ᠲᠤᠮᠳᠠᠳᠤ ᠤᠯᠤᠰ ᠤᠨ ︽ᠮᠠᠰᠢᠨ ᠬᠦᠮᠦᠨ ᠡᠮᠴᠢ︾ ᠲᠡᠯᠡᠭᠡᠢ ᠳᠤ ᠲᠡᠷᠢᠭᠦᠯᠡᠵᠦ ᠪᠠᠶᠢᠨ᠎ᠠ
ᠨᠡᠶᠢᠲᠡᠯᠡᠭᠰᠡᠨ ᠴᠠᠭ᠄
2018/11/30

       ᠮᠠᠨ ᠤ ᠤᠯᠤᠰ ᠲᠡᠷᠢᠬᠢᠨ ᠤ ᠭᠠᠳᠠᠷ ᠡᠮᠨᠡᠯᠭᠡ ᠶᠢᠨ ᠮᠡᠰᠡ ᠵᠠᠰᠠᠯ ᠳᠤ ᠭᠡᠷᠡᠭᠯᠡᠭᠦ ᠮᠠᠰᠢᠨ ᠬᠦᠮᠦᠨ ᠢ ᠰᠤᠳᠤᠯᠤᠨ ᠬᠢᠭᠡᠳ ᠠᠮᠵᠢᠯᠳᠠ ᠤᠯᠤᠬᠰᠠᠨ ᠠᠴᠠ ᠨᠠᠰᠢ᠂ 6 ᠰᠠᠷ᠎ᠠ ᠶᠢᠨ 2 ᠤᠨ ᠡᠳᠦᠷ ᠪᠤᠯᠳᠠᠯ᠎ᠠ᠂ ᠫᠷᠦᠹᠧᠰᠰᠤᠷ ᠲᠢᠶᠠᠨ ᠽᠧᠩ ᠮᠢᠨ ᠡᠨᠡᠭᠦ ᠲᠦᠭᠦᠷ ᠰᠢᠰᠲ᠋ᠧᠮ ᠢᠶᠠᠷ ᠲᠠᠯᠠᠢ ᠶᠢᠨ ᠴᠡᠷᠢᠭ ᠤᠨ ᠶᠡᠷᠦᠩᠭᠡᠢ ᠡᠮᠨᠡᠯᠭᠡ ᠶᠢᠨ ᠬᠤᠷᠢᠶᠠᠨ ᠳᠤ 72 ᠡᠪᠡᠳᠴᠢᠳᠡᠨ ᠳᠤ ᠮᠡᠰᠡ ᠵᠠᠰᠠᠯ ᠬᠢᠭᠡᠳ ᠠᠮᠵᠢᠯᠳᠠ ᠤᠯᠤᠬᠰᠠᠨ ᠨᠤᠷᠮ᠎ᠠ ᠨᠢ 100% ᠲᠤ ᠬᠦᠷᠴᠡᠢ᠃ ᠲᠤᠮᠳᠠᠳᠤ ᠤᠯᠤᠰ ᠤᠨ ᠮᠠᠰᠢᠨ ᠬᠦᠮᠦᠨ ᠢᠶᠠᠷ ᠲᠠᠷᠢᠬᠢᠨ ᠤ ᠮᠡᠰᠡ ᠵᠠᠰᠠᠯ ᠢ ᠬᠢᠯᠭᠡᠵᠦ ᠪᠠᠶᠢᠭ᠎ᠠ ᠨᠢ ᠤᠯᠤᠰ ᠤᠨ ᠲᠤᠳᠤᠭᠠᠳᠤ ᠳᠤ ᠠᠩᠬᠠᠳᠠᠬᠴᠢ ᠤᠳᠠᠭ᠎ᠠ ᠪᠤᠯᠬᠤ ᠪᠦᠭᠡᠳ ᠲᠡᠯᠡᠭᠡᠢ ᠲᠡᠭᠡᠷ᠎ᠡ ᠴᠤ ᠰᠤᠨᠤᠰᠳᠠᠭ᠎ᠠ ᠦᠭᠡᠢ ᠶᠤᠮ᠃ ᠡᠨᠡ ᠵᠢᠯ ᠤᠨ 5 ᠰᠠᠷ᠎ᠠ ᠶᠢᠨ 22 ᠤᠨ ᠡᠳᠦᠷ᠂ ᠤᠯᠤᠰ ᠤᠨ ︽863︾ ᠲᠦᠷᠦᠯ ᠵᠦᠢᠯ ᠤᠨ ᠬᠢᠨᠠᠨ ᠲᠤᠬᠳᠠᠭᠠᠯᠳᠠ ᠳᠤ ᠲᠤᠰ ᠮᠡᠷᠭᠡᠵᠢᠯ ᠢ ᠲᠡᠯᠡᠭᠡᠢ ᠶᠢᠨ ᠲᠡᠷᠢᠭᠦᠨ ᠤ ᠬᠢᠷᠢ ᠭᠡᠮᠵᠢᠶᠡᠨ ᠳᠤ ᠬᠦᠷᠴᠡᠢ ᠭᠡᠵᠦ ᠦᠵᠡᠪᠡ᠃
       ᠡᠮᠴᠢ ᠺᠤᠮᠫᠢᠦ᠋ᠲ᠋ᠧᠷ ᠢᠶᠠᠷ ᠮᠠᠰᠢᠨ ᠬᠦᠮᠦᠨ ᠢ ᠵᠢᠯᠤᠭᠤᠳᠴᠤ ᠬᠦᠮᠦᠨ ᠤ ᠪᠡᠶ᠎ᠡ ᠶᠢᠨ ᠬᠠᠮᠤᠬ ᠨᠠᠷᠢᠨ ᠪᠤᠳᠤᠯᠢᠶᠠᠨ ᠲᠠᠢ ᠭᠡᠰᠡᠭ — ᠶᠡᠭᠡ ᠲᠠᠷᠢᠬᠢᠨ ᠳᠤ ᠮᠡᠰᠡ ᠵᠠᠰᠠᠯ ᠬᠢᠭᠦ ᠨᠢ ᠬᠦᠮᠦᠰ ᠤᠨ ᠤᠬᠠᠭᠠᠨ ᠰᠠᠨᠠᠭᠠᠨ ᠳᠤ ᠤᠷᠤᠬᠤ ᠦᠭᠡᠢ ᠶᠠᠪᠤᠳᠠᠯ ᠪᠠᠶᠢᠬᠤ ᠳᠤ᠂ ᠦᠨᠦᠳᠦᠷ ᠬᠠᠷᠢᠨ ᠦᠨᠡᠨ ᠪᠤᠳᠠᠳᠠᠢ ᠭᠡᠷᠡᠭ ᠪᠤᠯᠤᠬᠰᠠᠨ ᠪᠠᠶᠢᠨ᠎ᠠ᠃ 6 ᠰᠠᠷ᠎ᠠ ᠶᠢᠨ 2 ᠤᠨ ᠦᠳᠡ ᠶᠢᠨ ᠡᠮᠦᠨᠡᠬᠢ 11 ᠴᠠᠬ ᠠᠴᠠ ᠦᠳᠡ ᠶᠢᠨ ᠬᠤᠶᠢᠨᠠᠬᠢ 2 ᠴᠠᠭ 20 ᠮᠢᠨᠦ᠋ᠲ ᠬᠦᠷᠳᠡᠯ᠎ᠡ᠂ ᠰᠤᠷᠪᠤᠯᠵᠢᠯᠠᠬᠴᠢ ᠲᠠᠯᠠᠢ ᠶᠢᠨ ᠴᠡᠷᠢᠭ ᠤᠨ ᠶᠡᠷᠦᠩᠭᠡᠢ ᠡᠮᠨᠡᠯᠭᠡ ᠶᠢᠨ ᠬᠤᠷᠢᠶᠠᠨ ᠤ ᠮᠡᠳᠡᠷᠡᠯ ᠤᠨ ᠭᠠᠳᠠᠷ ᠡᠮᠨᠡᠯᠭᠡ ᠶᠢᠨ ᠮᠠᠰᠡ ᠵᠠᠰᠠᠯ ᠬᠢᠭᠦ ᠭᠡᠷ ᠲᠤ ᠫᠷᠦᠹᠧᠰᠰᠤᠷ ᠲᠢᠶᠠᠨ ᠽᠧᠩ ᠮᠢᠨ ᠪᠤᠯᠤᠨ ᠲᠡᠭᠦᠨ ᠤ ᠲᠤᠰᠠᠯᠠᠬᠴᠢ ᠨᠠᠷ ᠲᠤᠮᠳᠠᠳᠤ ᠤᠯᠤᠰ ᠤᠨ ᠮᠠᠰᠢᠨ ᠬᠦᠮᠦᠨ ᠢᠶᠠᠷ ᠲᠡᠷᠢᠬᠢᠨ ᠤ ᠬᠠᠪᠤᠳᠠᠷ ᠪᠠ ᠲᠠᠷᠢᠬᠢᠨ ᠤ ᠤᠭᠤᠳᠠᠳᠤ ᠬᠠᠪᠤᠳᠠᠷ ᠤᠯᠤᠬᠰᠠᠨ 5 ᠡᠪᠡᠳᠴᠢᠳᠡ ᠳᠤ ᠮᠡᠰᠡ ᠵᠠᠰᠠᠯ ᠬᠢᠯᠭᠡᠵᠦ ᠪᠠᠶᠢᠬᠰᠠᠨ ᠢ ᠨᠢᠳᠦ ᠪᠠᠷ ᠢᠶᠠᠨ ᠦᠵᠡᠯ᠎ᠡ᠃ ᠨᠠᠷᠢᠨ ᠪᠤᠳᠤᠯᠢᠶᠠᠨᠳᠠᠢ ᠪᠤᠳᠤᠬᠳᠠᠵᠤ ᠪᠠᠶᠢᠬᠰᠠᠨ ᠶᠠᠪᠤᠳᠠᠯ ᠢ ᠡᠶᠢᠮᠦᠷᠭᠦ ᠲᠦᠭᠦᠮᠭᠡᠨ ᠢᠶᠠᠷ ᠬᠢᠭᠰᠡᠨ ᠨᠢ ᠦᠨᠡᠭᠡᠷ ᠬᠦᠮᠦᠰ ᠢ ᠰᠡᠳᠬᠢᠭᠦᠶ᠎ᠡ ᠪᠡᠷᠭᠡ ᠪᠤᠯᠭᠠᠵᠠᠢ᠃ ᠬᠠᠮᠤᠬ ᠤᠷᠢᠳᠠᠪᠠᠷ ᠲᠤᠯᠤᠭᠠᠢ ᠲᠡᠭᠡᠷ᠎ᠡ ᠪᠠᠨ ︽ᠨᠠᠷᠢᠨ ᠤᠷᠠᠯᠢᠬ︾ ᠭᠡᠮᠡᠭᠦ ᠲᠡᠮᠳᠡᠭ ᠨᠠᠭᠠᠬᠰᠠᠨ 4 ᠡᠪᠡᠳᠴᠢᠳᠡᠨ ᠮᠡᠰᠡ ᠵᠠᠰᠠᠯ ᠤᠨ ᠭᠡᠷ ᠲᠤ ᠤᠷᠤᠵᠤ ᠢᠷᠡᠭᠰᠡᠨ ᠳᠤ ᠪᠤᠳᠤᠯᠭ᠎ᠠ ᠶᠢᠨ ᠮᠠᠰᠢᠨ ᠲᠡᠰ ᠲᠠᠷᠠᠭᠠᠯᠠᠯ ᠢᠶᠠᠷ ᠠᠵᠢᠯᠯᠠᠵᠤ ᠡᠬᠢᠯᠡᠵᠡᠢ᠃ ᠨᠢᠭᠡᠳᠦᠭᠡᠷ ᠲᠤ ᠤᠷᠤᠨ ᠪᠠᠶᠢᠷᠢ ᠶᠢ ᠲᠤᠬᠳᠠᠭᠠᠪᠠ᠄ ᠡᠮᠴᠢ ᠠᠴᠠ ᠡᠪᠡᠳᠴᠢᠳᠡᠨ ᠤ CT ᠵᠢᠷᠤᠬ ᠲᠦᠷᠰᠦ ᠶᠢ ᠰᠢᠷᠪᠢᠭᠦ ᠪᠠᠷ ᠲᠠᠮᠵᠢᠵᠦ ᠪᠤᠳᠤᠯᠭ᠎ᠠ ᠶᠢᠨ ᠮᠠᠰᠢᠨ ᠳᠤ ᠤᠷᠤᠭᠤᠯᠬᠤ ᠳᠤ᠂ ᠲᠡᠯᠭᠡᠴᠡ ᠲᠡᠭᠡᠷ᠎ᠡ ᠡᠪᠡᠳᠴᠢᠳᠡᠨ ᠤ ᠭᠡᠮ ᠲᠠᠢ ᠭᠠᠵᠠᠷ ᠤᠨ ᠭᠤᠷᠪᠠᠨ ᠭᠡᠮᠵᠢᠯᠳᠦ ᠵᠢᠷᠤᠬ ᠲᠦᠷᠰᠦ ᠢᠯᠡᠷᠡᠪᠡ︔ ᠬᠤᠶᠠᠳᠤᠭᠠᠷ ᠲᠤ ᠪᠠᠷᠢᠮᠵᠢᠶ᠎ᠠ ᠲᠤᠬᠳᠠᠭᠠᠪᠠ᠄ ᠲᠢᠶᠠᠨ ᠫᠷᠤᠹᠧᠰᠰᠤᠷ ᠪᠤᠳᠤᠯᠭ᠎ᠠ ᠶᠢᠨ ᠮᠠᠰᠢᠨ ᠲᠡᠭᠡᠷ᠎ᠡ ᠲᠠᠭᠤᠷᠢᠶᠠᠨ ᠠᠵᠢᠯᠯᠠᠵᠤ᠂ ᠭᠡᠮ ᠲᠠᠢ ᠭᠠᠵᠠᠷ᠂ ᠮᠡᠰᠡ ᠵᠠᠰᠠᠯ ᠬᠢᠭᠦ ᠲᠦᠰᠦᠯ᠂ ᠤᠷᠤᠨ ᠵᠠᠢ ᠶᠢ ᠲᠤᠬᠳᠠᠭᠠᠵᠤ᠂ ᠮᠠᠰᠢᠨ ᠬᠦᠮᠦᠨ ᠬᠢᠭᠡᠳ ᠲᠠᠭᠤᠷᠢᠶᠠᠮᠠᠯ ᠤᠷᠤᠨ ᠵᠠᠢ ᠶᠢ ᠵᠤᠬᠢᠴᠠᠭᠤᠯᠪᠠ︔ ᠭᠤᠷᠪᠠᠳᠤᠭᠠᠷ ᠲᠤ ᠮᠡᠰᠡ ᠵᠠᠰᠠᠯ ᠬᠢᠵᠦ ᠡᠬᠢᠯᠡᠪᠡ᠄ ᠪᠤᠳᠤᠯᠭ᠎ᠠ ᠶᠢᠨ ᠮᠠᠰᠢᠨ ᠬᠦᠮᠦᠨ ᠤ ᠤᠶᠤᠨ ᠴᠢᠳᠠᠪᠤᠷᠢᠳᠤ ᠮᠧᠬᠠᠨᠢᠬ ᠭᠠᠷ ᠢ ︽ᠵᠢᠯᠤᠭᠤᠳᠴᠤ︾ ᠪᠠᠶᠢᠭᠠᠳ ᠲᠠᠷᠢᠬᠢᠨ ᠤ ᠬᠠᠪᠤᠳᠠᠷ ᠲᠠᠢ ᠭᠠᠵᠠᠷ ᠢ ᠤᠨᠤᠪᠴᠢᠳᠠᠢ ᠤᠯᠤᠬᠰᠠᠨ ᠤ ᠲᠠᠷᠠᠭ᠎ᠠ᠂ ᠬᠠᠳᠬᠤᠭᠤᠷ ᠢᠶᠠᠨ ᠬᠠᠳᠬᠤᠵᠤ ᠤᠷᠤᠭᠤᠯᠤᠬᠰᠠᠨ ᠳᠤ ᠡᠮᠴᠢ ᠲᠠᠷᠢᠯᠭ᠎ᠠ ᠶᠢᠨ ᠭᠡᠷᠡᠭᠰᠡᠯ ᠢᠶᠠᠷ ᠢᠳᠡᠭᠡ ᠰᠢᠭᠦᠰᠦ ᠶᠢ ᠨᠢ ᠰᠤᠷᠤᠨ ᠭᠠᠷᠭᠠᠵᠤ ᠰᠢᠩᠭᠡᠨ ᠡᠮ ᠲᠠᠷᠢᠵᠤ ᠤᠷᠤᠭᠤᠯᠪᠠ᠃ ᠢᠡᠭᠭᠢᠭᠡᠳ ᠮᠡᠰᠡ ᠵᠠᠰᠠᠯ ᠢ ᠬᠢᠵᠦ ᠲᠠᠭᠤᠰᠤᠬᠰᠠᠨ ᠲᠤᠯᠠ ᠵᠠᠷᠢᠮ ᠨᠢ 20 ᠮᠢᠨᠦ᠋ᠲ ᠶᠠᠪᠤᠬᠳᠠᠵᠤ᠂ ᠨᠠᠷᠢᠨ ᠪᠤᠳᠤᠯᠢᠶᠠᠨᠳᠠᠢ ᠨᠢ ᠴᠤ 40 ᠮᠢᠨᠦ᠋ᠲ ᠠᠴᠠ ᠭᠡᠳᠦᠷᠡᠭᠰᠡᠨ ᠦᠭᠡᠢ᠃ ᠮᠡᠰᠡ ᠵᠠᠰᠠᠯ ᠬᠢᠭᠦ ᠶᠠᠪᠤᠴᠠ ᠳᠤ ᠡᠪᠡᠳᠴᠢᠳᠡᠨ ᠤ ᠲᠤᠯᠤᠭᠠᠢ ᠶᠢ ᠶᠠᠮᠠᠷᠴᠤ ᠤᠨᠴᠠᠭᠠᠢ ᠪᠠᠭᠠᠵᠢ ᠭᠡᠷᠡᠭᠰᠡᠯ ᠢᠶᠠᠷ ᠲᠤᠬᠳᠠᠪᠤᠷᠵᠢᠭᠤᠯᠵᠤ ᠲᠠᠯᠪᠢᠬᠰᠠᠨ ᠦᠭᠡᠢ ᠪᠦᠭᠡᠳ ᠲᠠᠷᠢᠬᠢ ᠲᠤᠯᠤᠭᠠᠢ ᠨᠢ ᠮᠦᠨ ᠰᠡᠷᠭᠡᠭ ᠢᠶᠠᠷ ᠪᠠᠶᠢᠵᠤ ᠡᠮᠴᠢ ᠲᠠᠢ ᠬᠠᠶᠠ ᠪᠠᠶᠢᠳᠠᠯ ᠢᠶᠠᠨ ᠰᠤᠯᠢᠯᠴᠠᠵᠤ ᠪᠠᠶᠢᠯ᠎ᠠ᠃ ᠨᠢᠭᠡᠳᠦᠭᠡᠷ ᠮᠡᠰᠡ ᠵᠠᠰᠠᠯ ᠤᠨ ᠲᠠᠶᠢᠰᠠᠨ ᠲᠡᠬᠡᠷᠡᠭᠢ ᠬᠦᠸᠧ ᠰᠦ᠋ ᠴᠢᠨ ᠭᠦᠭᠰᠢᠨ ᠤ ᠲᠠᠷᠢᠬᠢᠨ ᠤ ᠵᠤᠯᠠᠢ ᠶᠢᠨ ᠭᠡᠰᠡᠭ ᠤᠨ ᠵᠡᠭᠦᠨ ᠲᠠᠯ᠎ᠠ ᠳᠤᠨᠢ ᠴᠠᠪᠠᠤᠯᠢᠬ ᠪᠡᠳᠡᠬᠢ ᠤᠷᠭᠤᠬᠰᠠᠨ ᠠᠴᠠ ᠮᠡᠳᠡᠷᠡᠯ ᠢ ᠨᠢ ᠲᠠᠷᠤᠵᠤ ᠪᠠᠷᠠᠭᠤᠨ ᠲᠠᠯ᠎ᠠ ᠪᠡᠶ᠎ᠡ ᠨᠢ ᠲᠠᠮᠪᠠᠷᠠᠪᠠ᠃ ᠲᠡᠷᠡ ᠮᠡᠰᠡ ᠵᠠᠰᠠᠯ ᠤᠨ ᠲᠠᠶᠢᠰᠠᠨ ᠠᠴᠠ ᠪᠠᠭᠤᠵᠤ ᠢᠷᠡᠭᠦ ᠦᠶ᠎ᠡ ᠳᠤ᠂ ᠪᠠᠷᠠᠭᠤᠨ ᠭᠠᠷ ᠬᠦᠯ ᠢᠶᠠᠨ ᠵᠢᠭᠠᠬᠠᠨ ᠬᠦᠳᠡᠯᠭᠡᠵᠦ ᠲᠡᠶᠢᠯᠭᠦ ᠪᠤᠯᠵᠠᠢ᠃ ᠴᠢᠮᠠᠷᠬᠠᠢ ᠶᠢᠨ ᠭᠡᠰᠡᠭ ᠲᠤᠨᠢ ᠤᠭᠤᠳᠠᠳᠤ ᠬᠠᠪᠤᠳᠠᠷ ᠲᠠᠢ ᠪᠤᠯᠤᠬᠰᠠᠨ ᠢᠤᠢ ᠶᠦᠩ ᠱᠦᠨ ᠡᠨᠡ ᠬᠦ ᠮᠡᠰᠡ ᠵᠠᠰᠠᠯ ᠨᠢ ᠦᠴᠦᠭᠡᠨ ᠴᠤ ᠵᠤᠪᠠᠭᠤᠷᠢ ᠦᠭᠡᠢ ᠪᠠᠶᠢᠬᠤ ᠶᠢ ᠰᠠᠨᠠᠵᠤ ᠤᠯᠤᠬᠰᠠᠨ ᠦᠭᠡᠢ ᠲᠤᠯᠠ ᠮᠡᠰᠡ ᠵᠠᠰᠠᠯ ᠤᠨ ᠲᠠᠶᠢᠰᠠᠨ ᠠᠴᠠ ᠪᠠᠭᠤᠮᠠᠬᠴᠠ ᠭᠤᠭᠤᠵᠢᠭᠤᠯᠬᠤ ᠤᠭᠤᠳᠠ ᠪᠠᠨ ᠲᠡᠭᠦᠵᠢᠯᠡᠭᠡᠳ ᠲᠢᠶᠠᠨ ᠡᠮᠴᠢ ᠳᠤ ᠲᠤᠩ ᠲᠠᠯᠠᠷᠬᠠᠵᠠᠢ᠃
       ᠮᠡᠰᠡ ᠵᠠᠰᠠᠯ ᠤᠨ ᠲᠠᠷᠠᠭ᠎ᠠ ᠫᠷᠤᠹᠧᠰᠰᠤᠷ ᠲᠢᠶᠠᠨ ᠽᠧᠩ ᠮᠢᠨ ᠰᠤᠷᠪᠤᠯᠵᠢᠯᠠᠬᠴᠢ ᠵᠨ ᠰᠤᠷᠪᠤᠯᠵᠢᠯᠠᠭ᠎ᠠ ᠶᠢ ᠬᠦᠯᠢᠶᠡᠵᠡᠢ᠃ ᠲᠡᠭᠦᠨ ᠤ ᠭᠡᠯᠡᠭᠦ᠂ ᠪᠠᠷ 6 ᠰᠠᠷ᠎ᠠ ᠶᠢᠨ 2 ᠤᠨ ᠡᠳᠦᠷ ᠬᠦᠷᠳᠡᠯ᠎ᠡ ᠲᠠᠯᠠᠢ ᠶᠢᠨ ᠴᠡᠷᠢᠭ ᠤᠨ ᠶᠡᠷᠦᠩᠭᠡᠢ ᠡᠮᠨᠡᠯᠭᠡ ᠶᠢᠨ ᠬᠤᠷᠢᠶᠠᠨ ᠳᠤ ᠲᠤᠮᠳᠠᠳᠤ ᠤᠯᠤᠰ ᠤᠨ ᠮᠠᠰᠢᠨ ᠬᠦᠮᠦᠨ ᠢᠶᠠᠷ 72 ᠡᠪᠡᠳᠴᠢᠳᠡᠨ ᠳᠤ ᠲᠠᠷᠢᠬᠢᠨ ᠤ ᠮᠡᠰᠡ ᠵᠠᠰᠠᠯ ᠬᠢᠭᠡᠳ ᠠᠮᠵᠢᠯᠳᠠ ᠤᠯᠤᠬᠰᠠᠨ ᠨᠤᠷᠮ᠎ᠠ ᠨᠢ 100% ᠲᠤ ᠬᠦᠷᠴᠡᠢ᠃ ᠲᠤᠮᠳᠠᠳᠤ ᠤᠯᠤᠰ ᠤᠨ ᠮᠠᠰᠢᠨ ᠬᠦᠮᠦᠨ ᠢᠶᠠᠷ ᠲᠠᠷᠢᠬᠢᠨ ᠤ ᠮᠡᠰᠡ ᠵᠠᠰᠠᠯ ᠢ ᠬᠢᠯᠭᠡᠭᠦ ᠨᠢ ᠰᠢᠷᠬ᠎ᠠ ᠰᠤᠷᠪᠢ ᠨᠢ ᠪᠠᠭ᠎ᠠ ᠮᠦᠷᠳᠡᠭᠡᠨ ᠴᠠᠬ ᠨᠢ ᠤᠬᠤᠷ ᠶᠤᠮ᠃ ᠮᠡᠳᠡᠷᠡᠯ ᠤᠨ ᠭᠠᠳᠠᠷ ᠡᠮᠨᠡᠯᠭᠡ ᠶᠢᠨ ᠤᠯᠠᠮᠵᠢᠯᠠᠯᠳᠤ ᠮᠡᠰᠡ ᠵᠠᠰᠠᠯ ᠲᠠᠷᠢᠬᠢᠨ ᠤ ᠭᠡᠰᠡᠭ ᠤᠨ ᠪᠡᠳᠡᠬᠢᠳᠦ ᠬᠠᠪᠤᠳᠠᠷ ᠪᠤᠯᠤᠨ ᠤᠭᠤᠳᠠᠳᠤ ᠬᠠᠪᠤᠳᠠᠷ ᠢ ᠡᠮᠨᠡᠨ ᠵᠠᠰᠠᠬᠤ ᠳᠤ ᠭᠠᠪᠠᠯᠠ ᠶᠢ ᠨᠢ ᠨᠡᠭᠡᠭᠡᠵᠦ ᠬᠠᠪᠤᠳᠠᠷ ᠢ ᠠᠪᠬᠤ ᠲᠤᠯᠠ ᠡᠪᠡᠳᠴᠢᠳᠡᠨ ᠭᠡᠴᠡᠭᠦᠦ ᠵᠤᠪᠠᠳᠠᠬ ᠮᠦᠷᠳᠡᠭᠡᠨ ᠦᠷ᠎ᠡ ᠳ᠋ᠦᠩ ᠨᠢ ᠴᠤ ᠠᠨᠠᠢ ᠶᠤᠮ᠃ ᠬᠠᠮᠤᠬ ᠭᠠᠶᠢᠬᠠᠯᠳᠠᠢ ᠨᠢ ᠮᠡᠰᠡ ᠵᠠᠰᠠᠯ ᠢ ᠲᠤᠮᠳᠠᠳᠤ ᠤᠯᠤᠰ ᠤᠨ ᠮᠠᠰᠢᠨ ᠬᠦᠮᠦᠨ ᠢᠶᠠᠷ ᠬᠢᠯᠭᠡᠪᠡᠯ ᠲᠠᠷᠢᠬᠢᠨ ᠤ ᠭᠡᠰᠡᠭ ᠲᠤ ᠨᠤᠭᠤᠭᠠᠨ ᠪᠤᠷᠴᠠᠬ ᠤᠨ ᠬᠢᠷᠢ ᠯᠠ ᠨᠦᠭᠡ ᠴᠤᠭᠤᠯᠳᠠᠬ᠃ ᠭᠠᠪᠠᠯᠠ ᠶᠢ ᠨᠡᠭᠡᠭᠡᠭᠦ ᠤᠯᠠᠮᠵᠢᠯᠠᠯᠳᠤ ᠮᠡᠰᠡ ᠵᠠᠰᠠᠯ ᠨᠢ ᠡᠩ ᠤᠨ ᠪᠠᠶᠢᠳᠠᠯ ᠳᠤ ᠲᠦᠷᠪᠡ ᠲᠠᠪᠤ ᠴᠠᠬ ᠭᠡᠷᠡᠭᠰᠡᠭᠦ ᠳᠤ᠂ ᠲᠤᠮᠳᠠᠳᠤ ᠤᠯᠤᠰ ᠤᠨ ᠮᠠᠰᠢᠨ ᠬᠦᠮᠦᠨ ᠤ ᠬᠢᠭᠦ ᠮᠡᠰᠡ ᠵᠠᠰᠠᠯ ᠨᠢ ᠰᠠᠶ᠋ᠢ 30 ᠮᠢᠨᠦ᠋ᠲ ᠤᠷᠴᠢᠮ ᠭᠡᠷᠡᠭᠯᠡᠳᠡᠭ᠃ ᠢᠡᠭᠬᠢᠵᠦ ᠬᠢᠭᠦ ᠨᠢ᠂ ᠡᠪᠡᠳᠴᠢᠳᠡᠨ ᠤᠯᠠᠮᠵᠢᠯᠠᠯᠳᠤ ᠮᠡᠰᠡ ᠵᠠᠰᠠᠯ ᠬᠢᠭᠦ ᠵᠠᠷᠤᠳᠠᠯ ᠤᠨ 1 2 ᠠᠴᠠ 1 3 ᠶᠢ ᠯᠠ ᠵᠠᠷᠤᠨ᠎ᠠ᠃ ᠮᠠᠰᠢᠨ ᠬᠦᠮᠦᠨ ᠤ ︽ᠤᠶᠤᠨ ᠤᠬᠠᠭᠠᠨ︾ ᠪᠠ ︽ᠬᠦᠳᠡᠯᠮᠦᠷᠢ ᠬᠦᠴᠦ︾ ᠶᠢ ᠠᠰᠢᠬᠯᠠᠬᠤ ᠪᠤᠯᠤᠬᠰᠠᠨ ᠠᠴᠠ ᠮᠡᠰᠡ ᠵᠠᠰᠠᠯ ᠬᠢᠭᠦ ᠡᠮᠴᠢ ᠳᠤ ᠲᠦᠭᠦᠮ ᠪᠤᠯᠵᠤ᠂ ᠪᠠᠴᠢᠮ ᠪᠠᠶᠢᠳᠠᠯ ᠪᠠ ᠬᠦᠳᠡᠯᠮᠦᠷᠢ ᠬᠦᠴᠦ ᠶᠢ ᠶᠡᠭᠡᠪᠡᠷ ᠪᠠᠭᠤᠷᠠᠭᠤᠯᠪᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ