ᠣᠶᠢᠷ᠎ᠠ ᠶᠢᠨ ᠵᠢᠯ ᠤᠨ ᠲᠤᠷᠰᠢ᠂ ᠮᠠᠨᠵᠤᠤᠷ ᠪᠣᠭᠤᠮᠲᠠ ᠬᠢᠭᠡᠳ ᠣᠷᠣᠰ ᠤᠨ ᠪᠠᠶᠢᠭᠠᠯ ᠣᠷᠣᠨ ᠤ ᠠᠷᠠᠯᠵᠢᠶ᠎ᠠ | ᠮᠠᠰᠢ ᠲᠦᠷᠭᠡᠰᠪᠡ᠃ ᠡᠨᠡ ᠵᠢᠯ ᠤᠨ ᠲᠦᠷᠦᠭᠦᠦ ᠨᠠᠢᠮᠠᠨ ᠰᠠᠷ᠎ᠠ ᠳᠤ᠂ ᠮᠠᠨᠵᠤᠤᠷ ᠪᠣᠭᠤᠮᠲᠠ ᠶᠢᠨ ᠬᠢᠨᠠᠵᠤ | ᠬᠠᠮᠢᠶᠠᠷᠤᠭᠰᠠᠨ ᠭᠠᠳᠠᠭᠠᠳᠤ ᠣᠷᠣᠭᠤᠯᠣᠯᠲᠠ ᠭᠠᠷᠭᠠᠯᠲᠠ ᠶᠢᠨ ᠪᠠᠷᠠᠭ᠎ᠠ 1063.6 ᠲᠦᠮᠡᠨ ᠲᠣᠨ ᠪᠣᠯᠵᠤ᠂ ᠠᠳᠠᠯᠢ | ᠬᠤᠭᠤᠴᠠᠭᠠᠨ ᠤ ᠬᠢ ᠠᠴᠠ 7.1% ᠨᠡᠮᠡᠭᠳᠡᠵᠡᠢ︔ ᠠᠷᠠᠯᠵᠢᠶᠠᠨ ᠤ ᠲᠤᠭ᠎ᠠ 246 ᠳ᠋ᠦᠩᠰᠢᠭᠤᠷ | ᠲᠥᠭᠦᠷᠢᠭ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 21.7% ᠨᠡᠮᠡᠭᠳᠡᠵᠡᠢ︔ ᠬᠢᠨᠠᠨ ᠬᠠᠮᠢᠶᠠᠷᠴᠤ ᠬᠢᠯᠢ ᠪᠠᠷ | ᠣᠷᠣᠭᠤᠯᠵᠤ ᠭᠠᠷᠭᠠᠭᠰᠠᠨ ᠬᠥᠮᠦᠨ 153.2 ᠲᠦᠮᠡᠨ ᠬᠥᠮᠦᠨ ᠤᠳᠠᠭ᠎ᠠ ᠳᠤ ᠬᠦᠷᠴᠦ᠂ ᠠᠳᠠᠯᠢ | ᠬᠤᠭᠤᠴᠠᠭᠠᠨ ᠤ ᠬᠢ ᠠᠴᠠ 20.3% ᠨᠡᠮᠡᠭᠳᠡᠵᠡᠢ︔ ᠬᠥᠮᠥᠷᠭᠡ ᠳᠤ ᠣᠷᠣᠭᠤᠯᠣᠭᠰᠠᠨ ᠭᠠᠶᠢᠯᠢ ᠲᠠᠲᠠᠪᠤᠷᠢ 26.9 | ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 22.3% ᠨᠡᠮᠡᠭᠳᠡᠵᠡᠢ᠃ | ᠮᠠᠨᠵᠤᠤᠷ ᠪᠣᠭᠤᠮᠲᠠ ᠳᠡᠯᠡᠬᠡᠶ ᠶᠢᠨ ᠪᠠᠶᠢᠳᠠᠯ ᠢ ᠮᠥᠷᠳᠡᠵᠦ᠂ ᠪᠣᠭᠤᠮᠲᠠ ᠶᠢᠨ ᠳᠠᠪᠠᠭᠤᠯᠢᠭ ᠲᠠᠭᠠᠨ | ᠰᠠᠭᠤᠷᠢᠯᠠᠨ᠂ ᠣᠷᠣᠰ ᠤᠨ ᠰᠢᠪᠧᠷᠢᠶ᠎ᠠ ᠶᠢᠨ ᠪᠣᠭᠤᠮᠲᠠ ᠶᠢᠨ ᠲᠣᠪᠴᠢᠶ᠎ᠠ ᠵᠡᠷᠭᠡ ᠪᠣᠭᠤᠮᠲᠠ ᠶᠢᠨ ᠰᠠᠯᠠᠭ᠎ᠠ | ᠮᠥᠴᠢᠷ ᠯᠦᠭᠡ ᠤᠯᠠᠨ ᠤᠯᠤᠰ ᠤᠨ ᠬᠠᠮᠲᠤᠷᠠᠯᠴᠠᠭ᠎ᠠ ᠶᠢ ᠢᠳᠡᠪᠬᠢᠲᠡᠢ ᠥᠷᠨᠢᠭᠦᠯᠵᠡᠢ᠃ ᠡᠨᠡ ᠵᠢᠯ ᠠᠴᠠ ᠨᠠᠰᠢ᠂ | ᠮᠠᠨᠵᠤᠤᠷ ᠪᠣᠭᠤᠮᠲᠠ ᠬᠢᠭᠡᠳ ᠣᠷᠣᠰ ᠤᠨ ᠰᠢᠪᠧᠷᠢᠶ᠎ᠠ ᠶᠢᠨ ᠪᠣᠭᠤᠮᠲᠠ ᠶᠢᠨ ᠲᠣᠪᠴᠢᠶ᠎ᠠ ᠤᠯᠠᠨ ᠤᠳᠠᠭ᠎ᠠ ᠬᠠᠷᠢᠯᠴᠠᠨ | ᠠᠶᠢᠯᠴᠢᠯᠠᠬᠤ ᠠᠵᠢᠯᠯᠠᠭ᠎ᠠ ᠥᠷᠨᠢᠭᠦᠯᠵᠦ᠂ ᠣᠷᠣᠰ ᠮᠣᠩᠭᠤᠯ ᠤᠨ ᠬᠥᠷᠰᠢ ᠵᠡᠷᠭᠡᠯᠡᠳᠡᠭᠡ ᠪᠣᠭᠤᠮᠲᠠ ᠯᠤᠭ᠎ᠠ ᠶᠢᠨ | ᠬᠠᠷᠢᠯᠴᠠᠭ᠎ᠠ ᠪᠠᠨ ᠤᠯᠠᠮ ᠨᠢᠭᠡ ᠠᠯᠬᠤᠮ ᠨᠢᠭᠲᠠᠷᠠᠭᠤᠯᠵᠤ᠂ ᠨᠡᠪᠲᠡᠷᠡᠯᠴᠡᠭᠡ ᠬᠠᠮᠵᠢᠯᠴᠠᠭ᠎ᠠ ᠪᠠᠨ ᠨᠡᠩ | ᠰᠢᠯᠤᠭᠤᠳᠬᠠᠵᠤ᠂ ᠣᠯᠠᠨ ᠤᠯᠤᠰ ᠤᠨ ᠬᠠᠮᠲᠤᠷᠠᠯᠴᠠᠭᠠᠨ ᠤ ᠲᠥᠷᠥᠯ ᠵᠦᠢᠯ ᠢ ᠬᠡᠷᠡᠭᠵᠢᠭᠦᠯᠬᠦ ᠪᠠ ᠪᠣᠭᠤᠮᠲᠠ ᠪᠠᠷ | ᠨᠡᠪᠲᠡᠷᠡᠭᠦᠯᠬᠦ ᠶᠢ ᠳᠥᠭᠦᠮᠴᠢᠯᠡᠬᠦ ᠬᠢᠷᠢ ᠲᠦᠪᠰᠢᠨ ᠢ ᠳᠡᠭᠡᠭᠰᠢᠯᠡᠭᠦᠯᠬᠦ ᠳᠤ ᠪᠠᠲᠤ ᠰᠠᠭᠤᠷᠢ ᠴᠣᠭᠴᠠᠯᠠᠵᠤ ᠥᠭᠴᠡᠢ᠃ | ᠡᠨᠡ ᠵᠢᠯ ᠤᠨ 5 ᠳ᠋ᠤᠭᠠᠷ ᠰᠠᠷ᠎ᠠ ᠳᠤ ︽ᠳᠤᠮᠳᠠᠳᠤ ᠣᠷᠣᠰ ᠤᠨ ᠬᠢᠨᠠᠯᠲᠠ ᠬᠠᠮᠢᠶᠠᠷᠤᠯᠲᠠ ᠶᠢᠨ ᠦᠷ᠎ᠡ ᠳ᠋ᠦᠩ ᠢ | ᠬᠠᠷᠢᠯᠴᠠᠨ ᠮᠡᠳᠡᠷᠡᠬᠦ︾ ᠲᠤᠷᠰᠢᠯᠲᠠ ᠶᠢ ᠵᠢᠩᠬᠢᠨᠢ ᠪᠠᠷ ᠡᠬᠢᠯᠡᠭᠦᠯᠵᠦ᠂ ᠭᠠᠳᠠᠭᠠᠳᠤ ᠠᠴᠠ ᠬᠠᠪᠲᠠᠰᠤ ᠣᠷᠣᠭᠤᠯᠬᠤ ᠳᠤ | ᠬᠤᠶᠠᠷ ᠪᠢᠯᠧᠲ ᠬᠡᠷᠡᠭᠯᠡᠬᠦ ᠲᠤᠷᠰᠢᠯᠲᠠ ᠬᠢᠵᠦ᠂ ᠭᠠᠳᠠᠭᠠᠳᠤ ᠳᠤ ᠠᠴᠢᠶᠠᠯᠠᠬᠤ ᠮᠠᠰᠢᠨ ᠪᠠ ᠵᠢᠮᠢᠰ | ᠨᠣᠭᠤᠭ᠎ᠠ ᠭᠠᠷᠭᠠᠬᠤ ᠳᠤ ᠳᠦᠷᠪᠡᠨ ᠪᠢᠯᠧᠲ ᠬᠡᠷᠡᠭᠯᠡᠬᠦ ᠲᠤᠷᠰᠢᠯᠲᠠ ᠬᠢᠵᠠᠢ᠃ ᠡᠭᠦᠨ ᠤ ᠬᠠᠮᠲᠤ᠂ ᠳᠤᠮᠳᠠᠳᠤ | ᠣᠷᠣᠰ ᠤᠨ ᠪᠣᠭᠤᠮᠲᠠ ᠶᠢᠨ ᠠᠷᠠᠯᠵᠢᠶᠠᠨ ᠤ ᠪᠦᠷᠢᠳᠬᠡᠯ ᠲᠤᠭ᠎ᠠ ᠪᠠᠷᠢᠮᠲᠠ ᠶᠢ ᠰᠣᠯᠢᠯᠴᠠᠬᠤ ᠬᠠᠮᠲᠤᠷᠠᠯᠴᠠᠭ᠎ᠠ ᠶᠢᠨ | ᠲᠠᠯ᠎ᠠ ᠪᠠᠷ᠂ ᠰᠢᠪᠧᠷᠢᠶ᠎ᠠ ᠶᠢᠨ ᠪᠣᠭᠤᠮᠲᠠ ᠶᠢᠨ ᠠᠷᠠᠯᠵᠢᠶᠠᠨ ᠤ ᠲᠣᠪᠴᠢᠶ᠎ᠠ ᠯᠤᠭ᠎ᠠ ᠠᠷᠠᠯᠵᠢᠶᠠᠨ ᠤ ᠪᠦᠷᠢᠳᠬᠡᠯ ᠤᠨ | ᠡᠯᠧᠺᠲᠷᠣᠨ ᠲᠤᠭ᠎ᠠ ᠪᠠᠷᠢᠮᠲᠠ ᠰᠣᠯᠢᠯᠴᠠᠬᠤ ᠠᠵᠢᠯ ᠢ ᠬᠤᠭᠤᠴᠠᠭ᠎ᠠ ᠶᠣᠰᠣᠭᠠᠷ ᠪᠡᠶᠡᠯᠡᠭᠦᠯᠵᠦ᠂ ᠬᠤᠶᠠᠷ | ᠲᠠᠯ᠎ᠠ ᠪᠠᠷ ᠢᠶᠠᠨ ︽ᠮᠠᠨᠵᠤᠤᠷ ᠪᠣᠭᠤᠮᠲᠠ ᠬᠢᠭᠡᠳ ᠰᠢᠪᠧᠷᠢᠶ᠎ᠠ ᠶᠢᠨ ᠪᠣᠭᠤᠮᠲᠠ ᠶᠢᠨ ᠲᠣᠪᠴᠢᠶᠠᠨ ᠤ ᠠᠷᠠᠯᠵᠢᠶᠠᠨ ᠤ | ᠪᠦᠷᠢᠳᠬᠡᠯ ᠤᠨ ᠡᠯᠧᠺᠲᠷᠣᠨ ᠲᠤᠭ᠎ᠠ ᠪᠠᠷᠢᠮᠲᠠ ᠶᠢ ᠰᠣᠯᠢᠯᠴᠠᠬᠤ ᠲᠣᠳᠣᠷᠬᠠᠶᠢᠯᠠᠯᠲᠠ︾ ᠪᠠ ︽ᠮᠠᠨᠵᠤᠤᠷ ᠪᠣᠭᠤᠮᠲᠠ | ᠬᠢᠭᠡᠳ ᠰᠢᠪᠧᠷᠢᠶ᠎ᠠ ᠶᠢᠨ ᠪᠣᠭᠤᠮᠲᠠ ᠶᠢᠨ ᠲᠣᠪᠴᠢᠶᠠᠨ ᠤ ᠠᠷᠠᠯᠵᠢᠶᠠᠨ ᠤ ᠪᠦᠷᠢᠳᠬᠡᠯ ᠤᠨ ᠡᠯᠧᠺᠲᠷᠣᠨ ᠲᠤᠭ᠎ᠠ | ᠪᠠᠷᠢᠮᠲᠠ ᠶᠢ ᠰᠣᠯᠢᠯᠴᠠᠬᠤ ᠬᠡᠪ ᠵᠠᠭᠪᠤᠷ︾ ᠢ ᠲᠣᠭᠲᠠᠭᠠᠵᠤ᠂ ᠠᠷᠠᠯᠵᠢᠶᠠᠨ ᠤ ᠪᠦᠷᠢᠳᠬᠡᠯ ᠤᠨ ᠡᠯᠧᠺᠲᠷᠣᠨ ᠲᠤᠭ᠎ᠠ | ᠪᠠᠷᠢᠮᠲᠠ ᠶᠢ ᠰᠣᠯᠢᠯᠴᠠᠬᠤ ᠪᠠᠷᠢᠮᠵᠢᠶ᠎ᠠ᠂ ᠠᠭᠤᠯᠭ᠎ᠠ᠂ ᠳᠠᠪᠲᠠᠴᠠ ᠪᠠ ᠠᠷᠭ᠎ᠠ ᠶᠢ ᠨᠠᠷᠢᠨ ᠲᠣᠭᠲᠠᠭᠠᠵᠤ᠂ ᠲᠤᠭ᠎ᠠ | ᠪᠠᠷᠢᠮᠲᠠ ᠰᠣᠯᠢᠯᠴᠠᠬᠤ ᠣᠨᠣᠪᠴᠢᠲᠤ ᠴᠢᠨᠠᠷ᠂ ᠴᠠᠭᠴᠢ ᠴᠢᠨᠠᠷ ᠪᠣᠯᠤᠨ ᠬᠡᠷᠡᠭᠯᠡᠯᠲᠦ ᠴᠢᠨᠠᠷ ᠢ ᠤᠯᠠᠮ ᠨᠢᠭᠡ ᠠᠯᠬᠤᠮ | ᠳᠡᠭᠡᠭᠰᠢᠯᠡᠭᠦᠯᠵᠡᠢ᠃ |