ ᠨᠠᠶᠢᠷᠠᠮᠳᠠᠭᠰᠠᠨ ᠦᠨᠳᠦᠰᠦᠳᠠᠨ ᠤ | ᠬᠠᠷᠢᠴᠠᠭ᠎ᠠ ᠶᠢ ᠳᠠᠯᠭᠡᠨ ᠦᠵᠡᠭᠦᠯᠵᠤ᠂ ᠪᠦᠭᠦ ᠤᠷᠤᠨ ᠤ ᠦᠨᠳᠦᠰᠦᠳᠠᠨ ᠨᠦᠬᠦᠳ ᠤᠨ ᠠᠷᠠᠳ ᠳᠦᠮᠠᠨ ᠤ ᠰᠠᠭᠢᠨ | ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠪᠦᠯᠭᠦᠮᠳᠠᠨ ᠳᠠᠮᠠᠴᠡᠨ ᠴᠤᠴᠠᠯᠳᠠ ᠦᠬᠡᠢ ᠤᠷᠤᠭᠰᠢᠯᠠᠵᠤ᠂ ᠡᠭᠡ ᠤᠯᠤᠰ | ᠤᠨ ᠤᠮᠠᠷᠠᠳᠦ ᠶᠢᠨ ᠦᠵᠡᠰᠭᠦᠯᠡᠩᠳᠦ ᠰᠠᠶᠢᠬᠠᠨ ᠦᠵᠡᠮᠵᠢ ᠶᠢᠨ ᠤᠷᠤᠨ ᠢ ᠴᠤᠭᠴᠠᠯᠠᠬᠤ ᠡᠷᠡᠯᠭᠡᠭ ᠵᠤᠷᠢᠭ ᠠᠤᠭ᠎ᠠ | ᠰᠠᠨᠠᠭ᠎ᠠ ᠶᠢ ᠬᠠᠷᠠᠭᠤᠯᠵᠠᠢ᠃ | ᠦᠪᠡᠷᠳᠡᠭᠡᠨ ᠵᠠᠰᠠᠬᠤ ᠤᠷᠤᠨ ᠤ ᠴᠦᠭᠡᠨ ᠲᠤᠭᠠᠳᠦ ᠦᠨᠳᠦᠰᠦᠳᠡᠨ ᠤ ᠤᠯᠠᠮᠵᠢᠯᠠᠯᠳᠦ ᠪᠡᠶ᠎ᠡ ᠶᠢᠨ ᠲᠠᠮᠢᠷ | ᠤᠨ ᠴᠤᠭᠯᠠᠭᠠᠨ ᠢ ᠳᠦᠷᠪᠡᠨ ᠵᠢᠯ ᠳᠤ ᠨᠢᠭᠡ ᠬᠤᠭᠤᠴᠠᠭ᠎ᠠ ᠡᠷᠬᠢᠯᠡᠳᠡᠭ᠂ 1985 ᠣᠨ ᠠᠴᠠ ᠨᠡᠰᠢ ᠨᠢᠭᠡᠨᠳᠡ 8 | ᠬᠤᠭᠤᠴᠠᠭ᠎ᠠ ᠡᠷᠬᠢᠯᠡᠪᠠ᠃ ᠲᠤᠰ ᠬᠤᠭᠤᠴᠠᠭᠠᠨ ᠤ ᠲᠠᠮᠢᠷ ᠤᠨ ᠴᠤᠭᠯᠠᠭᠠᠨ ᠢ ᠦᠪᠡᠷᠳᠡᠭᠡᠨ ᠵᠠᠰᠠᠬᠤ ᠤᠷᠤᠨ ᠤ | ᠦᠨᠳᠦᠰᠦᠳᠡᠨ ᠤ ᠭᠡᠷᠡᠭ ᠡᠷᠬᠢᠯᠡᠬᠦ ᠵᠦᠪᠯᠡᠯ᠂ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ | ᠲᠤᠪᠴᠢᠶ᠎ᠠ ᠠᠴᠠ ᠭᠤᠤᠯᠯᠠᠨ ᠡᠷᠬᠢᠯᠡᠵᠤ᠂ ᠬᠦᠯᠦᠨ ᠪᠤᠶᠢᠷ ᠬᠤᠳᠠ ᠶᠢᠨ ᠵᠠᠰᠠᠭ ᠤᠨ ᠤᠷᠳᠤᠨ ᠠᠴᠠ ᠳᠠᠭᠠᠭᠠᠴᠢᠯᠠᠨ | ᠡᠷᠬᠢᠯᠡᠵᠦ᠂ ︽ᠦᠵᠡᠰᠬᠦᠯᠡᠩᠳᠦ ᠰᠠᠶᠢᠬᠠᠨ ᠲᠠᠯ᠎ᠠ ᠨᠤᠳᠤᠭ ᠲᠤ ᠬᠤᠷᠠᠨ ᠴᠤᠭᠯᠠᠷᠠᠵᠦ ᠦᠨᠳᠦᠰᠦᠳᠡᠨ ᠤ ᠦᠪᠡᠳᠡᠭᠰᠢ | ᠴᠤᠭᠯᠠᠭᠠᠨ ᠢᠶᠠᠨ ᠬᠠᠮᠳᠤᠪᠠᠷ ᠪᠡᠯᠭᠡᠯᠡᠬᠦ︾ ᠪᠠᠷ ᠭᠤᠤᠯ ᠰᠡᠳᠦᠪ ᠢᠶᠠᠨ ᠪᠤᠯᠭᠠᠵᠦ᠂ ᠮᠤᠷᠢᠨ ᠮᠡᠷᠭᠡᠵᠢᠯ ᠵᠡᠷᠭᠡ 14 | ᠵᠦᠢᠯ ᠤᠨ ᠤᠷᠤᠯᠳᠤᠭᠠᠨ ᠤ ᠲᠦᠷᠦᠯ ᠵᠦᠢᠯ ᠤᠨ 90 ᠪᠠᠭ᠎ᠠ ᠲᠦᠷᠦᠯ ᠪᠤᠯᠤᠨ ᠪᠤᠶᠢᠺᠤ ᠪᠦᠮᠪᠦᠭᠡ᠂ ᠮᠢᠷᠭᠠᠨ | ᠲᠡᠷᠭᠡ᠂ ᠳᠡᠮᠡᠭᠡᠨ ᠪᠦᠮᠪᠦᠭᠡ ᠵᠡᠷᠭᠡ 3 ᠦᠵᠡᠬᠦᠯᠦᠯᠭᠡ ᠶᠢᠨ ᠲᠦᠷᠦᠯ ᠵᠦᠢᠯ ᠢ ᠳᠤᠬᠢᠷᠠᠭᠤᠯᠵᠠᠢ᠃ ᠪᠦᠬᠦ ᠤᠷᠤᠨ ᠤ | 12 ᠠᠶᠢᠮᠠᠭ ᠬᠤᠳᠠ ᠶᠢᠨ 1300 ᠭᠠᠷᠤᠢ ᠲᠠᠮᠢᠷᠴᠢᠨ ᠤᠷᠤᠯᠳᠤᠭᠠᠨ ᠳᠤ ᠤᠷᠤᠯᠴᠠᠬᠤ ᠪᠤᠯᠤᠨ᠎ᠠ᠃ | ᠦᠪᠡᠷᠳᠡᠭᠡᠨ ᠵᠠᠰᠠᠬᠤ ᠤᠷᠤᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠵᠢᠴᠢ ᠬᠡᠰᠡᠭ ᠮᠤᠵᠢ ᠬᠤᠳᠠ ᠶᠢᠨ | ᠦᠨᠳᠦᠰᠦᠳᠡᠨ ᠤ ᠭᠡᠷᠡᠭ ᠡᠷᠬᠢᠯᠡᠬᠦ ᠵᠦᠪᠯᠡᠯ᠂ ᠪᠡᠶ᠎ᠡ ᠶᠢᠨ ᠲᠠᠮᠢᠷ ᠤᠨ ᠰᠢᠰᠲ᠋ᠧᠮ ᠤᠨ ᠬᠠᠷᠢᠭᠤᠴᠠᠯᠭᠠᠳᠠᠨ | ᠡᠬᠢᠯᠡᠯᠳᠡ ᠶᠢᠨ ᠶᠤᠰᠤᠯᠠᠯ ᠳᠤ ᠤᠷᠤᠯᠴᠠᠪᠠ᠃ |