︽ᠲᠠᠯ᠎ᠠ ᠨᠣᠳᠤᠬ ᠤᠨ ᠴᠢᠳᠠᠪᠣᠷᠢᠳᠠᠨ︾᠎ ᠤ ᠲᠡᠬᠡᠳᠥ ᠲᠠᠰ ᠤᠨ ᠬᠠᠮᠳᠣᠷᠠᠯᠴᠠᠭ᠎ᠠ ᠰᠣᠯᠢᠯᠴᠠᠭ᠎ᠠ ᠶᠢᠨ ᠬᠤᠷᠠᠯ ᠣᠷᠳᠣᠰ ᠬᠤᠳᠠ ᠳᠤ ᠡᠬᠢᠯᠡᠪᠡ
ᠨᠡᠶᠢᠲᠡᠯᠡᠭᠰᠡᠨ ᠴᠠᠭ᠄
2017/7/13
    7 ᠳ᠋ᠤᠭᠠᠷ ᠰᠠᠷ᠎ᠠ ᠶᠢᠨ 12᠎ ᠤᠨ ᠡᠳᠣᠷ᠂ ᠲᠠᠪᠣᠳᠣᠭᠠᠷ ᠬᠤᠭᠤᠴᠠᠭᠠᠨ ᠤ ᠥᠪᠣᠷ ᠮᠣᠩᠭᠤᠯ ᠤᠨ ︽ᠲᠠᠯ᠎ᠠ ᠨᠣᠳᠤᠬ ᠤᠨ ᠴᠢᠳᠠᠪᠣᠷᠢᠳᠠᠨ︾᠎ ᠤ ᠲᠡᠬᠡᠳᠥ ᠲᠠᠰ ᠤᠨ ᠴᠢᠳᠠᠪᠣᠷᠢᠳᠠᠨ ᠤ ᠬᠠᠮᠳᠣᠷᠠᠯᠴᠠᠭ᠎ᠠ ᠰᠣᠯᠢᠯᠴᠠᠭ᠎ᠠ ᠶᠢᠨ ᠬᠤᠷᠠᠯ ᠵᠢᠴᠢ ᠬᠥᠬᠡᠬᠤᠳᠠ ᠪᠣᠭᠤᠳᠣ ᠣᠷᠳᠣᠰ ᠤᠨ ᠴᠢᠳᠠᠪᠣᠷᠢᠳᠠᠨ ᠤ ᠰᠢᠨ᠎ᠠ ᠶᠢ ᠡᠬᠦᠳᠴᠣ ᠥᠢᠯᠡᠰ ᠪᠣᠰᠬᠠᠬᠤ ᠭᠠᠷᠠᠭ  ᠎ ᠤᠨ ᠠᠵᠢᠯᠯᠠᠭ᠎ᠠ ᠣᠷᠳᠣᠰ ᠬᠤᠳᠠ ᠳᠤ ᠡᠬᠢᠯᠡᠪᠠ᠃      ᠥᠪᠡᠷᠳᠡᠬᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠵᠣᠬᠢᠶᠠᠨ ᠪᠠᠶᠢᠭᠤᠯᠬᠤ ᠬᠡᠯᠳᠡᠰ ᠤᠨ ᠲᠠᠷᠤᠭ᠎ᠠ ᠽᠧᠩ ᠢ ᠴᠥᠨ᠂ ᠥᠪᠡᠷᠳᠡᠬᠡᠨ ᠵᠠᠰᠠᠬᠤ ᠣᠷᠣᠨ ᠤ ᠲᠡᠳ᠋ ᠲᠡᠷᠢᠬᠦᠯᠡᠭᠴᠢ ᠴᠠᠩ ᠵᠢᠶᠦ᠋ᠨ ᠵᠧᠩ ᠬᠤᠷᠠᠯ ᠳᠤ ᠤᠷᠤᠯᠴᠠᠵᠥ᠂ ᠲᠤᠰ ᠲᠤᠰ ᠥᠪᠡᠷᠳᠡᠬᠡᠨ ᠵᠠᠰᠠᠬᠤ ᠣᠷᠣᠨ  ᠎ ᠤ ︽ᠲᠠᠯ᠎ᠠ ᠨᠣᠳᠤᠬ ᠤᠨ ᠴᠢᠳᠠᠪᠣᠷᠢᠳᠠᠨ︾᠎ ᠤ ᠳᠥᠯᠥᠬᠡᠯᠡᠭᠴᠢ ᠳᠤ ᠢᠷᠠᠭᠤ ᠠᠯᠳᠠᠷ ᠤᠨ ᠥᠨᠠᠮᠯᠠᠯ ᠭᠠᠷᠳᠠᠭᠤᠯᠵᠥ᠂ ᠮᠠᠨ ᠤ ᠣᠷᠣᠨ ᠤ ᠰᠢᠨ᠎ᠠ ᠪᠠᠷ ᠪᠠᠶᠢᠭᠤᠯᠤᠭᠰᠠᠠ ︽ᠠᠺᠡᠳᠧᠮᠢᠴᠢ ᠳᠣᠰᠬᠠᠢ ᠮᠡᠷᠬᠡᠵᠢᠯᠳᠡᠨ ᠤ ᠠᠵᠢᠯᠯᠠᠬᠤ ᠥᠷᠳᠡᠭᠡ︾᠎ ᠶᠢᠨ ᠫᠠᠶᠢᠰᠠ ᠶᠢ ᠰᠠᠬᠦᠪᠠ᠃      ᠳᠣᠰ ᠣᠳᠠᠭ᠎ᠠ ᠶᠢᠨ ᠠᠵᠢᠯᠯᠠᠭ᠎ᠠ ︽ᠴᠢᠳᠠᠪᠣᠷᠢᠳᠠᠨ ᠢ ᠬᠤᠷᠠᠮᠳᠣᠭᠤᠯᠵᠣ ︿ᠳᠣᠯᠣᠭᠠᠨ ᠳᠣᠣᠷ﹀᠎ ᠢ ᠪᠠᠶᠢᠭᠤᠯᠤᠠ᠂ ᠣᠶᠣᠨ ᠢ ᠣᠷᠣᠭᠤᠯᠣᠨ ᠠᠪᠴᠢᠷᠠᠵᠣ ︿ᠳᠣᠯᠣᠭᠠᠨ ᠥᠢᠯᠡᠰ﹀᠎ ᠢ ᠬᠥᠭᠵᠢᠬᠦᠯᠬᠦ︾᠎ ᠪᠠᠷ ᠭᠤᠣᠯ ᠰᠡᠳᠣᠪ ᠪᠣᠯᠭᠠᠵᠣ᠂ ︽ᠲᠠᠯ᠎ᠠ ᠨᠣᠳᠤᠬ ᠤᠨ ᠴᠢᠳᠠᠪᠣᠷᠢᠳᠠᠨ︾᠎ ᠤ ᠨᠠᠷ᠎ᠠ ᠨᠥᠯᠥᠬᠡ ᠶᠢ ᠦᠷᠬᠡᠳᠬᠡᠡ᠂ ᠬᠥᠬᠡᠬᠤᠳᠠ ᠪᠣᠭᠤᠳᠣ ᠣᠷᠳᠣᠰ ᠤᠨ ᠴᠢᠳᠠᠪᠣᠷᠢᠳᠠᠨ ᠤ ᠬᠠᠮᠢᠶᠠᠷᠣᠯᠳᠠ ᠶᠢᠨ ᠠᠵᠢᠯ ᠤᠨ ᠥᠬᠡᠷᠡᠴᠢᠯᠡᠯᠳᠡ  ᠎ ᠶᠢᠨ ᠳᠣᠷᠰᠢᠯᠳᠠ ᠶᠢᠨ ᠳᠣᠭᠤᠷᠢᠬ ᠤᠨ ᠲᠠᠪᠠᠭᠤᠯᠢᠬ ᠲᠤ ᠳᠥᠰᠢᠭᠯᠡᠠ ᠭᠤᠷᠪᠠᠨ ᠭᠠᠵᠡᠷ ᠣᠷᠣᠨ ᠤ ᠴᠢᠳᠠᠪᠣᠷᠢᠳᠠᠨ ᠤ ᠡᠩᠨᠡᠭᠡ ᠶᠢᠨ ᠪᠠᠶᠢᠭᠤᠯᠣᠯᠳᠠ ᠶᠢ ᠠᠬᠢᠭᠤᠯᠬᠤ ᠪᠣᠯᠣᠨ᠎ᠠ᠃      ᠳᠣᠰ ᠠᠵᠢᠯᠯᠠᠭ᠎ᠠ ᠶᠢᠨ ᠭᠤᠣᠯ ᠬᠤᠷᠠᠯ ᠤᠨ ᠲᠠᠯᠠᠪᠠᠢ ᠶᠢ ᠣᠷᠳᠣᠰ ᠬᠤᠳᠠ ᠳᠤ ᠲᠤᠬᠢᠷᠠᠭᠤᠯᠵᠥ᠂ ᠬᠥᠬᠡᠬᠤᠳᠠ ᠪᠣᠭᠤᠳᠣ ᠬᠤᠳᠠ ᠳᠤ ᠬᠤᠪᠢᠶᠠᠷᠢ ᠲᠠᠯᠠᠪᠠᠢ ᠳᠣᠬᠢᠷᠠᠭᠤᠯᠤᠠ 12 — 16᠎ ᠤ ᠡᠳᠣᠷ ᠪᠣᠯᠳᠠᠯ᠎ᠠ ᠶᠠᠪᠣᠬᠳᠠᠨ᠎ᠠ᠃ ᠠᠵᠢᠯᠯᠠᠭ᠎ᠠ ᠶᠢᠨ ᠬᠤᠭᠤᠴᠠᠭᠠᠨ ᠳᠤ᠂ ᠵᠦᠪᠯᠡᠯᠴᠡᠬᠡᠷ ᠲᠤᠭᠳᠠᠬᠤ᠂ ᠶᠠᠷᠢᠶᠠᠨ ᠤ ᠲᠠᠪᠴᠠᠩ᠂ ᠣᠷᠣᠯᠳᠣᠭᠠᠨ ᠮᠦᠷᠦᠶᠢᠴᠡᠬᠡᠡ᠂ ᠥᠢᠯᠡᠰ ᠪᠣᠰᠬᠠᠵᠣ ᠠᠵᠢᠯ ᠣᠯᠭᠤᠬᠤ 4 ᠳᠥᠷᠥᠯ ᠤᠨ ᠠᠭᠤᠯᠭ᠎ᠠ ᠲᠠᠢ ︽ᠲᠠᠯ᠎ᠠ ᠨᠣᠳᠤᠬ ᠤᠨ ᠴᠢᠳᠠᠪᠣᠷᠢᠳᠠᠨ︾᠎ ᠤ ᠢᠨᠵᠧᠨᠧᠷᠢᠩ ᠤᠨ ᠰᠢᠨ᠎ᠠ ᠶᠢ ᠡᠬᠦᠳᠥᠨ ᠥᠢᠯᠡᠰ ᠪᠣᠰᠬᠠᠬᠰᠠᠨ ᠥᠷ᠎ᠠ ᠪᠥᠳᠥᠬᠡᠯ ᠎ ᠤᠨ ᠥᠵᠡᠰᠬᠦᠯᠡᠩ᠂ ᠪᠣᠭᠤᠳᠣ ᠬᠤᠳᠠ ᠶᠢᠨ ᠲᠡᠬᠡᠳᠥ ᠮᠡᠷᠬᠡᠵᠢᠯ ᠤᠨ ᠴᠢᠳᠠᠪᠣᠷᠢᠳᠠᠨ ᠤ ᠲᠡᠯᠡᠬᠡᠢ ᠶᠢᠨ ᠥᠨᠡᠯᠡᠯᠳᠡ ᠪᠠᠷ ᠣᠷᠣᠭᠤᠯᠣᠨ ᠠᠪᠴᠢᠷᠠᠵᠣ ᠬᠥᠮᠥᠵᠢᠬᠦᠯᠬᠦ ᠢᠨᠵᠧᠨᠧᠷᠢᠩ ᠤᠨ ᠬᠡᠷ᠎ᠠ ᠳᠣᠬᠳᠠᠬᠤ ᠶᠣᠰᠣᠯᠠᠯ᠂ ᠥᠢᠯᠡᠰ ᠪᠣᠰᠬᠠᠭᠰᠠᠨ ᠵᠠᠯᠠᠭᠤᠴᠣᠳ ᠤᠨ ᠰᠢᠨᠵᠢᠯᠡᠭᠡ ᠮᠡᠷᠬᠡᠵᠢᠯ ᠤᠨ ᠰᠢᠨ᠎ᠠ ᠶᠢ ᠡᠬᠦᠳᠬᠦ ︽1+1︾ ᠠᠵᠢᠯᠯᠠᠭ᠎ᠠ ᠎ ᠶᠢᠨ ᠳᠥᠯᠥᠪᠯᠡᠭᠡ ᠶᠢᠨ ᠬᠡᠷ᠎ᠠ ᠳᠣᠬᠳᠠᠬᠤ᠂ ᠴᠠᠭᠠᠨ ᠢᠳᠡᠭᠡ ᠶᠢᠨ ᠦᠢᠯᠡᠰ ᠤᠨ ᠰᠣᠳᠣᠨ ᠴᠢᠳᠠᠪᠣᠷᠢᠳᠠᠨ ᠤ ᠲᠡᠬᠡᠳᠣ ᠲᠡᠰ ᠤᠨ ᠶᠠᠷᠢᠶᠡᠨ ᠤ ᠲᠠᠪᠴᠠᠩ ᠵᠡᠷᠬᠡ 29 ᠵᠥᠢᠯ ᠤᠨ ᠠᠵᠢᠯᠯᠠᠭ᠎ᠠ ᠦᠷᠨᠢᠭᠦᠯᠦᠨ᠎ᠡ᠃      ᠬᠤᠷᠠᠯ ᠡᠬᠢᠯᠡᠬᠦ ᠠᠴᠠ ᠡᠮᠣᠨ᠎ᠠ᠂ ᠽᠧᠩ ᠢ ᠴᠥᠨ᠂ ᠴᠠᠩ ᠵᠢᠶᠦ᠋ᠨ ᠵᠧᠩ ᠨᠠᠷ ᠬᠤᠷᠠᠯ ᠳᠤ ᠤᠷᠤᠯᠴᠠᠭᠰᠠᠠ ᠳᠣᠮᠳᠠᠳᠣ ᠣᠯᠣᠰ ᠤᠨ ᠠᠺᠠᠳᠧᠮᠢᠴᠢ ᠶᠢᠨ ᠬᠥᠷᠢᠶᠡᠯᠡᠩ᠂ ᠳᠣᠮᠳᠠᠳᠣ ᠣᠯᠣᠰ ᠤᠨ ᠰᠢᠨᠵᠢᠯᠡᠬᠦ ᠣᠬᠠᠭᠠᠨ ᠤ ᠬᠥᠷᠢᠶᠡᠯᠡᠩ᠂ ᠮᠣᠩᠭᠤᠯ ᠣᠯᠣᠰ ᠤᠨ ᠠᠺᠠᠳᠧᠮᠢᠴᠢ ᠶᠢᠨ ᠬᠥᠷᠢᠶᠡᠯᠡᠩ ᠤᠨ ᠡᠷᠳᠡᠮᠳᠡᠡ ᠲᠠᠢ ᠠᠭᠤᠯᠵᠠᠪᠠ᠃ ᠬᠤᠷᠠᠯ ᠎ ᠳᠤ ᠣᠷᠣᠯᠴᠠᠬᠰᠠᠳ ᠪᠠᠰᠠ ᠣᠷᠳᠣᠰ ᠬᠤᠳᠠ ᠶᠢᠨ ᠲᠡᠬᠡᠳᠥ ᠰᠢᠨ᠎ᠠ ᠮᠡᠷᠬᠡᠵᠢᠯ ᠤᠨ ᠠᠵᠣ ᠥᠢᠯᠡᠰ ᠤᠨ ᠨᠡᠬᠡᠬᠡᠯᠳᠡ ᠎ ᠶᠢᠨ ᠳᠣᠭᠤᠷᠢᠬ ᠪᠠ ᠡᠵᠡᠨ ᠬᠤᠷᠤᠭ᠎ᠠ ᠬᠤᠰᠢᠭᠤ ᠶᠢᠨ ︽ᠲᠡᠭᠷᠢᠯᠢᠭ ᠣᠯᠠᠨ ᠢᠶᠠᠷ ᠢᠶᠠᠨ ᠥᠢᠯᠡᠰ ᠪᠣᠰᠬᠠᠬᠤ ᠬᠥᠷᠢᠶᠡᠯᠡᠩ︾᠎ ᠤᠨ ᠴᠢᠳᠠᠪᠣᠷᠢᠳᠠᠨ ᠤ ᠠᠵᠢᠯ ᠤᠨ ᠲᠠᠭᠤᠷᠢᠶᠠᠯ ᠥᠵᠡᠬᠦᠯᠬᠦ ᠴᠢᠭ᠋ ᠢ ᠲᠣᠭᠤᠷᠢᠨ ᠦᠵᠡᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号