ᠥᠪᠥᠷ ᠮᠣᠩᠭᠤᠯ ᠤᠨ ᠠᠵᠤ ᠠᠬᠤᠶ ᠶᠢᠨ ᠬᠥᠭᠵᠢᠯᠲᠡ ᠶᠢᠨ ᠶᠡᠭᠡ ᠬᠠᠨᠳᠤᠰᠢ
ᠨᠡᠶᠢᠲᠡᠯᠡᠭᠰᠡᠨ ᠴᠠᠭ᠄
2018/1/11
【ᠥᠪᠥᠷ ᠮᠣᠩᠭᠤᠯ ᠤᠨ ᠠᠵᠤ ᠠᠬᠤᠶ ᠶᠢᠨ ᠠᠵᠢᠯ ᠤᠨ ᠭᠤᠣᠯ ᠠᠩᠬᠠᠷᠤᠭᠤᠯᠤᠯ 】      2018 ᠣᠨ ᠪᠣᠯ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠲᠤᠤᠱᠯᠠᠭᠤᠯᠬᠤ ᠡᠬᠢᠨ ᠤ ᠵᠢᠯ ᠮᠥᠨ᠂ ᠪᠠᠰᠠ ᠥᠭᠡᠷᠡᠴᠢᠯᠡᠯᠲᠡ ᠨᠡᠬᠡᠬᠡᠯᠲᠡ ᠬᠢᠭᠰᠡᠨ 40 ᠵᠢᠯ ᠤᠨ ᠣᠶ ᠮᠥᠨ᠂ ᠮᠦᠨᠴᠥ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ ᠰᠢᠶᠳᠪᠦᠷᠢᠲᠦ ᠢᠯᠠᠯᠲᠠ ᠶᠢ ᠣᠯᠵᠤ᠂ ︽13·5︾᠎ ᠶᠢᠨ ᠲᠥᠯᠥᠪᠵᠢᠭᠦᠯᠭᠡ ᠶᠢ ᠬᠡᠷᠡᠭᠵᠢᠭᠦᠯᠬᠦ ᠡᠮᠦᠨᠡᠬᠢ ᠪᠠᠨ ᠵᠠᠯᠭᠠᠮᠵᠢᠯᠠᠨ ᠬᠤᠶᠢᠲᠤᠬᠢ ᠶᠢ ᠨᠡᠭᠡᠭᠡᠬᠦ ᠵᠠᠩᠭᠢᠯᠠᠭ᠎ᠠ ᠶᠢᠨ ᠨᠢᠭᠡ ᠵᠢᠯ ᠪᠣᠯᠣᠨ᠎ᠠ᠂ 2018 ᠣᠨ ᠤ ᠠᠵᠤ ᠠᠬᠤᠶ ᠶᠢᠨ ᠠᠵᠢᠯ ᠬᠡᠷᠬᠢᠨ ᠬᠢᠬᠦ︖ 1 ᠳ᠋ᠦ᠋ᠭᠡᠷ ᠰᠠᠷ᠎ᠠ ᠶᠢᠨ 3 — 4᠎ ᠤ ᠡᠳᠦᠷ ᠬᠦᠷᠲᠡᠯ᠎ᠡ ᠬᠥᠬᠡᠬᠤᠲᠠ ᠳᠤ ᠬᠤᠷᠠᠯᠳᠤᠭᠰᠠᠨ ᠦᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠷᠪᠠᠳᠤᠭᠠᠷ ᠬᠤᠭᠤᠴᠠᠭᠠᠨ ᠤ ᠲᠠᠪᠤᠳᠤᠭᠠᠷ ᠪᠥᠬᠦᠳᠡ ᠬᠤᠷᠠᠯ ᠵᠢᠴᠢ ᠪᠦᠬᠦ ᠣᠷᠣᠨ ᠤ ᠠᠵᠤ ᠠᠬᠤᠢ ᠶᠢᠨ ᠠᠵᠢᠯ ᠤᠨ ᠬᠤᠷᠠᠯ ᠠᠴᠠ ᠪᠠᠶᠢᠷᠢᠯᠠᠭᠤᠯᠤᠯᠲᠠ ᠬᠢᠪᠡ᠃        ᠶᠡᠷᠦᠩᠬᠡᠶ ᠬᠦᠭ ᠠᠶᠠᠰᠲᠣᠭᠲᠠᠭᠤᠨ  ᠤ ᠳᠤᠮᠳᠠ ᠤᠷᠤᠭᠰᠢᠯᠠᠨ᠎ᠡ      ᠦᠨᠳᠦᠰᠦᠨ ᠱᠠᠭᠠᠷᠳᠠᠯᠭ᠎ᠠᠴᠢᠨᠠᠷ ᠰᠠᠶᠢᠲᠠᠶ ᠬᠥᠭᠵᠢᠭᠦᠯᠦᠨ᠎ᠡ      ᠭᠤᠣᠯ ᠱᠤᠭᠤᠮᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠬᠢᠨ᠎ᠡ      ᠭᠤᠷᠪᠠᠨ ᠶᠡᠭᠡ ᠬᠤᠪᠢᠰᠤᠯᠲᠠ ᠢ ᠲᠥᠯᠬᠢᠨ ᠠᠬᠢᠭᠤᠯᠤᠨ᠎ᠠ                 ᠶᠠᠰᠤ ᠴᠢᠨᠠᠷ ᠤᠨ ᠬᠤᠪᠢᠰᠤᠯᠲᠠ                   ᠦᠷ᠎ᠡ ᠪᠦᠲᠦᠮᠵᠢ ᠶᠢᠨ ᠬᠤᠪᠢᠰᠤᠯᠲᠠ                   ᠬᠥᠳᠡᠯᠭᠡᠭᠴᠢ ᠬᠦᠴᠦᠨ ᠤ ᠬᠤᠪᠢᠰᠤᠯᠲᠠ      ᠭᠤᠷᠪᠠᠨ ᠶᠡᠭᠡ ᠰᠢᠪᠲᠤᠯᠤᠯᠲᠠ ᠶᠢᠨ ᠳᠠᠶᠢᠯᠠᠯᠳᠤᠭᠠᠨ ᠢ ᠰᠠᠶᠢᠲᠤᠷ ᠠᠳᠬᠤᠨ᠎ᠠ                 ᠬᠦᠨᠳᠦ ᠶᠡᠭᠡ ᠲᠦᠭᠰᠢᠭᠦᠷᠢ ᠶᠢ ᠰᠡᠷᠭᠡᠶᠢᠯᠡᠨ ᠠᠷᠢᠯᠭᠠᠨ᠎ᠠ                   ᠲᠦᠢᠯ ᠤᠨ ᠣᠨᠣᠪᠴᠢᠲᠠᠢ ᠪᠠᠷ ᠶᠠᠳᠠᠭᠤ ᠠᠴᠠ ᠠᠩᠭᠢᠵᠢᠷᠠᠭᠤᠯᠤᠨ᠎ᠠ                   ᠪᠣᠬᠢᠷᠲᠤᠯ ᠢ ᠰᠡᠷᠭᠡᠶᠢᠯᠡᠨ ᠵᠠᠰᠠᠨ᠎ᠠ      ᠭᠤᠷᠪᠠᠨ ᠵᠤᠷᠪᠤᠰ ᠬᠤᠷᠢᠭ᠎ᠠ ᠱᠤᠭᠤᠮ ᠢ ᠰᠠᠶᠢᠲᠤᠷ ᠰᠠᠬᠢᠨ᠎ᠠ                    ᠬᠥᠭᠵᠢᠯᠲᠡ   ᠠᠷᠠᠳ ᠤᠨ ᠠᠮᠢᠳᠤᠷᠠᠯ   ᠠᠮᠢ ᠠᠬᠤᠶ        ᠲᠠᠪᠤ ᠶᠢ ᠪᠠᠲᠤ ᠡᠵᠡᠮᠳᠡᠨ᠎ᠡ      · ᠲᠣᠭᠲᠠᠭᠤᠨ ᠤ ᠳᠤᠮᠳᠠ ᠤᠷᠤᠭᠰᠢᠯᠠᠬᠤ ᠠᠵᠢᠯ ᠤᠨ ᠶᠡᠷᠦᠩᠬᠡᠶ ᠬᠦᠭ ᠠᠶᠠᠰ      · ᠴᠢᠨᠠᠷ ᠰᠠᠶᠢᠲᠠᠶ ᠬᠥᠭᠵᠢᠭᠦᠯᠬᠦ ᠶᠢ ᠠᠬᠢᠭᠤᠯᠬᠤ ᠦᠨᠳᠦᠰᠦᠨ ᠱᠠᠭᠠᠷᠳᠠᠯᠭ᠎ᠠ      · ᠣᠳᠣᠬᠢᠴᠢᠯᠠᠭᠰᠠᠨ ᠠᠵᠤ ᠠᠬᠤᠶ ᠶᠢᠨ ᠰᠢᠰᠲ᠋ᠧᠮᠵᠢ ᠶᠢ ᠪᠠᠶᠢᠭᠤᠯᠬᠤ ᠪᠠᠶᠢᠯᠳᠤᠬᠤ ᠪᠤᠳᠤᠯᠭ᠎ᠠ ᠶᠢᠨ ᠬᠠᠷᠠᠯᠲᠠ      · ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ      · ᠬᠥᠭᠵᠢᠯᠲᠡ ᠶᠢᠨ ᠰᠡᠳᠭᠢᠴᠡ ᠶᠢᠨ ᠦᠷᠭᠦᠯᠵᠢᠯᠡᠬᠦ ᠴᠢᠨᠠᠷ ᠲᠣᠭᠲᠠᠪᠤᠷᠢᠲᠤ ᠴᠢᠨᠠᠷ        ᠵᠢᠷᠭᠤᠭᠠᠨ ᠵᠦᠢᠯ ᠤᠨ ᠭᠤᠣᠯᠳᠠᠯᠭ᠎ᠠ ᠲᠠᠢ ᠠᠵᠢᠯ ᠭᠤᠷᠪᠠᠨ ᠶᠡᠭᠡ ᠰᠢᠪᠲᠤᠯᠤᠯᠲᠠ ᠶᠢ ᠰᠠᠶᠢᠲᠤᠷ ᠬᠢᠨ᠎ᠡ      ᠲᠤᠰᠬᠠᠶ ᠲᠥᠰᠦᠯ ᠲᠣᠭᠲᠠᠭᠠᠵᠤ᠂ ᠡᠷᠴᠢᠮᠲᠡᠢ ᠠᠷᠭ᠎ᠠ ᠬᠡᠮᠵᠢᠶ᠎ᠡ ᠠᠪᠴᠤ᠂ ᠰᠠᠨᠠᠭᠠᠴᠢᠯᠠᠭ᠎ᠠ ᠠᠴᠠ ᠪᠠᠨ ᠲᠦᠭᠰᠢᠭᠦᠷᠢ ᠶᠢᠨ ᠲᠠᠯᠳᠠ ᠭᠡᠮ ᠢ ᠠᠷᠢᠯᠭᠠᠵᠤ᠂ ᠵᠠᠰᠠᠭ ᠤᠨ ᠣᠷᠳᠣᠨ ᠤ ᠥᠷᠢ ᠥᠭᠴᠡᠭᠡ ᠶᠢᠨ ᠬᠠᠮᠢᠶᠠᠷᠤᠯᠲᠠ ᠶᠢ ᠴᠢᠩᠭᠠᠳᠬᠠᠨ᠂ ᠮᠥᠩᠭᠦᠨ ᠭᠦᠢᠯᠭᠡᠭᠡᠨ ᠤ ᠲᠦᠭᠰᠢᠭᠦᠷᠢ ᠶᠢ ᠪᠦᠲᠦᠮᠵᠢᠲᠡᠢ ᠰᠡᠷᠭᠡᠶᠢᠯᠡᠵᠦ᠂ ᠬᠠᠤᠯᠢ ᠲᠣᠭᠲᠠᠭᠠᠯ ᠢ ᠵᠤᠷᠢᠴᠡᠭᠰᠡᠨ ᠮᠥᠩᠭᠦᠨ ᠭᠦᠢᠯᠭᠡᠭᠡᠨ ᠤ ᠠᠵᠢᠯᠯᠠᠭ᠎ᠠ ᠳᠤ ᠴᠢᠩᠭ᠎ᠠ ᠴᠤᠬᠢᠯᠲᠠ ᠦᠭᠴᠦ᠂ ᠲᠦᠭᠰᠢᠭᠦᠷᠢ ᠶᠢᠨ ᠲᠠᠯᠲᠠ ᠭᠡᠮ ᠢ ᠤᠷᠢᠳᠴᠢᠯᠠᠨ ᠰᠡᠷᠡᠮᠵᠢᠯᠡᠭᠦᠯᠬᠦ ᠪᠠ ᠪᠠᠴᠢᠮ ᠪᠠᠶᠢᠳᠠᠯ ᠢ ᠠᠷᠭᠠᠴᠠᠨ ᠰᠢᠶᠳᠪᠦᠷᠢᠯᠡᠬᠦ ᠲᠣᠭᠲᠠᠴᠠ ᠶᠢ ᠲᠡᠭᠦᠯᠳᠡᠷᠵᠢᠭᠦᠯᠵᠦ᠂ ᠵᠠᠰᠠᠭ ᠤᠨ ᠣᠷᠳᠣᠨ ᠤ ᠥᠷᠢ ᠥᠭᠴᠡᠭᠡᠨ ᠳᠤ ᠨᠠᠰᠤᠨ ᠲᠤᠷᠰᠢᠳᠠ ᠬᠠᠷᠢᠭᠤᠴᠠᠯᠭ᠎ᠠ ᠲᠤᠯᠭᠠᠬᠤ ᠲᠦᠷᠢᠮ ᠪᠠ ᠦᠷᠢ ᠦᠭᠴᠡᠭᠡᠨ ᠤ ᠠᠰᠠᠭᠤᠳᠠᠯ ᠢ ᠭᠡᠳᠡᠷᠭᠦ ᠪᠠᠶᠢᠴᠠᠭᠠᠬᠤ ᠲᠣᠭᠲᠠᠴᠠ ᠶᠢ ᠪᠦᠷᠢᠨᠰᠢᠭᠦᠯᠵᠦ᠂ ᠰᠢᠰᠲ᠋ᠧᠮ ᠤᠨ ᠴᠢᠨᠠᠷᠲᠠᠶ ᠲᠦᠭᠰᠢᠭᠦᠷᠢ ᠦᠯᠦ ᠡᠭᠦᠰᠬᠦ ᠨᠠᠭᠠᠳᠤ ᠵᠠᠬ᠎ᠠ ᠶᠢᠨ ᠬᠤᠷᠢᠭ᠎ᠠ ᠱᠤᠭᠤᠮ ᠢ ᠪᠠᠲᠤᠯᠠᠨ ᠰᠠᠬᠢᠨ᠎ᠠ︔ ᠣᠨᠴᠠᠭᠠᠶ ᠶᠠᠳᠠᠭᠤ ᠬᠦᠴᠢᠷᠳᠡᠯᠲᠡᠶ ᠤᠯᠠᠨ ᠲᠦᠮᠡᠨ ᠳᠤ ᠴᠢᠭᠯᠡᠭᠦᠯᠦᠨ ᠲᠤᠶᠢᠯ ᠤᠨ ᠤᠨᠤᠪᠴᠢᠲᠠᠢ ᠪᠠᠷ ᠬᠠᠪᠰᠤᠷᠤᠨ ᠲᠡᠳᠬᠦᠵᠦ᠂ ᠭᠦᠨᠴᠡ ᠪᠦᠬᠦᠢ ᠶᠠᠳᠠᠭᠤ ᠬᠦᠴᠢᠷᠳᠡᠯᠲᠡᠶ ᠭᠠᠵᠠᠷ ᠤᠷᠤᠨ ᠳᠤ ᠠᠩᠬᠠᠷᠤᠯ ᠢᠶᠠᠨ ᠲᠦᠪᠯᠡᠷᠡᠭᠦᠯᠦᠨ ᠬᠦᠴᠦᠯᠡᠵᠦ᠂ ᠶᠠᠳᠠᠭᠤ ᠬᠦᠴᠢᠷᠳᠡᠯᠲᠡᠶ ᠬᠥᠮᠦᠨ ᠠᠮᠠ ᠶᠢᠨ ᠳᠣᠲᠣᠭᠠᠳᠤ ᠬᠥᠳᠡᠯᠭᠡᠬᠦ ᠬᠦᠴᠦᠨ ᠢ ᠎ ᠨᠢ ᠬᠥᠭᠵᠢᠭᠡᠵᠦ᠂ ᠶᠠᠳᠠᠭᠤ ᠶᠢ ᠲᠡᠳᠬᠦᠬᠦ ᠬᠦᠷᠢᠶᠡᠨ ᠳᠠᠬᠢ ᠢᠯᠵᠠᠷᠠᠮᠠᠯ ᠦᠵᠡᠭᠳᠡᠯ ᠪᠠ ᠰᠤᠷᠲᠠᠯ ᠤᠨ ᠠᠰᠠᠭᠤᠳᠠᠯ ᠤᠨ ᠲᠤᠰᠬᠠᠶ ᠵᠠᠰᠠᠯᠲᠠ ᠶᠢ ᠴᠢᠩᠭᠠᠳᠬᠠᠨ᠂ ᠬᠢᠨᠠᠨ ᠰᠢᠯᠭᠠᠵᠤ ᠬᠢᠨᠠᠯᠲᠠ ᠲᠠᠯᠪᠢᠬᠤ ᠶᠢ ᠴᠢᠩᠭᠠᠳᠬᠠᠨ ᠰᠠᠶᠢᠵᠢᠷᠠᠭᠤᠯᠵᠤ᠂ ᠶᠠᠳᠠᠭᠤ ᠠᠴᠠ ᠠᠩᠭᠢᠵᠢᠷᠠᠭᠤᠯᠬᠤ ᠦᠷ᠎ᠡ ᠪᠦᠲᠦᠮᠵᠢ ᠶᠢᠨ ᠲᠡᠦᠬᠡ ᠪᠠ ᠦᠢᠯᠡᠳᠦᠯᠭᠡ ᠶᠢᠨ ᠰᠢᠯᠭᠠᠯᠲᠠ ᠶᠢ ᠳᠠᠭᠠᠭᠠᠵᠤ ᠴᠢᠳᠠᠬᠤ ᠶᠢ ᠦᠨᠡᠨ ᠬᠦ ᠪᠠᠲᠤᠯᠠᠨ᠎ᠠ︔ ᠣᠷᠴᠢᠨ ᠲᠤᠭᠤᠷᠢᠨ ᠤ ᠳᠤᠪᠤᠶᠢᠮ᠎ᠠ ᠠᠰᠠᠭᠤᠳᠠᠯ ᠢ ᠬᠦᠴᠦ ᠲᠠᠯᠪᠢᠨ ᠰᠢᠶᠳᠪᠦᠷᠢᠯᠡᠵᠦ᠂ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠠᠮᠤᠭ ᠤᠨ ᠴᠢᠩᠭ᠎ᠠ ᠳᠦᠷᠢᠮ ᠢ ᠡᠷᠡᠰ ᠬᠡᠷᠡᠭᠵᠢᠭᠦᠯᠵᠦ᠂ ᠠᠭᠠᠷ ᠮᠠᠨᠳᠠᠯ᠂ ᠤᠰᠤ᠂ ᠬᠥᠷᠥᠰᠥ ᠰᠢᠷᠣᠶ ᠶᠢᠨ ᠪᠣᠬᠢᠷᠲᠤᠯ ᠢ ᠰᠡᠷᠭᠡᠶᠢᠯᠡᠨ ᠵᠠᠰᠠᠬᠤ ᠲᠤᠰᠬᠠᠶ ᠠᠵᠢᠯᠯᠠᠭ᠎ᠠ ᠶᠢ ᠭᠦᠨᠵᠡᠭᠡᠶ ᠦᠷᠨᠢᠭᠦᠯᠵᠦ᠂ ᠭᠤᠣᠯ ᠪᠣᠯᠬᠤ ᠪᠣᠬᠢᠷᠲᠤᠯ ᠪᠣᠳᠠᠰ ᠢ ᠭᠠᠳᠠᠭᠰᠢᠯᠠᠭᠤᠯᠬᠤ ᠶᠡᠷᠦᠩᠬᠡᠶ ᠬᠡᠮᠵᠢᠶ᠎ᠡ ᠶᠢ ᠶᠡᠭᠡ ᠪᠠᠷ ᠪᠠᠭᠤᠷᠠᠭᠤᠯᠵᠤ᠂ ᠠᠮᠢ ᠠᠬᠤᠶ ᠶᠢᠨ ᠣᠷᠴᠢᠨ ᠲᠣᠭᠤᠷᠢᠨ ᠤ ᠶᠠᠰᠤ ᠴᠢᠨᠠᠷ ᠢ ᠶᠡᠷᠦᠩᠬᠡᠶ ᠳᠤᠨᠢ ᠰᠠᠶᠢᠵᠢᠷᠠᠭᠤᠯᠤᠨ᠎ᠠ᠃ ᠬᠠᠨᠭ᠍ᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢ ᠬᠦᠨᠵᠡᠭᠡᠶᠢᠷᠡᠬᠦᠯᠦᠨ᠎ᠡ      ᠴᠢᠬᠤᠯᠠ ᠡᠯᠧᠮᠧᠨ᠋ᠲ ᠤᠨ ᠲᠤᠭᠢᠷᠠᠭᠤᠯᠤᠯᠳᠠ ᠶᠢ ᠭᠠᠵᠢᠭᠤᠳᠠᠭᠤᠯᠬᠤ ᠪᠦᠲᠦᠴᠡ ᠶᠢᠨ ᠴᠢᠨᠠᠷᠲᠠᠶ ᠵᠥᠷᠢᠴᠡᠯ ᠤᠨ ᠦᠨᠳᠦᠰᠦ ᠰᠤᠷᠪᠤᠯᠵᠢ ᠶᠢ ᠠᠳᠬᠤᠵᠤ᠂ ᠴᠢᠬᠤᠯᠠ ᠡᠯᠧᠮᠧᠨ᠋ᠲ ᠢ ᠵᠠᠬ᠎ᠠ ᠳᠡᠯᠭᠡᠭᠦᠷᠴᠢᠯᠡᠨ ᠲᠣᠬᠢᠷᠠᠭᠤᠯᠬᠤ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ︽ᠰᠢᠪᠲᠤᠯᠬᠤ︾ ︽ᠲᠣᠭᠲᠠᠭᠠᠬᠤ︾ ︽ᠪᠠᠭᠤᠷᠠᠭᠤᠯᠬᠤ︾ ᠳᠡᠭᠡᠷ᠎ᠡ ᠬᠦᠴᠦ ᠲᠠᠯᠪᠢᠵᠤ᠂ ᠤᠯᠠᠮᠵᠢᠯᠠᠯᠲᠤ ᠠᠵᠤ ᠦᠢᠯᠡᠰ ᠢ ᠥᠭᠡᠷᠡᠴᠢᠯᠡᠨ ᠲᠡᠰ ᠳᠡᠪᠰᠢᠭᠦᠯᠬᠦ ᠶᠢ ᠳᠡᠮᠵᠢᠵᠤ᠂ ᠪᠠᠶᠢᠯᠳᠤᠬᠤ ᠪᠤᠳᠤᠯᠭ᠎ᠠ ᠶᠢᠨ ᠴᠢᠨᠠᠷᠲᠠᠶ ᠰᠢᠨ᠎ᠡ ᠪᠠᠷ ᠬᠥᠭᠵᠢᠭᠰᠡᠨ ᠠᠵᠤ ᠦᠢᠯᠡᠰ ᠢ ᠬᠦᠭᠵᠢᠬᠦᠯᠵᠤ᠂ ᠤᠳᠤ ᠦᠶ᠎ᠡ ᠶᠢᠨ ᠦᠢᠯᠡᠴᠢᠯᠡᠭᠡᠨ ᠤ ᠦᠢᠯᠡᠰ ᠢ ᠪᠤᠵᠠᠭᠠᠶᠢᠷᠠᠭᠤᠯᠵᠤ᠂ ᠴᠡᠷᠢᠭ ᠠᠷᠠᠳ ᠢ ᠠᠭᠤᠰᠤᠯᠴᠠᠭᠤᠯᠤᠨ ᠬᠥᠭᠵᠢᠭᠦᠯᠬᠦ ᠪᠠᠶᠢᠯᠳᠤᠬᠤ ᠪᠤᠳᠤᠯᠭ᠎ᠠ ᠶᠢ ᠭᠦᠨᠵᠡᠭᠡᠶ ᠬᠡᠷᠡᠭᠵᠢᠭᠦᠯᠵᠦ᠂ ᠲᠡᠮᠦᠷ ᠵᠠᠮ᠂ ᠵᠠᠰᠠᠮᠠᠯ ᠵᠠᠮ᠂ ᠠᠭᠠᠷ ᠠᠶᠠᠯᠠᠯ᠂ ᠴᠠᠬᠢᠯᠭᠠᠨ ᠲᠣᠣᠷ᠂ ᠭᠤᠤᠷᠰᠤ ᠬᠤᠭᠤᠯᠠᠶ᠂ ᠬᠤᠳᠠ ᠶᠢᠨ ᠶᠠᠪᠤᠳᠠᠯ᠂ ᠤᠰᠤᠨ ᠠᠰᠢᠭᠯᠠᠯᠲᠠ᠂ ᠮᠡᠳᠡᠭᠡ ᠵᠠᠩᠭᠢ᠂ ᠡᠳ᠋ ᠪᠠᠷᠠᠭ᠎ᠠ ᠶᠢᠨ ᠭᠦᠢᠯᠭᠡᠭᠡ ᠵᠡᠷᠭᠡ ᠰᠠᠭᠤᠷᠢ ᠪᠡᠯᠡᠳᠬᠡᠮᠵᠢ ᠶᠢᠨ ᠲᠤᠤᠷ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ ᠪᠡᠯᠡ ᠣᠷᠣᠭᠤᠯᠤᠯᠲᠠ ᠠᠴᠠ ᠬᠠᠩᠭᠠᠯᠭ᠎ᠠ ᠶᠢᠨ ᠪᠦᠲᠦᠴᠡ ᠶᠢ ᠰᠢᠯᠢᠳᠡᠭᠵᠢᠬᠦᠯᠬᠦ ᠳᠤ ᠦᠵᠡᠭᠦᠯᠬᠦ ᠵᠠᠩᠭᠢᠯᠠᠭ᠎ᠠ ᠶᠢᠨ ᠴᠢᠨᠠᠷᠲᠠᠶ ᠦᠢᠯᠡᠳᠦᠯ ᠢ ᠨᠢ ᠭᠦᠢᠴᠡᠳ ᠪᠠᠳᠠᠷᠠᠭᠤᠯᠵᠤ᠂ ᠬᠠᠩᠭᠠᠯᠭ᠎ᠠ ᠶᠢᠨ ᠰᠢᠰᠲ᠋ᠧᠮᠵᠢ ᠶᠢᠨ ᠶᠠᠰᠤ ᠴᠢᠨᠠᠷ  ᠪᠤᠯᠤᠨ ᠦᠷ᠎ᠡ ᠪᠦᠲᠦᠮᠵᠢ ᠶᠢ ᠲᠠᠰᠤᠷᠠᠯᠲᠠ ᠦᠭᠡᠢ ᠳᠡᠭᠡᠭᠰᠢᠯᠡᠭᠦᠯᠦᠨ᠎ᠡ᠃ ᠪᠣᠳᠠᠲᠤ ᠴᠣᠭᠴᠠ ᠶᠢᠨ ᠠᠵᠤ ᠠᠬᠤᠶ ᠶᠢ ᠪᠤᠵᠠᠭᠠᠶᠢᠷᠠᠭᠤᠯᠤᠨ᠎ᠠ      ᠠᠵᠤ ᠠᠬᠤᠶ ᠶᠢ ᠬᠦᠭᠵᠢᠬᠦᠯᠬᠦ ᠬᠦᠴᠦᠯᠡᠴᠡ ᠶᠢ ᠢᠮᠠᠭᠲᠠ ᠪᠣᠳᠠᠲᠤ ᠴᠣᠭᠴᠠ ᠶᠢᠨ ᠠᠵᠤ ᠠᠬᠤᠶ ᠳᠡᠭᠡᠷ᠎ᠡ ᠲᠠᠯᠪᠢᠵᠤ᠂ ᠠᠵᠤ ᠦᠢᠯᠡᠳᠪᠦᠷᠢ ᠶᠢᠨ ᠪᠡᠯᠡ ᠣᠷᠣᠭᠤᠯᠤᠯᠲᠠ ᠶᠢ ᠦᠷᠭᠡᠳᠭᠡᠵᠤ᠂ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠪᠡᠶᠡᠴᠢ ᠴᠣᠭᠴᠠ ᠶᠢᠨ ᠠᠮᠢᠵᠢᠷᠠᠯ ᠤᠨ ᠬᠦᠴᠦᠨ ᠢ ᠬᠥᠭᠵᠢᠭᠡᠵᠦ᠂ ᠬᠦᠷᠢᠶᠡᠯᠡᠩ ᠲᠣᠭᠤᠷᠢᠭ ᠢ ᠬᠥᠭᠵᠢᠭᠦᠯᠬᠦ ᠲᠥᠯᠥᠪᠯᠡᠭᠡ ᠶᠢ ᠲᠣᠭᠲᠠᠭᠠᠨ ᠬᠡᠷᠡᠭᠵᠢᠭᠦᠯᠵᠦ᠂ ᠠᠵᠤ ᠠᠬᠤᠶᠢᠯᠠᠯᠲᠠᠨ ᠤ ᠡ᠊ᠡᠭᠨᠡᠭᠡ ᠶᠢᠨ ᠪᠠᠶᠢᠭᠤᠯᠤᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠪᠣᠳᠠᠲᠤ ᠴᠣᠭᠴᠠ ᠶᠢᠨ ᠠᠵᠤ ᠠᠬᠤᠶ ᠶᠢᠨ ᠬᠥᠭᠵᠢᠯᠲᠡ ᠶᠢᠨ ᠣᠷᠴᠢᠨ ᠨᠥᠬᠦᠴᠡᠯ ᠢ ᠰᠢᠯᠢᠳᠡᠭᠵᠢᠭᠦᠯᠵᠦ᠂ ᠬᠥᠭᠵᠢᠯᠲᠡ ᠶᠢᠨ ᠰᠠᠭᠤᠷᠢ ᠶᠢ ᠤᠯᠠᠮ ᠨᠢᠭᠡ ᠠᠯᠬᠤᠮ ᠪᠠᠲᠤᠳᠬᠠᠨ᠂ ᠠᠵᠤ ᠠᠬᠤᠶ ᠶᠢᠨ ᠶᠠᠰᠤ ᠴᠢᠨᠠᠷ ᠤᠨ ᠳᠠᠪᠠᠭᠤᠯᠢᠭ ᠢ ᠬᠦᠴᠦᠷᠭᠡᠭᠵᠢᠬᠦᠯᠦᠨ᠎ᠡ᠃ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠤᠨ᠎ᠠ      ᠲᠠᠷᠢᠶᠠᠯᠠᠩ ᠮᠠᠯ ᠠᠵᠤ ᠠᠬᠤᠶ ᠪᠣᠯᠤᠨ ᠮᠠᠯᠵᠢᠬᠤ ᠲᠠᠷᠢᠶᠠᠯᠠᠬᠤ ᠣᠷᠣᠨ ᠢ ᠡᠩ ᠲᠡᠷᠢᠭᠦᠨ ᠳᠤ ᠬᠥᠭᠵᠢᠭᠦᠯᠬᠦ ᠎ ᠶᠢ ᠪᠠᠷᠢᠮᠲᠠᠯᠠᠵᠤ᠂ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ᠂ ᠠᠮᠢ ᠠᠬᠤᠶ ᠶᠢ ᠣᠷᠣᠰᠢᠨ ᠰᠠᠭᠤᠷᠢᠰᠢᠬᠤ ᠳᠤ ᠲᠣᠬᠢᠷᠠᠮᠵᠢᠲᠠᠶ ᠪᠠᠶᠢᠯᠭᠠᠬᠤ᠂ ᠬᠥᠳᠡᠭᠡ ᠶᠢᠨ ᠰᠤᠷᠲᠠᠯ ᠢ ᠪᠣᠯᠪᠠᠰᠤᠨ ᠪᠠᠶᠢᠯᠭᠠᠬᠤ᠂ ᠪᠦᠲᠦᠮᠵᠢᠲᠡᠶ ᠪᠠᠷ ᠵᠠᠰᠠᠯᠲᠠ ᠬᠢᠬᠦ᠂ ᠠᠮᠢᠳᠤᠷᠠᠯ ᠢ ᠪᠠᠶᠠᠨ ᠴᠢᠨᠡᠭᠡᠯᠢᠭ ᠪᠣᠯᠭᠠᠬᠤ ᠶᠡᠷᠦᠩᠬᠡᠶ ᠱᠠᠭᠠᠷᠳᠠᠯᠭ᠎ᠠ ᠶᠣᠰᠣᠭᠠᠷ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢᠨ ᠲᠥᠯᠥᠪᠵᠢᠭᠦᠯᠭᠡ ᠶᠢ ᠱᠠᠯᠠᠪᠬᠠᠨ ᠲᠣᠭᠲᠠᠭᠠᠵᠤ᠂ ᠬᠤᠳᠠ ᠬᠥᠳᠡᠭᠡ ᠶᠢ ᠠᠭᠤᠰᠤᠯᠴᠨᠭᠤᠯᠤᠨ ᠬᠥᠭᠵᠢᠭᠦᠯᠬᠦ ᠪᠠᠶᠢᠭᠤᠯᠤᠯ ᠲᠣᠭᠲᠠᠴᠠ ᠪᠠ ᠲᠦᠷᠦ ᠶᠢᠨ ᠪᠤᠳᠤᠯᠭ᠎ᠠ ᠶᠢᠨ ᠰᠢᠰᠲ᠋ᠧᠮᠵᠢ ᠶᠢ ᠪᠠᠶᠢᠭᠤᠯᠤᠨ ᠪᠦᠷᠢᠨᠰᠢᠭᠦᠯᠵᠦ᠂ ᠲᠠᠷᠢᠶᠠᠯᠠᠩ ᠮᠠᠯ ᠠᠵᠤ ᠠᠬᠤᠶ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠶ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠤᠳᠤ ᠦᠶ᠎ᠡ ᠶᠢᠨ ᠲᠠᠷᠢᠶᠠᠯᠠᠩ ᠮᠠᠯ ᠠᠵᠤ ᠠᠬᠤᠶ ᠶᠢ ᠬᠥᠭᠵᠢᠭᠦᠯᠵᠦ᠂ ᠣᠷᠣᠰᠢᠨ ᠰᠠᠭᠤᠬᠤ ᠳᠤ ᠠᠶᠠᠲᠠᠢ ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠢ ᠪᠦᠳᠦᠭᠡᠨ ᠪᠠᠶᠢᠭᠤᠯᠤᠨ᠎ᠠ᠃ ᠰᠢᠨ᠎ᠡ ᠬᠥᠳᠡᠯᠭᠡᠬᠦ ᠬᠦᠴᠦᠨ ᠢ ᠪᠤᠶᠢᠵᠢᠭᠤᠯᠤᠨ ᠬᠥᠭᠵᠢᠭᠦᠯᠦᠨ᠎ᠡ      ᠰᠢᠨ᠎ᠡ ᠶᠢ ᠡᠭᠦᠳᠬᠦ ᠪᠠᠷ ᠬᠥᠭᠵᠢᠯᠲᠡ ᠶᠢᠨ ᠬᠥᠳᠡᠯᠭᠡᠭᠦᠷ ᠪᠣᠯᠭᠠᠬᠤ ᠪᠠᠶᠢᠯᠳᠤᠬᠤ ᠪᠤᠳᠤᠯᠭ᠎ᠠ ᠪᠣᠯᠤᠨ ᠣᠷᠣᠨ ᠪᠦᠰᠡ ᠶᠢ  ᠵᠣᠬᠢᠴᠠᠩᠭᠤᠶ ᠬᠥᠭᠵᠢᠭᠦᠯᠬᠦ ᠪᠠᠶᠢᠯᠳᠤᠬᠤ ᠪᠤᠳᠤᠯᠭ᠎ᠠ ᠶᠢ ᠭᠦᠨᠵᠡᠭᠡᠶ ᠬᠡᠷᠡᠭᠵᠢᠭᠦᠯᠵᠦ᠂ ︽ ᠵᠠᠰᠠᠭ ᠢ ᠴᠣᠮᠬᠠᠳᠬᠠᠵᠤ ᠡᠷᠬᠡ ᠶᠢ ᠪᠠᠭᠤᠯᠭᠠᠬᠤ᠂ ᠪᠠᠭᠤᠯᠭᠠᠵᠤ ᠬᠠᠮᠢᠶᠠᠷᠬᠤ ᠶᠢ ᠤᠶᠠᠯᠳᠤᠭᠤᠯᠬᠤ᠂ ᠦᠢᠯᠡᠴᠢᠯᠡᠭᠡ ᠶᠢ ᠰᠢᠯᠢᠳᠡᠭᠵᠢᠭᠦᠯᠬᠦ︾᠂ ᠤᠯᠤᠰ ᠤᠨ ᠥᠮᠴᠢᠯᠡᠯ ᠤᠨ ᠠᠵᠤ ᠠᠬᠤᠶᠢᠯᠠᠯ ᠤᠯᠤᠰ ᠤᠨ ᠥᠮᠴᠢᠯᠡᠯ ᠤᠨ ᠡᠳ᠋ ᠬᠥᠷᠥᠩᠭᠡ ᠂ ᠡᠳ᠋ ᠤᠨ ᠵᠠᠰᠠᠭ ᠭᠠᠶᠢᠯᠢ ᠮᠥᠩᠭᠦᠨ ᠭᠦᠢᠯᠭᠡᠭᠡ ᠪᠠ ᠴᠠᠬᠢᠯᠭᠠᠨ ᠬᠦᠴᠦ᠂ ᠪᠠᠶᠢᠭᠠᠯᠢ ᠶᠢᠨ ᠰᠢᠲᠠᠮᠬᠠᠢ ᠬᠡᠢ᠂ ᠣᠷᠣᠨ ᠰᠠᠭᠤᠴᠠ ᠵᠡᠷᠭᠡ ᠬᠦᠷᠢᠶᠡᠨ ᠳᠠᠬᠢ ᠥᠭᠡᠷᠡᠴᠢᠯᠡᠯᠲᠡ ᠶᠢ ᠭᠦᠨᠵᠡᠭᠡᠶᠢᠷᠡᠭᠦᠯᠵᠤ᠂ ᠳᠣᠲᠣᠭᠠᠳᠤ ᠭᠠᠳᠠᠭᠠᠳᠤ ᠳᠤ ᠨᠡᠬᠡᠭᠡᠯᠳᠡ ᠬᠢᠬᠦ ᠶᠢ ᠥᠷᠭᠡᠳᠬᠡᠵᠦ᠂ ᠬᠥᠬᠡᠬᠤᠲᠠ ᠪᠤᠭᠤᠲᠤ ᠤᠷᠳᠤᠰ ᠤᠨ ᠬᠠᠮᠵᠢᠯᠴᠠᠭᠰᠠᠨ ᠬᠥᠭᠵᠢᠯ ᠂ ᠵᠡᠭᠦᠨ ᠬᠡᠰᠡᠭ ᠤᠨ ᠠᠶᠢᠮᠠᠭ ᠬᠤᠳᠠ ᠶᠢᠨ ᠲᠠᠪᠠᠯᠲᠠᠲᠤ ᠬᠥᠭᠵᠢᠯ᠂ ᠬᠠᠲᠤᠨ ᠭᠤᠣᠯ ᠳᠠᠭᠠᠤ ᠶᠢᠨ ᠠᠵᠤ ᠠᠬᠤᠶ ᠶᠢᠨ ᠪᠦᠰᠡ ᠶᠢᠨ ᠪᠥᠳᠥᠭᠡᠨ ᠪᠠᠶᠢᠭᠤᠯᠤᠯᠲᠠ᠂ ᠬᠤᠷᠢᠨᠭᠡᠷ ᠰᠢᠨ᠎ᠡ ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢ ᠴᠢᠩᠭᠠᠳᠬᠠᠬᠤ᠂ ᠠᠵᠤ ᠠᠬᠤᠶ ᠨᠡᠶᠢᠭᠡᠮ ᠤᠨ ᠬᠥᠭᠵᠢᠯᠲᠡ ᠳᠤ ᠬᠦᠴᠦᠷᠬᠡᠭ ᠶᠡᠭᠡ ᠬᠥᠳᠡᠯᠭᠡᠭᠴᠢ ᠬᠦᠴᠦᠨ ᠢ ᠣᠯᠭᠤᠨ᠎ᠠ᠃ ᠠᠷᠠᠳ ᠤᠨ ᠠᠮᠢᠳᠤᠷᠠᠯ ᠤᠨ ᠠᠵᠢᠯ ᠢ ᠪᠣᠳᠠᠲᠠᠶ ᠨᠠᠷᠢᠯᠢᠭ ᠬᠢᠨ᠎ᠡ      ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠬᠤ ᠶᠢ ᠦᠨᠡᠨ ᠠᠴᠠ ᠵᠥᠪ ᠢ ᠡᠷᠢᠬᠦ ᠦᠵᠡᠯ ᠰᠠᠨᠠᠭᠠᠨ ᠤ ᠱᠤᠭᠤᠮ ᠢ ᠪᠠᠷᠢᠮᠲᠠᠯᠠᠬᠤ ᠲᠠᠢ  ᠰᠠᠶᠢᠲᠤᠷ ᠨᠢᠭᠡᠳᠬᠡᠵᠦ᠂ ᠴᠢᠨᠡᠭᠡ ᠪᠠᠷ ᠢᠶᠠᠨ ᠬᠢᠵᠤ᠂ ᠴᠢᠳᠠᠯ ᠢᠶᠠᠷ ᠢᠶᠠᠨ ᠴᠢᠷᠮᠠᠶᠢᠨ᠂ ᠠᠷᠠᠳ ᠤᠯᠠᠨ ᠤ ᠠᠩᠬᠠᠷᠤᠯ ᠲᠠᠯᠪᠢᠵᠤ ᠪᠠᠶᠢᠭ᠎ᠠ ᠰᠤᠷᠭᠠᠨ ᠬᠥᠮᠦᠵᠢᠯ᠂ ᠠᠵᠢᠯ ᠣᠯᠭᠤᠯᠲᠠ᠂ ᠣᠷᠣᠯᠭ᠎ᠠ᠂ ᠨᠡᠶᠢᠭᠡᠮ ᠤᠨ ᠪᠠᠲᠤᠯᠠᠭ᠎ᠠ᠂ ᠣᠷᠣᠨ ᠰᠠᠭᠤᠴᠠ᠂ ᠡᠮ ᠡᠮᠨᠡᠯᠭᠡ ᠡᠷᠡᠭᠦᠯ ᠬᠠᠮᠠᠭᠠᠯᠠᠯ᠂ ᠬᠤᠳᠠ ᠶᠢᠨ ᠬᠠᠮᠢᠶᠠᠷᠤᠯᠲᠠ᠂ ᠤᠯᠠᠨ ᠨᠡᠶᠢᠲᠡ ᠶᠢᠨ ᠠᠮᠤᠷ ᠲᠦᠪᠰᠢᠨ ᠵᠡᠷᠭᠡ ᠠᠰᠠᠭᠤᠳᠠᠯ ᠢ ᠬᠦᠴᠦᠯᠡᠨ ᠰᠠᠶᠢᠲᠤᠷ ᠰᠢᠢᠳᠪᠦᠷᠢᠯᠡᠵᠦ᠂ ᠰᠠᠶᠢᠨ ᠶᠠᠪᠤᠳᠠᠯ ᠢ ᠪᠣᠳᠠᠲᠠᠶ ᠬᠢᠵᠤ᠂ ᠪᠣᠳᠠᠲᠠᠶ ᠶᠠᠪᠤᠳᠠᠯ ᠢ ᠰᠠᠶᠢᠲᠤᠷ ᠪᠦᠲᠦᠭᠡᠵᠦ᠂ ᠦᠨᠳᠦᠰᠦᠲᠡᠨ ᠨᠦᠭᠦᠳ ᠤᠨ ᠠᠷᠠᠳ ᠲᠦᠮᠡᠨ ᠳᠤ ᠨᠠᠩ ᠤᠯᠠᠨ ᠬᠦᠷᠲᠡᠮᠵᠢ ᠶᠢᠨ ᠲᠥᠷᠥᠭᠳᠡᠯ᠂ ᠵᠣᠯ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠣᠯᠭᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号