ᠬᠥᠯᠥᠨ ᠪᠤᠶᠢᠷ ᠬᠤᠳᠡ ᠲᠤᠮᠳᠡᠳᠤ ᠤᠷᠤᠰ ᠮᠤᠩᠭᠤᠯ ᠤᠨ ᠬᠠᠮᠵᠢᠯᠴᠡᠭᠠᠨ ᠤ ᠬᠤᠰᠢᠭᠤᠴᠢ ᠤᠷᠤᠨ ᠢ ᠪᠦᠳᠤᠭᠡᠨ ᠪᠠᠶᠢᠭᠤᠯᠵᠤ ᠪᠤᠢ
ᠨᠡᠶᠢᠲᠡᠯᠡᠭᠰᠡᠨ ᠴᠠᠭ᠄
2017/8/24
     ᠡᠨᠡ ᠵᠢᠯ ᠮᠡᠡᠵᠤᠤᠷ ᠬᠤᠳᠡ ᠶᠢᠨ ᠲᠠᠮᠤᠷ ᠵᠠᠮ ᠤᠨ ᠬᠢᠯᠢ ᠶᠢᠨ ᠪᠤᠭᠤᠮᠳᠡ ᠨᠢ ᠬᠦᠴᠤ ᠪᠠᠨ ᠲᠦᠪᠯᠡᠷᠡᠬᠦᠯᠤᠨ ᠲᠤᠮᠳᠡᠳᠤ ᠤᠷᠤᠰ ᠮᠤᠩᠭᠤᠯ ᠤᠨ ᠬᠠᠮᠵᠢᠯᠴᠡᠭᠠᠨ ᠤ ᠬᠤᠰᠢᠭᠤᠴᠢ ᠤᠷᠤᠨ ᠢ ᠪᠦᠳᠤᠭᠡᠨ ᠪᠠᠶᠢᠭᠤᠯᠬᠤ ᠪᠠᠷ ᠭᠦᠴᠦᠯᠡᠨ ᠴᠢᠷᠮᠡᠶᠢᠵᠤ ᠪᠤᠢ᠃      ᠤᠳᠤᠬᠠᠨ ᠳᠤ᠂ ᠬᠢᠯᠢ ᠪᠠᠷ ᠤᠷᠤᠵᠤ ᠭᠠᠷᠬᠤ ᠵᠢᠰᠢᠶᠡᠨ ᠤ ᠭᠠᠯᠳᠤ ᠲᠠᠷᠭᠡᠨ ᠤ ᠵᠠᠮ ᠱᠤᠭᠤᠮ ᠨᠢ 37 ᠪᠤᠯᠵᠤ᠂ ᠡᠨᠡ ᠵᠢᠯ ᠤᠨ ᠲᠦᠷᠤᠬᠦᠤ 5 ᠰᠠᠷ᠎ᠠ ᠳᠤ ᠬᠢᠯᠢ ᠶᠢᠨ ᠪᠤᠭᠤᠮᠳᠡ ᠪᠠᠷ ᠦᠡᠭᠭᠡᠷᠡᠭᠦ ᠵᠢᠰᠢᠶᠡᠨ ᠤ ᠭᠠᠯᠳᠤ ᠲᠠᠷᠭᠡ 540᠎ ᠳᠤ ᠬᠦᠷᠴᠤ᠂ ᠪᠠᠷᠠᠭᠠᠨ ᠤ ᠦᠷᠳᠡᠭ 20.56 ᠳ᠋ᠦᠡᠭᠰᠢᠭᠤᠷ ᠳ᠋ᠤᠯᠯᠠᠷ ᠲᠤ ᠬᠦᠷᠦᠭᠡᠳ ᠲᠡᠭᠡᠷ᠎ᠡ ᠵᠢᠯ ᠎ ᠤᠨ ᠠᠳᠠᠯᠢ ᠬᠤᠭᠤᠴᠠᠭᠠᠨ ᠤ ᠬᠢ ᠠᠴᠠ 43%᠎ ᠪᠠᠷ ᠨᠡᠮᠡᠭᠳᠡᠭᠰᠡᠨ ᠪᠠᠶᠢᠨ᠎ᠠ᠃ ᠮᠡᠡᠵᠤᠤᠷ ᠬᠢᠯᠢ ᠶᠢᠨ ᠪᠤᠭᠤᠮᠳᠡ ᠶᠢᠨ ᠠᠵᠤ ᠠᠬᠤᠢ ᠶᠢᠨ ᠲᠦᠷᠭᠡᠨ ᠬᠦᠭᠵᠢᠯᠳᠡ ᠨᠢ ᠬᠦᠯᠤᠨ ᠪᠤᠶᠢᠷ ᠬᠤᠳᠡ ᠶᠢᠨ ᠤᠮᠠᠷᠠᠰᠢ ᠴᠢᠯᠤᠭᠡᠳᠡᠢ ᠶᠠᠪᠤᠯᠴᠠᠬᠤ ᠠᠬᠢᠴᠠ ᠶᠢ ᠲᠦᠷᠭᠡᠤᠡᠭᠡᠭᠰᠡᠨ ᠤ ᠪᠤᠳᠡᠳᠤ ᠵᠢᠷᠤᠡᠡᠯᠡᠯ ᠪᠤᠯᠬᠤ ᠶᠤᠮ᠃      ᠤᠢᠢᠷ᠎ᠠ ᠶᠢᠨ ᠵᠢᠯ ᠤᠨ ᠲᠤᠷᠰᠢ᠂ ᠬᠦᠯᠤᠨ ᠪᠤᠶᠢᠷ ᠬᠤᠳᠡ ᠤᠯᠤᠰ ᠤᠨ ︽ᠨᠢᠭᠡ ᠪᠦᠰᠠ ᠨᠢᠭᠡ ᠵᠠᠮ︾᠎ ᠤᠨ ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠳᠡ ᠳᠤ ᠠᠭᠤᠰᠤᠯᠴᠡᠵᠤ᠂ ᠲᠤᠮᠳᠡᠳᠤ ᠤᠷᠤᠰ ᠮᠤᠩᠭᠤᠯ ᠤᠨ ᠬᠠᠮᠵᠢᠯᠴᠠᠭᠠᠨ ᠤ ᠬᠤᠰᠢᠭᠤᠴᠢ ᠤᠷᠤᠨ ᠤ ᠪᠦᠳᠤᠭᠡᠨ ᠪᠠᠶᠢᠭᠤᠯᠤᠯᠳᠡ ᠶᠢ ᠪᠦᠬᠦ ᠲᠠᠯ᠎ᠠ ᠪᠠᠷ ᠠᠬᠢᠭᠤᠯᠵᠤ᠂ ᠭᠠᠳᠠᠭᠠᠳᠤ ᠶᠠᠪᠤᠯᠴᠠᠭ᠎ᠠ ᠨᠢ ᠠᠭᠠᠵᠢᠮ ᠢᠶᠠᠷ ᠠᠷᠠᠯᠵᠢᠶ᠎ᠠ ᠮᠠᠶ᠋ᠢᠭ ᠠᠴᠠ ᠡᠬᠢ ᠪᠡᠶᠡᠯᠢᠭ᠋ ᠤᠨ ᠬᠠᠮᠵᠢᠯᠴᠠᠭᠠᠨ ᠤ ᠨᠡᠭᠡᠭᠡᠯᠳᠡ ᠵᠢᠴᠢ ᠭᠡᠯᠪᠡᠷᠢ ᠶᠢ ᠬᠤᠪᠢᠷᠠᠭᠤᠯᠤᠨ ᠲᠡᠰ ᠲᠠᠪᠰᠢᠬᠦᠯᠬᠦ ᠶᠢ ᠴᠢᠬᠤᠯᠠᠴᠢᠯᠠᠬᠤ ᠳᠤ ᠰᠢᠯᠵᠢᠵᠤ᠂ ᠭᠠᠳᠠᠭᠠᠳᠤ ᠯᠤᠭ᠎ᠠ ᠴᠢᠯᠤᠭᠡᠳᠡᠢ ᠶᠠᠪᠤᠯᠴᠠᠬᠤ ᠨᠢ ᠲᠦᠷᠭᠡᠨ ᠬᠦᠭᠵᠢᠯᠳᠡ ᠶᠢᠨ ᠱᠡᠳᠤ ᠦᠶ᠎ᠠ ᠳᠤ ᠤᠷᠤᠪᠡ᠃ ᠬᠦᠯᠤᠨ ᠪᠤᠶᠢᠷ ᠬᠤᠳᠡ ᠤᠷᠤᠰ᠂ ᠮᠤᠩᠭᠤᠯ ᠤᠯᠤᠰ ᠯᠤᠭ᠎ᠠ 1700 ᠭᠠᠷᠤᠢ ᠺᠢᠯᠣᠮᠧᠲᠷ ᠤᠨ ᠬᠢᠯᠢ ᠶᠢᠨ ᠱᠤᠭᠤᠮ ᠲᠠᠢ ᠪᠠᠶᠢᠵᠤ᠂ ᠤᠯᠤᠰ ᠤᠨ ᠲᠡᠰ ᠤᠨ 8 ᠬᠢᠯᠢ ᠶᠢᠨ ᠪᠤᠭᠤᠮᠳᠡ ᠵᠢᠯ ᠲᠤᠷᠰᠢᠳᠠ ᠨᠠᠪᠳᠡᠷᠡᠵᠤ ᠪᠤᠢ᠃ ᠪᠦᠬᠦ ᠬᠤᠳᠡ ᠶᠢᠨ ᠭᠠᠳᠠᠭᠠᠳᠤ ᠠᠴᠠ ᠤᠷᠤᠭᠤᠯᠬᠤ ᠠᠷᠡᠯᠵᠢᠶᠡᠨ ᠤ ᠨᠤᠷᠮ᠎ᠠ 30 ᠳ᠋ᠦᠡᠭᠰᠢᠭᠤᠷ ᠳ᠋ᠤᠯᠯᠠᠷ ᠲᠤ ᠲᠤᠡᠡᠳᠠᠪᠤᠷᠢᠵᠢᠵᠤ᠂ ᠪᠦᠬᠦ ᠤᠷᠤᠨ ᠤ ᠭᠠᠳᠠᠭᠠᠳᠤ ᠠᠷᠠᠯᠵᠢᠶᠡᠨ ᠤ ᠶᠡᠷᠤᠩᠭᠡᠢ ᠨᠤᠷᠮ᠎ᠠ ᠶᠢᠨ ᠲᠦᠷᠪᠡᠨ ᠤ ᠨᠢᠭᠡ ᠬᠤᠪᠢ ᠶᠢ ᠡᠵᠡᠯᠡᠵᠤ ᠪᠠᠶᠢᠳᠠᠭ᠃     2013 ᠣᠨ ᠤ 9 ᠳ᠋ᠦ᠋ᠭᠡᠷ ᠰᠠᠷ᠎ᠠ ᠳᠤ᠂ ︽ᠰᠦᠵᠸᠤ ᠮᠠᠡᠵᠤᠤᠷ ᠡᠸᠦ᠋ᠷᠤᠫᠠ︾᠎ ᠪᠠᠷ ᠲᠤᠯᠤᠭᠠᠢᠢᠯᠠᠭᠤᠯᠤᠡᠡᠰᠡᠨ ᠬᠢᠯᠢ ᠦᠡᠭᠭᠡᠷᠡᠬᠦ ᠵᠢᠰᠢᠶᠡᠨ ᠤ ᠭᠠᠯᠳᠤ ᠲᠠᠷᠭᠡ ᠨᠠᠪᠳᠠᠷᠡᠭᠰᠡᠨ ᠠᠴᠠ ᠨᠡᠰᠢ᠂ 2016 ᠣᠨ ᠤ 6 ᠳ᠋ᠤᠭᠠᠷ ᠰᠠᠷ᠎ᠠ ᠳᠤ᠂ ᠮᠠᠡᠵᠤᠤᠷ ᠬᠢᠯᠢ ᠶᠢᠨ ᠪᠤᠭᠤᠮᠳᠡ ᠪᠠᠷ ᠦᠡᠭᠭᠡᠷᠡᠬᠦ ︽ᠲᠤᠮᠳᠡᠳᠤ ᠡᠸᠦ᠋ᠷᠤᠫᠠ︾᠎ ᠶᠢᠨ ᠵᠢᠰᠢᠶᠡᠨ ᠤ ᠭᠠᠯᠳᠤ ᠲᠠᠷᠭᠡ ᠶᠢᠨ ᠲᠤᠭ᠎ᠠ ᠲᠡᠭᠡᠷ᠎ᠡ ᠵᠢᠯ ᠤᠨ ᠠᠳᠠᠯᠢ ᠬᠤᠭᠤᠴᠠᠭᠠᠨ ᠤ ᠬᠢ ᠠᠴᠠ 88.24%᠎ ᠪᠠᠷ ᠨᠡᠮᠡᠭᠳᠡᠵᠤ᠂ 1036 ᠪᠤᠯᠵᠤ᠂ ᠮᠡᠡᠵᠤᠤᠷ ᠨᠢ ᠮᠠᠨ ᠤ ᠤᠯᠤᠰ ᠲᠤ ᠵᠢᠰᠢᠶᠡᠨ ᠤ ᠭᠠᠯᠳᠤ ᠲᠠᠷᠭᠡ ᠬᠠᠮᠤᠭ ᠤᠯᠠᠨ᠂ ᠪᠠᠷᠠᠭ᠎ᠠ ᠶᠢ ᠬᠢᠯᠢ ᠲᠠᠪᠡᠵᠤ ᠵᠦᠭᠡᠭᠡᠪᠤᠷᠢᠯᠡᠬᠦ ᠠᠰᠢᠡᠡᠯᠠᠮᠵᠢ ᠬᠠᠮᠤᠭ ᠦᠨᠳᠤᠷ ᠬᠠᠭᠤᠷᠠᠢ ᠵᠠᠮ ᠤᠨ ᠬᠢᠯᠢ ᠶᠢᠨ ᠪᠤᠭᠤᠮᠳᠡ ᠪᠤᠯᠵᠠᠢ᠃      ᠬᠦᠯᠤᠨ ᠪᠤᠶᠢᠷ ᠬᠤᠳᠡ ︽ᠭᠠᠷᠴᠤ ᠶᠠᠪᠤᠬᠤ︾ ᠲᠦᠷᠤ ᠶᠢᠨ ᠪᠤᠳᠤᠯᠭ᠎ᠠ ᠶᠢ ᠭᠡᠷᠡᠭᠵᠢᠬᠦᠯᠵᠤ᠂ ᠤᠯᠤᠰ ᠤᠨ ᠲᠤᠳᠤᠭᠠᠳᠤ ᠳᠠᠬᠢ ᠪᠤᠳᠡᠳᠤ ᠬᠦᠴᠤᠨ ᠲᠠᠢ ᠠᠵᠤ ᠠᠬᠤᠢᠢᠯᠡᠯ ᠢ ᠤᠷᠤᠰ᠂ ᠮᠤᠩᠭᠤᠯ ᠳᠤ ᠬᠦᠷᠴᠤ ᠪᠠᠯᠨ ᠤᠷᠤᠭᠤᠯᠬᠤ ᠶᠢ ᠬᠦᠳᠤᠯᠤᠨ ᠲᠠᠭᠠᠭᠤᠯᠵᠤ᠂ ᠮᠠᠯ ᠠᠵᠤ ᠠᠬᠤᠢ ᠲᠠᠷᠢᠶᠠᠯᠠᠩ᠂ ᠠᠭᠤᠷᠬᠠᠢ ᠶᠢᠨ ᠦᠢᠯᠡᠰ᠂ ᠲᠡᠭᠡᠭᠡᠪᠤᠷᠢ ᠶᠢᠨ ᠦᠢᠯᠡᠰ ᠵᠡᠷᠭᠡ ᠲᠠᠯ᠎ᠠ ᠶᠢᠨ ᠬᠠᠮᠳᠤᠷᠠᠯᠴᠠᠭ᠎ᠠ ᠶᠢ ᠠᠬᠢᠭᠤᠯᠪᠡ᠃ 2016 ᠣᠨ ᠪᠤᠯᠳᠡᠯ᠎ᠠ ᠬᠦᠯᠤᠨ ᠪᠤᠶᠢᠷ ᠬᠤᠳᠡ ᠶᠢᠨ ᠬᠢᠨ ᠤᠷᠤᠰ᠂ ᠮᠤᠩᠭᠤᠯ ᠤᠯᠤᠰ ᠲᠤ ᠪᠡᠯᠨ ᠤᠷᠤᠭᠤᠯᠵᠤ᠂ 155 ᠠᠵᠤ ᠠᠬᠤᠢᠢᠯᠠᠯ ᠪᠠᠶᠢᠭᠤᠯᠵᠤ᠂ ᠭᠡᠯᠡᠯᠴᠡᠭᠡᠷ ᠤᠨ ᠪᠡᠯᠨ ᠤᠷᠤᠭᠤᠯᠤᠯᠳᠡ 2.8 ᠳ᠋ᠦᠡᠭᠰᠢᠭᠤᠷ ᠲᠦᠬᠦᠷᠢᠭ᠂ ᠭᠠᠳᠠᠭᠠᠳᠤ ᠳᠤ ᠪᠠᠷᠢᠯᠭ᠎ᠠ ᠲᠠᠭᠠᠭᠠᠴᠢᠯᠬᠠᠰᠡᠨ ᠡᠵᠡᠩᠨᠡᠯᠳᠡ ᠶᠢᠨ ᠨᠤᠷᠮ᠎ᠠ 2.95 ᠳ᠋ᠦᠡᠭᠰᠢᠭᠤᠷ ᠲᠦᠬᠦᠷᠢᠭ ᠲᠤ ᠬᠦᠷᠴᠤ᠂ ᠭᠠᠳ᠋ᠬᠠᠰᠢ ᠲᠤᠮᠢᠯᠬᠠᠰᠡᠨ ᠬᠦᠳᠡᠯᠮᠤᠷᠢ ᠬᠦᠴᠤ 28822 ᠬᠦᠮᠤᠨ ᠪᠤᠯᠪᠡ᠃ ᠡᠨᠡ ᠵᠢᠯ ᠠᠴᠠ ᠨᠡᠰᠢ᠂ ᠬᠦᠯᠤᠨ ᠪᠤᠶᠢᠷ ᠬᠤᠳᠡ ᠲᠤᠮᠳᠡᠳᠤ ᠤᠷᠤᠰ ᠮᠤᠩᠭᠤᠯ ᠤᠨ ᠬᠠᠮᠵᠢᠯᠴᠠᠭᠠᠨ ᠤ ᠬᠤᠰᠢᠭᠤᠴᠢ ᠤᠷᠤᠨ ᠢᠶᠠᠷ ᠲᠠᠪᠴᠡᠩ ᠪᠤᠯᠭᠠᠵᠤ᠂ ᠴᠢᠯᠤᠭᠡᠳᠡᠢ ᠶᠠᠪᠤᠯᠴᠠᠬᠤ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠡᠬᠦᠯᠵᠡᠢ᠃ ︽ᠢᠡᠲ᠋ᠧᠷ ᠰᠦᠯᠵᠢᠶ᠎ᠠ + ᠠᠷᠡᠯᠵᠢᠶ᠎ᠠ︾᠎ ᠪᠠᠷ ᠰᠢᠪᠳᠤᠯᠤᠯᠳᠡ ᠪᠤᠯᠭᠠᠵᠤ᠂ ᠤᠳᠤ ᠦᠶ᠎ᠠ ᠶᠢᠨ ᠪᠤᠳᠡᠰ ᠤᠨ ᠬᠦᠢᠯᠭᠡᠭᠡᠨ᠂ ᠠᠷᠠᠯᠵᠢᠶ᠎ᠡ ᠶᠢᠨ ᠲᠦᠪᠯᠡᠷᠡᠯ ᠤᠨ ᠤᠷᠤᠨ᠂ ᠬᠢᠯᠢ ᠶᠢᠨ ᠪᠤᠭᠤᠮᠳᠡ ᠶᠢᠨ ᠠᠵᠤ ᠠᠬᠤᠢ ᠶᠢᠨ ᠲᠤᠭᠤᠷᠢᠭ ᠢᠶᠠᠷ ᠲᠤᠯᠭᠠᠭᠤᠷᠢᠯᠠᠭᠤᠯᠵᠤ᠂ ᠠᠷᠠᠯᠵᠢᠶᠠᠴᠢᠨ ᠤᠷᠢᠵᠤ ᠪᠡᠯᠨ ᠤᠷᠤᠭᠤᠯᠬᠤ ᠪᠡ ᠲᠦᠷᠤᠯ ᠵᠦᠢᠯ ᠤᠨ ᠪᠠᠶᠢᠭᠤᠯᠤᠯᠳᠡ ᠪᠠᠷ ᠭᠠᠷᠳᠠᠴᠠ ᠪᠤᠯᠭᠠᠵᠤ᠂ ︽ᠨᠢᠭᠡ ᠪᠦᠰᠠ ᠨᠢᠭᠡ ᠵᠠᠮ︾ ᠵᠢᠴᠢ ᠤᠷᠤᠰ ᠤᠨ ︽ᠡᠸᠦ᠋ᠷᠤᠫᠠ ᠠᠽᠢᠶ᠎ᠠ ᠶᠢᠨ ᠠᠵᠤ ᠠᠬᠤᠢ ᠶᠢᠨ ᠬᠤᠯᠪᠤᠭ᠎ᠠ︾᠂ ᠮᠤᠩᠭᠤᠯᠤᠯᠤᠰ ᠤᠨ ︽ᠲᠠᠯ᠎ᠠ ᠨᠤᠳᠤᠭ ᠤᠨ ᠵᠠᠮ︾᠎ ᠯᠤᠭ᠎ᠠ ᠬᠠᠷᠢᠯᠴᠡᠨ ᠵᠤᠯᠭᠠᠬᠤ ᠶᠢ ᠪᠠᠶᠡᠯᠡᠬᠦᠯᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号