ᠠᠯᠳᠠᠨ ᠮᠠᠯᠡᠭᠡᠢ ᠥᠷᠥᠵᠤ ᠲᠤᠭᠯᠠᠬᠤ
ᠨᠡᠶᠢᠲᠡᠯᠡᠭᠰᠡᠨ ᠴᠠᠭ᠄
2018/11/28
      ᠶᠠᠷᠠᠨ ᠬᠤᠶᠠᠷ ᠱᠠᠭ᠎ᠠ ᠪᠠᠷ ᠮᠠᠯᠡᠭᠡᠢ ᠶᠢᠨ ᠲᠥᠷᠰᠥ ᠶᠢ ᠲᠠᠭᠤᠷᠢᠶᠠᠯᠭᠠᠨ ᠥᠷᠥᠵᠥ ᠨᠠᠭᠠᠳᠬᠤ ᠳᠤ ᠪᠠᠨ ᠮᠠᠯᠡᠭᠡᠢ ᠶᠢᠨ ᠡᠯ᠎ᠠ ᠡᠷᠭᠡᠳᠠᠨ ᠢ ᠲᠤᠭᠳᠠᠭᠰᠠᠨ ᠲᠤᠭ᠎ᠠ ᠪᠠᠷ ᠥᠷᠥᠨ᠎ᠠ᠃ ᠡᠭᠦᠨ ᠳᠤ ᠨᠢᠷᠥᠭᠤ ᠶᠢ ᠭᠥᠨᠳᠠᠯᠡᠨ ᠭᠤᠯᠳᠤ ᠪᠠᠷ ᠵᠢᠷᠭᠤᠭ᠎ᠠ ᠵᠢᠷᠭᠤᠭᠠᠨ ᠮᠥᠷ᠂ ᠪᠥᠭᠦᠳᠠ ᠭᠤᠴᠢᠨ ᠵᠢᠷᠭᠤᠭᠠᠨ ᠱᠠᠭ᠎ᠠ ᠥᠷᠥᠭᠡᠳ᠂ ᠲᠡᠭᠦᠨ ᠤ ᠲᠥᠷᠪᠡᠨ ᠥᠨᠴᠥᠭ ᠲᠤ ᠲᠥᠷᠪᠡᠨ ᠰᠢᠯᠪᠢ ᠶᠢ ᠲᠥᠷᠪᠡ ᠲᠥᠷᠪᠡᠨ ᠱᠠᠭ᠎ᠠ᠂ ᠪᠥᠭᠦᠳᠠ ᠠᠷᠪᠠᠨ ᠵᠢᠷᠭᠤᠭᠠᠨ ᠱᠠᠭ᠎ᠠ︔ ᠲᠥᠷᠪᠡᠨ ᠲᠠᠪᠠᠭ᠋ᠠᠢ ᠲᠤᠰᠪᠤᠷᠢ ᠲᠠᠪᠤᠨ ᠱᠠᠭ᠎ᠠ᠂ ᠪᠥᠭᠦᠳᠠ ᠬᠤᠷᠢᠨ ᠱᠠᠭ᠎ᠠ︔ ᠭᠥᠵᠥᠭᠦᠨ ᠳᠤ ᠵᠢᠷᠭᠤᠭᠠᠨ ᠱᠠᠭ᠎ᠠ᠂ ᠬᠤᠰᠢᠭᠤᠨ ᠳᠤ ᠭᠤᠷᠪᠠᠨ ᠱᠠᠭ᠎ᠠ᠂ ᠨᠢᠳᠥ᠂ ᠴᠢᠭᠢ᠂ ᠪᠥᠭᠡᠷ᠎ᠠ ᠲᠤᠰᠪᠤᠷᠢ ᠬᠤᠶᠠᠷ ᠱᠠᠭ᠎ᠠ᠂ ᠵᠢᠷᠥᠭᠡ ᠲᠠᠪᠤᠰᠠᠩ ᠨᠢᠭᠡ ᠨᠢᠭᠡ ᠱᠠᠭ᠎ᠠ ᠶᠢ ᠤᠷᠤᠨ ᠪᠠᠶᠢᠷᠢ ᠪᠠᠷ ᠨᠢ ᠥᠷᠥᠵᠥ ᠪᠠᠶᠢᠷᠢᠰᠢᠭᠤᠯᠳᠠᠭ᠃ ᠢᠡᠭᠭᠢᠵᠥ ᠲᠤᠭᠯᠠᠬᠤ ᠳᠤ ᠪᠠᠨ ᠱᠤ ᠤᠷᠭᠢᠵᠤ᠂ ᠱᠤ ᠶᠢᠨ ᠲᠤᠰᠤᠯᠳᠠ ᠶᠢᠨ ᠭᠢᠨᠢ ᠲᠤᠭ᠎ᠠ ᠪᠠᠷ ᠱᠠᠭ᠎ᠠ ᠪᠠᠨ ᠥᠷᠥᠳᠡᠭ᠃ ᠥᠷᠥᠭᠦ ᠲᠠᠰ ᠲᠠᠷᠠᠭ᠎ᠠ ᠨᠢ ᠲᠤᠯᠤᠭᠠᠢ ᠠᠴᠠ ᠨᠢ ᠡᠭᠢᠯᠠᠵᠤ᠂ ᠬᠠᠮᠤᠭ ᠡᠴᠤᠰ ᠲᠤ ᠰᠡᠭᠦᠯ ᠢ ᠨᠢ ᠥᠷᠥᠨ᠎ᠠ᠃ ᠱᠠᠭ᠎ᠠ ᠪᠠᠨ ᠤᠯᠠᠨ ᠥᠡᠭᠭᠡ ᠪᠠᠷ ᠪᠤᠳᠤᠵᠤ ᠠᠯᠠᠭᠯᠠᠭᠤᠯᠤᠨ ᠥᠷᠥᠵᠥ᠂ ᠠᠯᠠᠭ ᠮᠠᠯᠡᠭᠡᠢ ᠥᠷᠥᠭᠦ ᠭᠡᠵᠥ ᠴᠤ ᠨᠠᠷᠠᠯᠡᠳᠡᠭ᠃ ᠵᠠᠷᠢᠮ ᠭᠠᠵᠠᠷ ᠨᠢᠭᠡ ᠵᠠᠭᠤ ᠨᠠᠢᠮᠠᠨ ᠱᠠᠭ᠎ᠠ ᠪᠠᠷ ᠲᠤᠭᠯᠠᠬᠤ ᠴᠤ ᠪᠤᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号