ᠲᠡᠭᠡᠳᠦ ᠰᠢᠨ᠎ᠡ ᠮᠡᠷᠭᠡᠵᠢᠯ ᠪᠠ ᠴᠡᠷᠢᠭ ᠲᠠᠶᠢᠨ
ᠨᠡᠶᠢᠲᠡᠯᠡᠭᠰᠡᠨ ᠴᠠᠭ᠄
2018/11/30

       ᠲᠡᠭᠡᠳᠦ ᠰᠢᠨ᠎ᠡ ᠮᠡᠷᠭᠡᠵᠢᠯ᠂ ᠢᠯᠠᠩᠭᠤᠶ᠎ᠠ ᠮᠡᠳᠡᠭᠡ ᠵᠠᠩᠬᠢ ᠶᠢᠨ ᠮᠡᠷᠭᠡᠵᠢᠯ ᠢ ᠦᠢᠯᠡᠳᠪᠦᠷᠢᠯᠡᠯ ᠳᠤ ᠯᠠ ᠪᠢᠰᠢ᠂ ᠴᠡᠷᠢᠭ ᠲᠠᠶᠢᠨ ᠳᠤ ᠨᠡᠩ ᠦᠷᠭᠡᠨ ᠭᠡᠷᠡᠭᠯᠡᠵᠦ ᠪᠠᠶᠢᠨ᠎ᠠ᠃
       1991 ᠤᠨ ᠳᠤ ᠠᠮᠧᠷᠢᠺᠠ ᠲᠦᠷᠦᠭᠦᠳᠡᠢ ᠭᠡᠳᠦᠨ ᠤᠯᠤᠰ ᠤᠨ ᠴᠡᠷᠢᠭ᠂ ᠮᠡᠳᠡᠭᠡ ᠵᠠᠩᠬᠢ ᠶᠢᠨ ᠲᠠᠪᠠᠭᠤᠯᠢᠬ ᠢᠶᠠᠷ ᠰᠠᠭᠤᠷᠢ ᠪᠤᠯᠭᠠᠵᠤ᠂ ᠵᠢᠯᠤᠭᠤᠳᠤᠯᠭ᠎ᠠ ᠶᠢᠨ ᠠᠦ᠋ᠲ᠋ᠤᠴᠢᠯᠠᠯ ᠤᠨ ᠰᠢᠰᠲ᠋ᠧᠮ ᠢᠶᠠᠷ ᠭᠤᠤᠯ ᠪᠤᠯᠭᠠᠵᠤ᠂ ᠬᠠᠭᠤᠷᠠᠢ ᠲᠠᠯᠠᠢ ᠠᠭᠠᠷ ᠢ ᠨᠢᠭᠡ ᠯᠡ ᠴᠤᠬᠴᠠᠴᠢᠯᠠᠬᠰᠠᠨ ᠡᠯᠧᠺᠲᠷᠤᠨ ᠲᠠᠶᠢᠨ ᠢᠶᠠᠷ ᠵᠢᠷᠭᠤᠭᠠᠬᠠᠨ ᠭᠠᠷᠠᠬ ᠤᠨ ᠴᠠᠭ ᠪᠠ ᠮᠠᠰᠢ ᠪᠠᠭ᠎ᠠ ᠦᠨ᠎ᠡ ᠲᠦᠯᠦᠪᠦᠷᠢ ᠪᠠᠷ 120 ᠲᠦᠮᠡᠨ ᠴᠡᠷᠢᠭ ᠲᠠᠢ᠂ 5800 ᠲᠠᠩᠺ᠂ 770 ᠭᠠᠷᠤᠢ ᠨᠢᠰᠭᠡᠯ ᠲᠠᠢ ᠢᠷᠠᠺ ᠤᠨ ᠴᠡᠷᠢᠭ ᠢ ᠴᠤᠬᠢᠨ ᠢᠯᠠᠪᠠ᠃ ᠡᠭᠦᠨ ᠢ ︽ᠢᠯᠳᠠᠰᠤ ᠪᠠᠷ ᠪᠤᠯᠤᠳ ᠲᠡᠮᠦᠷ ᠢ ᠢᠯᠠᠪᠠ︾ ᠭᠡᠵᠦ ᠬᠦᠮᠦᠰ ᠭᠡᠯᠡᠯᠴᠡᠪᠡ᠃ ᠮᠡᠳᠡᠭᠡ ᠵᠠᠩᠬᠢ ᠶᠢᠨ ᠮᠡᠷᠭᠡᠵᠢᠯ ᠨᠢ ᠴᠡᠷᠢᠭ ᠠᠩᠬᠢ ᠶᠢᠨ ᠪᠠᠶᠢᠯᠳᠤᠬᠤ ᠴᠢᠳᠠᠪᠤᠷᠢ ᠶᠢ ᠭᠢᠴᠢᠨᠡᠨ ᠲᠠᠬᠢᠨ ᠨᠡᠮᠡᠭᠳᠡᠭᠦᠯᠦᠭᠰᠡᠨ ᠢᠶᠠᠷ ᠪᠠᠷᠠᠬᠤ ᠦᠭᠡᠢ᠂ ᠲᠠᠶᠢᠨ ᠤ ᠭᠡᠯᠪᠡᠷᠢ ᠶᠢ ᠦᠭᠡᠷᠡᠴᠢᠯᠡᠵᠦ᠂ ᠤᠳᠤ ᠦᠶ᠎ᠡ ᠶᠢᠨ ᠴᠡᠷᠢᠭ ᠲᠠᠶᠢᠨ ᠤ ᠬᠦᠭᠵᠢᠯᠳᠡ ᠶᠢ ᠴᠤ ᠶᠡᠭᠡᠪᠡᠷ ᠠᠬᠢᠭᠤᠯᠪᠠ᠃
       ᠮᠡᠳᠡᠭᠡ ᠵᠠᠩᠬᠢ ᠶᠢᠨ ᠮᠡᠷᠭᠡᠵᠢᠯ ᠢ ᠵᠠᠷ ᠵᠠᠪᠰᠡᠭ ᠲᠤ ᠦᠷᠭᠡᠨ ᠭᠡᠷᠡᠭᠯᠡᠪᠡ᠃ ᠶᠠᠪᠠᠭᠠᠨ ᠫᠤᠤ ᠶᠢᠨ ᠤᠯᠠᠭᠠᠨ ᠤ ᠭᠠᠳᠠᠨᠠᠬᠢ ᠤᠨᠤᠪᠴᠢᠭᠤᠷ ᠠᠴᠠ ᠠᠪᠤᠭᠠᠳ ᠨᠠᠷᠯᠢᠬ ᠬᠢᠴᠢᠳᠡᠢ ᠵᠡᠪᠰᠡᠭ ᠤᠨ ᠵᠠᠯᠠᠭᠤᠷᠳᠤ ᠰᠤᠮᠤ ᠬᠦᠷᠳᠡᠯ᠎ᠡ᠂ ᠷᠠᠳᠠᠷ ᠠᠴᠠ ᠠᠪᠤᠭᠠᠳ ᠲᠠᠩᠨᠠᠬᠴᠢ ᠨᠢᠰᠭᠡᠯ᠂ ᠤᠷᠢᠳᠴᠢᠯᠠᠨ ᠰᠡᠷᠭᠡᠶᠢᠯᠡᠭᠦ ᠨᠢᠰᠭᠡᠯ ᠪᠠ ᠲᠠᠩᠨᠠᠬᠴᠢ ᠲᠠᠭᠠᠭᠤᠯᠢ ᠤᠳᠤᠨ ᠬᠦᠷᠳᠡᠯ᠎ᠡ᠂ ᠭᠠᠯᠳᠤ ᠫᠤᠤ ᠠᠴᠠ ᠠᠪᠤᠭᠠᠳ ᠵᠠᠯᠠᠭᠤᠷᠳᠤ ᠰᠤᠮᠤᠨ ᠤ ᠠᠦ᠋ᠲ᠋ᠤ᠋ ᠰᠢᠰᠲ᠋ᠧᠮ ᠬᠦᠷᠳᠡᠯ᠎ᠡ᠂ ᠬᠦᠯᠭᠡ ᠤᠡᠭᠭᠤᠴᠠ ᠵᠢᠴᠢ ᠤᠡᠭᠭᠤᠴᠠᠨ ᠲᠡᠭᠡᠷᠡᠬᠢ ᠵᠡᠪᠰᠡᠭ ᠠᠴᠠ ᠲᠠᠶᠢᠨ ᠤ ᠨᠢᠰᠭᠡᠯ ᠬᠦᠷᠳᠡᠯ᠎ᠡ ᠴᠦᠮ ᠮᠡᠳᠡᠭᠡ ᠵᠠᠩᠬᠢ ᠶᠢᠨ ᠮᠡᠷᠭᠡᠵᠢᠯ ᠤᠨ ᠲᠤᠨᠤᠬᠯᠠᠯ ᠲᠠᠢ ᠪᠤᠯᠵᠤ᠂ ᠪᠦᠷ ᠴᠤ ᠮᠧᠬᠠᠨᠢᠬᠵᠢᠯᠳᠡ ᠪᠠ ᠮᠡᠳᠡᠭᠡ ᠵᠠᠩᠬᠢᠵᠢᠯᠳᠡ ᠶᠢᠨ ᠨᠠᠶᠢᠯᠡᠭᠦᠷ ᠪᠤᠯᠪᠠ᠃
       ᠮᠡᠳᠡᠭᠡ ᠵᠠᠩᠬᠢ ᠶᠢᠨ ᠮᠡᠷᠭᠡᠵᠢᠯ ᠢ ᠭᠡᠷᠡᠭᠯᠡᠵᠦ᠂ ᠮᠠᠰᠢ ᠤᠯᠠᠨ ᠠᠶᠠᠨᠳᠠᠭᠠᠨ ᠵᠢᠯᠤᠭᠤᠳᠬᠤ ᠰᠤᠮᠤ ᠪᠠ ᠲᠡᠯᠪᠡᠴᠡᠭᠦ ᠪᠦᠮᠪᠦᠭᠡ ᠶᠢ ᠵᠤᠬᠢᠶᠠᠵᠤ᠂ ᠠᠭᠤᠷ ᠠᠮᠢᠰᠬᠤᠯ᠂ ᠡᠳᠦᠷ ᠰᠦᠨᠢ᠂ ᠬᠤᠯᠠ ᠤᠢᠢᠷ᠎ᠠ ᠶᠢ ᠢᠯᠭᠠᠯ ᠦᠭᠡᠢ ᠬᠠᠷᠪᠤᠬᠰᠠᠨ ᠵᠦᠭ ᠲᠤ ᠤᠨᠤᠵᠤ᠂ ᠠᠯᠠᠵᠤ ᠰᠢᠷᠬᠠᠳᠠᠭᠤᠯᠬᠤ ᠬᠦᠴᠦᠨ ᠢᠶᠠᠷ ᠮᠠᠰᠢ ᠴᠢᠩᠭ᠎ᠠ ᠵᠡᠪᠰᠡᠭ ᠪᠤᠯᠪᠠ᠃
       ᠨᠢᠰᠭᠡᠯ᠂ ᠲᠡᠩᠺ᠂ ᠬᠦᠯᠭᠡ ᠤᠡᠭᠭᠤᠴᠠᠨ ᠳᠤ ᠡᠯᠧᠺᠲᠷᠤᠨ ᠲᠤᠨᠤᠬᠯᠠᠯ ᠢ ᠶᠡᠭᠡ ᠭᠡᠮᠵᠢᠶ᠎ᠡ ᠪᠠᠷ ᠭᠡᠷᠡᠭᠯᠡᠵᠦ᠂ ᠲᠡᠳᠡᠭᠡᠷ ᠢ ᠨᠡᠩ ᠴᠢᠩᠭ᠎ᠠ ᠬᠠᠶᠢᠨ ᠭᠡᠮᠵᠢᠭᠦ᠂ ᠢᠯᠭᠠᠨ ᠲᠠᠨᠢᠬᠤ᠂ ᠴᠤᠬᠢᠬᠤ ᠵᠠᠶᠢᠯᠠᠬᠤ᠂ ᠲᠤᠬᠳᠠᠬᠤ ᠲᠠᠯᠳᠠᠯᠠᠬᠤ ᠬᠦᠴᠦᠨ ᠲᠠᠢ ᠪᠤᠯᠭᠠᠪᠠ᠃ ᠡᠨᠡ ᠪᠤᠯ ᠬᠤᠵᠢᠮ ᠤᠨ ᠺᠤᠮᠫᠢᠦ᠋ᠲ᠋ᠧᠷ᠂ ᠪᠠᠴᠢᠯ ᠡᠯᠧᠺᠲᠷᠤᠨ ᠮᠡᠷᠭᠡᠵᠢᠯ ᠤᠨ ᠲᠠᠶᠢᠨ ᠤ ᠭᠤᠤᠯ ᠪᠠᠶᠢᠯᠳᠤᠬᠤ ᠬᠦᠴᠦᠨ ᠪᠤᠯᠤᠨ᠎ᠠ᠃
       ᠤᠳᠤ ᠦᠶ᠎ᠡ ᠶᠢᠨ ᠡᠯᠧᠺᠲᠷᠤᠨ ᠲᠠᠶᠢᠨ ᠤ ᠰᠢᠰᠲ᠋ᠧᠮ ᠳᠤ ᠪᠢᠴᠢᠯ ᠡᠯᠧᠺᠲᠷᠤᠨ᠂ ᠺᠤᠮᠫᠢᠦ᠋ᠲ᠋ᠧᠷ᠂ ᠭᠡᠷᠡᠯ ᠡᠯᠧᠺᠲᠷᠤᠨ ᠵᠡᠷᠭᠡ ᠮᠡᠷᠭᠡᠵᠢᠯ ᠢ ᠭᠡᠷᠡᠭᠯᠡᠵᠦ᠂ ᠵᠡᠪᠰᠡᠭ ᠲᠤᠨᠤᠬᠯᠠᠯ ᠤᠨ ᠤᠯᠠᠨ ᠭᠡᠷᠡᠭᠴᠡᠭᠡᠳᠦ᠂ ᠶᠡᠭᠡ ᠴᠢᠳᠠᠪᠤᠷᠢᠳᠤ᠂ ᠵᠢᠵᠢᠭ ᠭᠡᠯᠪᠡᠷᠢᠳᠦ᠂ ᠶᠡᠭᠡ ᠬᠦᠳᠡᠯᠦᠩᠭᠦᠢ ᠴᠢᠨᠠᠷ ᠪᠠ ᠶᠡᠭᠡ ᠰᠦᠢᠷᠡᠭᠦᠯᠭᠦ ᠬᠦᠴᠦᠨ ᠲᠠᠢ ᠪᠤᠯᠬᠤ ᠶᠢ ᠪᠡᠶᠡᠯᠡᠭᠦᠯᠭᠦ ᠶᠢᠨ ᠲᠦᠯᠦᠭᠡ᠂ ᠡᠯ᠎ᠡ ᠤᠯᠤᠰ ᠤᠨ ᠬᠢᠨ ᠡᠯᠧᠺᠲᠷᠤᠨ ᠵᠡᠪᠰᠡᠭ ᠢ ᠶᠡᠭᠡ ᠭᠡᠮᠵᠢᠶ᠎ᠡ ᠪᠠᠷ ᠦᠢᠯᠡᠳᠪᠦᠷᠢᠯᠡᠵᠦ ᠪᠠᠶᠢᠨ᠎ᠠ᠃
       ᠺᠤᠮᠫᠢᠦ᠋ᠲ᠋ᠧᠷ ᠢᠶᠠᠷ ᠭᠤᠤᠯ ᠪᠤᠯᠭᠠᠨ ᠵᠡᠪᠰᠡᠭᠯᠡᠭᠰᠡᠨ ᠵᠢᠯᠤᠭᠤᠳᠤᠯᠭ᠎ᠠ ᠶᠢᠨ ᠠᠦ᠋ᠲ᠋ᠤ᠋ ᠰᠢᠰᠲ᠋ᠧᠮ ᠨᠢ ᠴᠡᠷᠢᠭ ᠠᠩᠬᠢ ᠶᠢᠨ ᠪᠠᠶᠢᠯᠳᠤᠭᠠᠨ ᠤ ᠵᠢᠯᠤᠭᠤᠳᠤᠯᠭ᠎ᠠ᠂ ᠡᠵᠡᠮᠰᠢᠯ᠂ ᠬᠤᠯᠪᠤᠭ᠎ᠠ ᠠᠪᠬᠤ᠂ ᠮᠡᠳᠡᠭᠡ ᠴᠢᠮᠡᠭᠡ ᠤᠯᠬᠤ ᠶᠠᠪᠤᠳᠠᠯ ᠢ ᠨᠢᠭᠡ ᠯᠡ ᠴᠤᠬᠴᠠᠰ ᠪᠤᠯᠭᠠᠵᠤ᠂ ᠴᠡᠷᠢᠭ ᠤᠨ ᠲᠠᠶᠢᠴᠢᠨ ᠬᠦᠴᠦᠨ ᠢ ᠶᠡᠭᠡᠪᠡᠷ ᠲᠡᠭᠡᠭᠰᠢᠯᠡᠭᠦᠯᠪᠡ᠃ ᠲᠡᠭᠦᠨᠴᠢᠯᠡᠨ ᠮᠡᠳᠡᠭᠡ ᠵᠠᠩᠬᠢ ᠶᠢᠨ ᠮᠡᠷᠭᠡᠵᠢᠯ ᠨᠢ ᠴᠡᠷᠢᠭ ᠲᠠᠶᠢᠨ ᠤ ᠡᠯ᠎ᠡ ᠬᠦᠷᠢᠶᠡᠨ ᠳᠤ ᠨᠠᠪᠳᠡᠷᠡᠨ ᠤᠷᠤᠵᠤ᠂ ᠬᠤᠵᠢᠮ ᠭᠡᠨ ᠤ ᠡᠵᠡᠮᠰᠢᠭᠰᠡᠨ ᠮᠡᠳᠡᠭᠡ ᠵᠠᠩᠬᠢ ᠶᠢᠨ ᠮᠡᠷᠭᠡᠵᠢᠯ ᠨᠢ ᠲᠠᠪᠠᠭᠤᠯᠢᠬ ᠪᠤᠯ ᠭᠡᠨ ᠲᠠᠶᠢᠨ ᠤ ᠢᠯᠠᠯᠳᠠ ᠶᠢ ᠤᠯᠵᠤ ᠴᠢᠳᠠᠨ᠎ᠠ᠃
       ᠦᠯᠡᠮᠵᠢᠭᠡᠨ ᠨᠠᠷᠢᠨ ᠨᠢᠭᠤᠴᠠ ᠲᠠᠢ ᠮᠡᠳᠡᠭᠡ ᠵᠠᠩᠬᠢ ᠶᠢ ᠡᠵᠡᠮᠰᠢᠭᠦ ᠪᠤᠯ ᠲᠡᠶᠢᠨ ᠤ ᠢᠯᠠᠯᠳᠠ ᠶᠢ ᠤᠯᠬᠤ ᠦᠨᠳᠦᠰᠦᠨ ᠤᠷᠢᠳᠠᠯ ᠨᠦᠭᠦᠴᠡᠯ ᠪᠤᠯᠤᠨ᠎ᠠ᠃ ᠮᠡᠳᠡᠭᠡ ᠵᠠᠩᠬᠢ ᠶᠢᠨ ᠮᠡᠷᠭᠡᠵᠢᠯ ᠪᠠ ᠲᠤᠨᠤᠬᠯᠠᠯ ᠢᠶᠠᠷ ᠰᠠᠨᠰᠠᠷ᠂ ᠲᠠᠯᠠᠭᠡᠢ ᠶᠢᠨ ᠪᠦᠮᠪᠦᠷᠴᠡᠭ ᠢ ᠪᠦᠷᠭᠦᠭᠰᠡᠨ ᠮᠡᠳᠡᠭᠡ ᠬᠤᠯᠪᠤᠭᠠᠨ ᠤ ᠲᠤᠤᠷ ᠢ ᠪᠠᠶᠢᠭᠤᠯᠪᠠᠯ᠂ ᠪᠦᠭᠦ ᠪᠦᠮᠪᠦᠷᠴᠡᠭ ᠤᠨ ᠪᠠᠶᠢᠳᠠᠯ ᠢ ᠲᠠᠩᠨᠠᠨ ᠰᠢᠨᠵᠢᠵᠦ᠂ ᠲᠠᠶᠢᠰᠤᠨ ᠤ ᠬᠦᠳᠡᠯᠦᠯ ᠪᠠᠶᠢᠳᠠᠯ ᠢ ᠴᠠᠬ ᠲᠠᠷᠤᠢ ᠳᠤᠨᠢ ᠤᠨᠤᠪᠴᠢᠳᠠᠢ ᠤᠢᠢᠯᠠᠭᠠᠵᠤ᠂ ᠠᠷᠭᠠᠴᠠᠬᠤ ᠪᠤᠳᠤᠯᠭ᠎ᠠ ᠠᠪᠬᠤ ᠳᠤ ᠪᠠᠳᠤᠳᠠᠢ ᠪᠠᠷᠢᠮᠳᠠᠯᠠᠯ ᠬᠠᠨᠭ᠍ᠭᠠᠵᠤ ᠴᠢᠳᠠᠨ᠎ᠠ᠃
       ᠮᠡᠳᠡᠭᠡ ᠵᠠᠩᠬᠢ ᠶᠢᠨ ᠮᠡᠷᠭᠡᠵᠢᠯ ᠢᠶᠠᠷ ᠭᠤᠤᠯ ᠪᠤᠯᠭᠠᠬᠰᠠᠨ ᠴᠡᠷᠢᠭ ᠲᠠᠶᠢᠨ ᠤ ᠮᠡᠷᠭᠡᠵᠢᠯ ᠤᠨ ᠬᠤᠪᠢᠰᠬᠠᠯ ᠤᠨ ᠬᠦᠨᠵᠡᠭᠡᠶᠢᠷᠡᠨ ᠬᠦᠭᠵᠢᠭᠦ ᠶᠢ ᠲᠠᠭᠠᠯᠳᠤᠨ᠂ ᠡᠯ᠎ᠡ ᠤᠯᠤᠰ ᠤᠨ ᠬᠢᠨ ᠴᠦᠮ ᠮᠡᠳᠡᠭᠡ ᠵᠠᠩᠬᠢ ᠶᠢᠨ ᠮᠡᠷᠭᠡᠵᠢᠯ ᠢᠶᠠᠷ ᠤᠳᠤ ᠪᠠᠶᠢᠭ᠎ᠠ ᠵᠠᠷ ᠵᠡᠪᠰᠡᠭ ᠲᠤᠨᠤᠬᠯᠠᠯ ᠢᠶᠠᠨ ᠦᠭᠡᠷᠡᠴᠢᠯᠡᠵᠦ ᠪᠠᠶᠢᠬᠤ ᠶᠢᠨ ᠬᠠᠮᠳᠤ ᠪᠠᠰᠠ ᠰᠢᠨ᠎ᠡ ᠭᠡᠯᠪᠡᠷᠢ ᠶᠢᠨ ᠮᠡᠳᠡᠭᠡ ᠵᠠᠩᠬᠢ ᠶᠢᠨ ᠲᠠᠶᠢᠨ ᠤ ᠵᠡᠪᠰᠡᠭ ᠢ ᠰᠤᠳᠤᠯᠤᠨ ᠪᠦᠳᠦᠭᠡᠵᠦ᠂ ᠵᠠᠷ ᠵᠠᠪᠰᠡᠭ ᠲᠤᠨᠤᠬᠯᠠᠯ ᠤᠨ ᠮᠧᠬᠠᠨᠢᠬᠵᠢᠯᠳᠠ ᠠᠴᠠ ᠮᠡᠳᠡᠭᠡ ᠵᠠᠩᠬᠢᠵᠢᠯᠳᠠ ᠵᠦᠭ ᠰᠢᠯᠵᠢᠭᠦ ᠶᠠᠪᠤᠴᠠ ᠶᠢ ᠲᠦᠷᠭᠡᠳᠭᠡᠵᠦ᠂ ᠮᠡᠳᠡᠭᠡ ᠵᠠᠩᠬᠢ ᠶᠢᠨ ᠮᠡᠷᠭᠡᠵᠢᠯ ᠢᠶᠠᠷ ︽ᠴᠡᠷᠢᠭ ᠠᠩᠬᠢ ᠶᠢ ᠵᠡᠪᠰᠡᠭᠯᠡᠭᠦ︾ ᠬᠠᠨᠳᠤᠰᠢ ᠤᠯᠠᠮ ᠢᠶᠠᠷ ᠭᠦᠭᠵᠢᠵᠦ ᠪᠠᠶᠢᠨ᠎ᠠ᠃
       ᠮᠡᠳᠡᠭᠡ ᠵᠠᠩᠬᠢ ᠶᠢᠨ ᠮᠡᠷᠭᠡᠵᠢᠯ ᠡᠳᠦᠷ ᠢᠷᠡᠭᠦᠶ᠎ᠡ ᠲᠦᠷᠭᠡᠨ ᠬᠦᠭᠵᠢᠵᠦ ᠯᠠ ᠪᠠᠶᠢᠨ᠎ᠠ᠃ ᠴᠡᠷᠢᠭ ᠲᠠᠶᠢᠨ ᠲᠡᠭᠡᠷ᠎ᠡ ᠮᠡᠳᠡᠭᠡ ᠵᠠᠩᠬᠢ ᠶᠢᠨ ᠮᠡᠷᠭᠡᠵᠢᠯ ᠢ ᠤᠯᠠᠮ ᠦᠷᠭᠡᠨ ᠢᠶᠠᠷ ᠭᠡᠷᠡᠭᠯᠡᠵᠦ ᠯᠠ ᠪᠠᠶᠢᠨ᠎ᠠ᠃ ᠬᠤᠵᠢᠮ ᠤᠨ ᠲᠠᠶᠢᠨ ᠪᠠᠶᠢᠯᠳᠤᠭᠠᠨ ᠤ ᠭᠡᠯᠪᠡᠷᠢ ᠨᠢ ᠯᠠᠪ ᠦᠡᠭᠭᠡᠷᠡᠭᠰᠡᠨ ᠤ ᠫᠤᠤ ᠶᠢᠨ ᠡᠰᠡᠷᠭᠦ ᠫᠤᠤ᠂ ᠰᠡᠯᠡᠮ᠎ᠡ ᠶᠢᠨ ᠡᠰᠡᠷᠭᠦ ᠰᠡᠯᠡᠮ᠎ᠡ ᠶᠢᠨ ᠪᠠᠶᠢᠯᠳᠤᠭᠠᠨ ᠤ ᠭᠡᠯᠪᠡᠷᠢ ᠠᠴᠠ ᠦᠰᠦᠳ ᠦᠭᠡᠷ᠎ᠡ ᠪᠤᠯᠤᠨ᠎ᠠ ᠭᠡᠵᠦ ᠴᠡᠷᠢᠭ ᠲᠠᠶᠢᠨ ᠤ ᠰᠤᠳᠤᠯᠤᠬᠴᠢᠳ ᠦᠷᠭᠡᠨ ᠢᠶᠠᠷ ᠲᠠᠭᠠᠮᠠᠯᠬᠠᠵᠤ ᠪᠠᠶᠢᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ