ᠡᠷᠢᠶᠠᠨ ᠬᠤᠳᠠ ᠵᠢᠭᠤᠯᠴᠢᠯᠠᠯ ᠪᠤᠯᠤᠨ ᠠᠭᠠᠷ ᠠᠶᠠᠯᠠᠯ ᠤᠨ ᠬᠤᠤᠰ ᠪᠦᠳᠦᠴᠡ ᠶᠢ ᠠᠰᠢᠠᠠᠯᠠᠵᠦ ᠵᠢᠭᠤᠯᠴᠢᠯᠠᠯ ᠤᠨ ᠤᠶᠢᠯᠡᠰ ᠢ ᠬᠦᠭᠵᠢᠭᠦᠯᠵᠦ ᠪᠣᠢ
ᠨᠡᠶᠢᠲᠡᠯᠡᠭᠰᠡᠨ ᠴᠠᠭ᠄
2017/7/21
     7 ᠳ᠋ᠤᠭᠠᠷ ᠰᠠᠷ᠎ᠠ 1᠎ ᠤ ᠡᠳᠤᠷ ᠪᠤᠯᠤᠨ 3᠎ ᠤ ᠡᠳᠤᠷ᠂ ᠡᠷᠢᠶᠠᠨ ᠬᠤᠳᠠ ᠠᠴᠠ ᠤᠷᠤᠰ ᠤᠨ ᠤᠯᠠᠭᠠᠠᠡᠬᠦᠳᠡ ᠪᠤᠯᠤᠨ ᠢᠷᠺᠦᠰᠺᠡ ᠬᠦᠷᠬᠦ ᠵᠢᠭᠤᠯᠴᠢᠯᠠᠯ ᠤᠨ ᠲᠤᠰᠬᠠᠢ ᠨᠢᠰᠬᠡᠯ ᠵᠢᠩᠬᠢᠨᠢ ᠪᠠᠷ ᠨᠡᠪᠳᠡᠷᠡᠵᠦ᠂ ᠡᠷᠢᠶᠠᠨ ᠬᠤᠳᠠ ᠠᠴᠠ ᠤᠯᠠᠭᠠᠨᠪᠠᠭᠠᠳᠤᠷ ᠬᠦᠷᠬᠦ ᠠᠭᠠᠷ ᠠᠶᠠᠯᠠᠯ ᠤᠨ ᠱᠤᠭᠤᠮ ᠲᠠᠢ ᠨᠡᠶᠢᠯᠡᠬᠡᠳ᠂ ᠤᠯᠠᠨ ᠤᠯᠤᠰ ᠤᠨ ᠠᠭᠠᠷ ᠠᠶᠠᠯᠠᠯ ᠤᠨ ᠱᠤᠭᠤᠮ ᠨᠠᠶᠢᠳᠡ ᠭᠤᠷᠪᠠ ᠪᠤᠯᠵᠦ᠂ ᠡᠷᠢᠶᠠᠨ ᠬᠤᠳᠠ ᠶᠢᠨ ᠵᠢᠭᠤᠯᠴᠢᠯᠠᠯ ᠤᠨ ᠬᠦᠭᠵᠢᠯᠳᠡ ᠶᠢ ᠦᠨᠡᠨᠬᠦ ᠠᠬᠢᠭᠤᠯᠤᠠᠠᠰᠡᠨ ᠪᠠᠶᠢᠨ᠎ᠠ᠃      ᠡᠷᠢᠶᠠᠨ ᠬᠤᠳᠠ ᠤᠷᠤᠨ ᠪᠦᠰᠡ ᠶᠢᠨ ᠵᠢᠭᠤᠯᠴᠢᠯᠠᠯ ᠤᠨ ᠲᠤᠭᠤᠷᠢᠭ ᠢ ᠪᠦᠳᠦᠬᠡᠨ ᠪᠠᠶᠢᠭᠤᠯᠤᠭᠰᠠᠨ ᠠᠴᠠ ᠠᠪᠤᠭᠠᠳ᠂ ᠬᠦᠭᠵᠢᠯᠳᠡ ᠶᠢᠨ ᠬᠡᠯᠪᠠᠷᠢ ᠪᠠᠨ ᠲᠠᠰᠤᠷᠠᠯᠳᠠ ᠦᠬᠡᠢ ᠰᠢᠨᠡᠳᠬᠡᠵᠦ᠂ ᠵᠢᠭᠤᠯᠴᠢᠯᠠᠯ ᠪᠤᠯᠤᠨ ᠪᠤᠰᠤᠳ ᠠᠵᠢᠯ ᠲᠦᠷᠦᠯ ᠤᠨ ᠠᠭᠤᠰᠤᠯᠴᠠᠨ ᠬᠦᠭᠵᠢᠬᠦ ᠶᠢ ᠠᠬᠢᠭᠤᠯᠵᠦ᠂ ᠲᠦᠷᠪᠡᠨ ᠤᠯᠠᠷᠢᠯ ᠤᠨ ᠵᠢᠭᠤᠯᠴᠢᠯᠠᠯ ᠢ ᠬᠦᠭᠵᠢᠶᠡᠨᠳᠡᠢ ᠪᠤᠯᠭᠠᠵᠦ ᠪᠠᠶᠢᠨ᠎ᠠ᠃      ᠡᠷᠢᠶᠠᠨ ᠬᠤᠳᠠ ᠵᠢᠭᠤᠯᠴᠢᠯᠠᠯ ᠤᠨ ᠠᠭᠠᠷ ᠠᠶᠠᠯᠠᠯ ᠤᠨ ᠱᠤᠭᠤᠮ ᠢ ᠠᠰᠢᠠᠠᠯᠠᠨ᠂ ᠵᠢᠭᠤᠯᠴᠢᠯᠠᠯ ᠤᠨ ᠦᠢᠯᠡᠰ ᠎ ᠤᠨ ᠬᠦᠭᠵᠢᠯᠳᠡ ᠶᠢ ᠠᠬᠢᠭᠤᠯᠬᠤ ᠶᠢᠨ ᠲᠦᠯᠦᠭᠡ᠂ 7᠂ 8 ᠳ᠋ᠤᠭᠠᠷ ᠰᠠᠷ᠎ᠠ ᠳᠤ᠂ ᠤᠯᠠᠨ ᠤᠯᠤᠰ ᠤᠨ ᠬᠡᠪᠴᠢᠶᠡᠨ ᠳᠤ ᠡᠷᠢᠶᠠᠨ ᠬᠤᠳᠠ ᠠᠴᠠ ᠤᠷᠤᠰ ᠤᠨ ᠤᠯᠠᠭᠠᠠᠡᠬᠦᠳᠡ᠂ ᠢᠷᠺᠦᠰᠺᠡ ᠬᠦᠷᠬᠦ ᠵᠢᠭᠤᠯᠴᠢᠯᠠᠯ ᠤᠨ ᠲᠤᠰᠬᠠᠢ ᠨᠢᠰᠬᠡᠯ ᠢ ᠨᠡᠪᠳᠡᠷᠡᠭᠦᠯᠦᠭᠰᠡᠨ ᠤ ᠬᠠᠮᠳᠦ ᠡᠷᠢᠶᠠᠨ ᠬᠤᠳᠠ ᠠᠴᠠ ᠤᠯᠠᠭᠠᠨᠪᠠᠭᠠᠳᠤᠷ ᠬᠦᠷᠬᠦ ᠵᠢᠭᠤᠯᠴᠢᠯᠠᠯ ᠎ ᠤᠨ ᠲᠤᠰᠬᠠᠢ ᠨᠢᠰᠬᠡᠯ ᠢ ᠨᠡᠮᠡᠭᠳᠡᠭᠦᠯᠦᠭᠰᠡᠨ ᠪᠠᠶᠢᠨ᠎ᠠ᠃ ᠤᠯᠤᠰ ᠤᠨ ᠲᠤᠳᠤᠭᠠᠳᠦ ᠳᠤ ᠬᠠᠶᠢᠯᠠᠷ᠂ ᠲᠠᠶᠢᠶᠤᠸᠠᠨ᠂ ᠵᠧᠩᠵᠸᠦ᠂ ᠳ᠋ᠠᠯᠢᠶᠠᠨ᠂ ᠴᠢᠨ ᠬᠤᠸᠠᠩ ᠳ᠋ᠤᠦ᠂ ᠵᠢᠨᠠᠨ᠂ ᠬᠠᠩᠵᠸᠦ ᠵᠡᠷᠬᠡ ᠵᠢᠭᠤᠯᠴᠢᠯᠠᠯ ᠤᠨ ᠲᠤᠰᠬᠠᠢ ᠨᠢᠰᠬᠡᠯ ᠤᠨ ᠠᠭᠠᠷ ᠤᠨ ᠱᠤᠭᠤᠮ ᠢ ᠨᠡᠬᠡᠬᠡᠬᠦ ᠪᠠᠷ ᠲᠦᠯᠦᠪᠯᠡᠵᠦ᠂ ᠤᠳᠤᠬᠠᠨ ᠪᠤᠯᠳᠠᠯ᠎ᠠ᠂ ᠡᠷᠢᠶᠠᠨ ᠬᠤᠳᠠ ᠠᠴᠠ ᠪᠡᠬᠡᠵᠢᠩ᠂ ᠬᠦᠬᠡᠬᠤᠳᠠ᠂ ᠲᠢᠶᠠᠨᠵᠢᠨ᠂ ᠮᠠᠨᠵᠤᠤᠷ᠂ ᠱᠢ ᠵᠢᠶᠠ ᠵᠤᠸᠠᠩ ᠵᠡᠷᠬᠡ ᠤᠯᠤᠰ ᠤᠨ ᠲᠤᠳᠤᠭᠠᠳᠤ ᠶᠢᠨ ᠠᠭᠠᠷ ᠠᠶᠠᠯᠠᠯ ᠱᠤᠭᠤᠮ ᠪᠤᠯᠤᠨ ᠮᠤᠩᠭᠤᠯ ᠤᠯᠤᠰ ᠤᠨ ᠤᠯᠠᠭᠠᠨᠪᠠᠭᠠᠳᠤᠷ᠂ ᠤᠷᠤᠰ ᠤᠨ ᠤᠯᠠᠭᠠᠠᠡᠬᠦᠳᠡ᠂ ᠢᠷᠺᠦᠰᠺᠡ ᠬᠦᠷᠬᠦ ᠤᠯᠠᠨ ᠤᠯᠤᠰ ᠤᠨ ᠠᠭᠠᠷ ᠠᠶᠠᠯᠠᠯ ᠤᠨ ᠱᠤᠭᠤᠮ ᠢ ᠨᠡᠪᠳᠡᠷᠡᠭᠦᠯᠵᠦ᠂ ᠡᠷᠢᠶᠠᠨ ᠬᠤᠳᠠ ᠶᠢᠨ ︽ᠵᠢᠭᠤᠯᠴᠢᠯᠠᠯ + ᠠᠭᠠᠷ ᠤᠨ ᠠᠶᠠᠯᠠᠯ︾᠎ ᠤᠨ ᠬᠤᠤᠰ ᠪᠦᠳᠦᠴᠡ ᠶᠢ ᠪᠤᠢ ᠪᠤᠯᠭᠠᠠᠠᠰᠡᠨ ᠪᠠᠶᠢᠨ᠎ᠠ᠃      ᠡᠷᠢᠶᠠᠨ ᠬᠤᠳᠠ  ︽ᠨᠢᠬᠡ ᠪᠦᠰᠡ ᠨᠢᠬᠡ ᠵᠠᠮ︾᠎ ᠤᠨ ᠪᠠᠶᠢᠯᠳᠤᠬᠤ ᠪᠤᠳᠤᠯᠭ᠎ᠠ ᠪᠠᠷ ᠠᠵᠠ ᠲᠤᠬᠢᠶᠠᠯ ᠪᠤᠯᠭᠠᠵᠦ᠂ ᠲᠤᠮᠳᠠᠳᠤ ᠮᠤᠩᠭᠤᠯ ᠤᠷᠤᠰ ᠤᠨ ᠵᠢᠭᠤᠯᠴᠢᠯᠠᠯ ᠤᠨ ᠵᠠᠬ᠎ᠠ ᠲᠡᠯᠬᠡᠬᠦᠷ ᠢ ᠢᠳᠡᠪᠬᠢᠳᠡᠢ ᠪᠠᠷ ᠨᠡᠬᠡᠬᠡᠨ᠂ ᠤᠯᠤᠰ ᠤᠨ ᠲᠤᠳᠤᠭᠠᠳᠤ ᠪᠤᠯᠤᠨ ᠤᠯᠠᠨ ᠤᠯᠤᠰ ᠤᠨ ᠵᠢᠭᠤᠯᠴᠢᠯᠠᠯ ᠤᠨ ᠠᠭᠠᠷ ᠠᠶᠠᠯᠠᠯ ᠢ ᠨᠡᠪᠳᠡᠷᠡᠭᠦᠯᠵᠦ᠂ ᠪᠦᠬᠦ ᠲᠠᠯ᠎ᠠ ᠪᠠᠷ ᠵᠢᠭᠤᠯᠴᠢᠯᠠᠯ ᠤᠨ ᠠᠵᠦ ᠦᠢᠯᠡᠰ ᠤᠨ ᠬᠦᠭᠵᠢᠯᠳᠠ ᠳᠤ ᠲᠤᠰᠠᠯᠠᠵᠦ᠂ ᠵᠢᠭᠤᠯᠴᠢᠯᠠᠯ ᠤᠨ ᠠᠵᠦ ᠠᠬᠤᠢ ᠎ ᠶᠢᠨ ᠦᠷ᠎ᠠ ᠠᠰᠢᠭ ᠢᠯᠡᠳᠳᠠ ᠰᠠᠶᠢᠨ ᠪᠤᠯᠤᠠᠠᠰᠡᠨ ᠪᠠᠶᠢᠨ᠎ᠠ᠃      ᠡᠨᠡ ᠵᠢᠯ ᠤᠨ ᠲᠡᠬᠡᠷ᠎ᠡ ᠬᠠᠭᠠᠰ ᠵᠢᠯ ᠳᠤ᠂ ᠡᠷᠢᠶᠡᠨ ᠬᠤᠳᠠ ᠤᠯᠤᠰ ᠤᠨ ᠲᠤᠳᠤᠭᠠᠳᠤ ᠭᠠᠳᠠᠭᠠᠳᠤ ᠶᠢᠨ ᠵᠢᠭᠤᠯᠴᠢᠨ ᠢ 93.36 ᠲᠦᠮᠡᠨ ᠬᠦᠮᠦᠨ ᠢ ᠬᠦᠯᠢᠶᠡᠨ ᠠᠪᠴᠤ᠂ ᠠᠳᠠᠯᠢ ᠬᠤᠭᠤᠴᠠᠭᠠᠨ ᠠᠴᠠ 6.71% ᠨᠡᠮᠡᠭᠳᠡᠵᠡᠢ᠃ ᠵᠢᠭᠤᠯᠴᠢᠯᠠᠯ ᠤᠨ ᠠᠵᠢᠯ ᠲᠦᠷᠦᠯ ᠤᠨ ᠶᠡᠷᠤᠩᠬᠡᠢ ᠤᠷᠤᠯᠭ᠎ᠠ 21.59 ᠳ᠋ᠦᠩᠰᠢᠭᠤᠷ ᠲᠦᠬᠦᠷᠢᠭ ᠲᠤ ᠬᠦᠷᠴᠦ᠂ ᠠᠳᠠᠯᠢ ᠬᠤᠭᠤᠴᠠᠭᠠᠨ ᠠᠴᠠ 11.1% ᠨᠡᠮᠡᠭᠳᠡᠭᠰᠡᠨ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号