ᠮᠠᠨ ᠤ ᠤᠯᠤᠰ ᠤᠨ ︽ᠬᠤᠪᠢᠯᠭᠠᠨ ᠰᠦᠷ︾ ᠨᠠᠷᠠᠮᠵᠢᠳᠤ ᠺᠣᠮᠫᠢᠦ᠋ᠲ᠋ᠧᠷ ᠤᠨ ᠰᠢᠰᠲ᠋ᠧᠮ
ᠨᠡᠶᠢᠲᠡᠯᠡᠭᠰᠡᠨ ᠴᠠᠭ᠄
2018/11/30

       ᠨᠢᠳᠤᠨᠤᠨ ᠮᠠᠨ ᠤ ᠤᠯᠤᠰ ︽ᠲᠡᠭᠷᠢ ᠭᠠᠵᠠᠷ ᠢ ᠲᠤᠩᠰᠤᠯᠭᠠᠬᠰᠠᠨ︾ ᠬᠤᠶᠠᠷ ᠲᠤᠮᠤ ᠶᠡᠭᠡ ᠤᠷᠦ᠋ᠢᠯᠠᠬᠰᠠᠨ ᠰᠢᠨᠵᠢᠯᠡᠭᠦ ᠤᠬᠠᠭᠠᠨ ᠤ ᠦᠷ᠎ᠡ ᠪᠦᠳᠦᠭᠡᠯ ᠤᠯᠵᠠᠢ᠃
       ᠨᠢᠭᠡ ᠨᠢ ᠬᠦᠮᠦᠨ ᠠᠴᠢᠶᠠᠯᠠᠬᠤ ᠬᠦᠯᠭᠡ ᠤᠡᠭᠭᠤᠴᠠ ᠶᠢ ᠬᠠᠷᠪᠤᠨ ᠭᠠᠷᠭᠠᠭᠠᠳ ᠡᠳᠦᠷ ᠰᠦᠨᠢ ᠶᠢᠨ ᠬᠤᠭᠤᠷᠤᠨᠳᠤ ᠲᠡᠯᠡᠭᠡᠢ ᠶᠢᠨ ᠪᠦᠮᠪᠦᠷᠴᠡᠭ ᠢ 21 ᠤᠳᠠᠭ᠎ᠠ ᠡᠷᠬᠢᠭᠡᠳ ᠠᠮᠤᠷ ᠮᠠᠨᠳᠤ ᠪᠠᠷ ᠭᠠᠵᠠᠷ ᠲᠡᠭᠡᠷ᠎ᠡ ᠪᠠᠨ ᠪᠤᠴᠠᠵᠤ ᠢᠷᠡᠪᠡ᠃ ᠡᠨᠡ ᠬᠦᠯᠭᠡ ᠤᠡᠭᠭᠤᠴᠠᠨ ᠳᠤ ᠵᠢᠶᠠᠩ ᠽᠧ ᠮᠢᠨ ᠨᠦᠭᠦᠷ ︽ᠬᠤᠪᠢᠯᠭᠠᠨ ᠤᠡᠭᠭᠤᠴᠠ︾ ︵神舟︶ ᠭᠡᠮᠡᠭᠦ ᠨᠡᠷ᠎ᠡ ᠦᠭᠴᠡᠢ᠃ ᠡᠨᠡ ᠪᠤᠯ ︽ᠲᠡᠭᠷᠢ ᠶᠢ ᠲᠤᠩᠰᠤᠯᠭᠠᠬᠰᠠᠨ︾ ᠦᠷ᠎ᠡ ᠪᠦᠳᠦᠭᠡᠯ ᠮᠦᠨ᠃ ᠨᠦᠭᠦᠭᠡ ᠨᠢᠭᠡ ᠨᠢ ᠨᠢᠳᠤᠨᠤᠨ ᠤ 9 ᠰᠠᠷ᠎ᠠ ᠳᠤ᠂ ᠮᠠᠨ ᠤ ᠤᠯᠤᠰ ᠲᠡᠭᠡᠳᠦ ᠴᠢᠨᠠᠷ ᠴᠢᠳᠠᠯᠳᠤ  ᠺᠣᠮᠫᠢᠦ᠋ᠲ᠋ᠧᠷ  ᠤᠨ ᠰᠢᠰᠲ᠋ᠧᠮ ᠢ ᠡᠭᠦᠳᠦᠨ ᠪᠦᠳᠦᠭᠡᠵᠦ᠂ ᠤᠯᠤᠰ ᠤᠨ ᠴᠠᠬ ᠠᠭᠤᠷ ᠤᠨ ᠲᠦᠪ ᠲᠤ ᠤᠬᠰᠠᠷᠠᠭᠤᠯᠤᠨ ᠠᠵᠢᠯᠯᠠᠭᠤᠯᠵᠠᠢ᠃ ᠡᠨᠡ ᠬᠦ ᠺᠤᠮᠫᠢᠦ᠋ᠲᠷ ᠤᠨ ᠰᠢᠰᠲ᠋ᠧᠮ ᠤᠨ ᠬᠠᠮᠤᠬ ᠲᠦᠷᠭᠡᠨ ᠪᠤᠳᠤᠯᠳᠠ ᠨᠢ ᠰᠧᠺᠦ᠋ᠨᠲ ᠪᠦᠷᠢ ᠳᠤ 3840 ᠳ᠋ᠦᠡᠭᠰᠢᠭᠤᠷ ᠤᠳᠠᠭ᠎ᠠ ᠪᠤᠳᠤᠯᠳᠠ ᠬᠢᠵᠦ ᠴᠢᠳᠠᠨ᠎ᠠ᠃ ᠲᠡᠯᠡᠭᠡᠢ ᠶᠢᠨ ᠲᠡᠷᠢᠭᠦᠨ ᠤ ᠬᠡᠮᠵᠢᠶᠡᠨ ᠳᠤ ᠬᠦᠷᠪᠡ᠃ ᠡᠨᠡ ᠺᠣᠮᠫᠢᠦ᠋ᠲ᠋ᠧᠷ ᠤᠨ ᠰᠢᠰᠲ᠋ᠧᠮ ᠳᠤ ᠵᠢᠶᠠᠩ ᠽᠧ ᠮᠢᠨ ᠨᠦᠭᠦᠷ ︽ᠬᠤᠪᠢᠯᠭᠠᠨ ᠰᠦᠷ︾ ︵神威︶ ᠭᠡᠮᠡᠭᠦ ᠨᠡᠷ᠎ᠡ ᠦᠭᠪᠡ᠃ ᠡᠨᠡ ᠪᠤᠯ ︽ᠭᠠᠵᠠᠷ ᠢ ᠲᠤᠩᠰᠤᠯᠭᠠᠬᠰᠠᠨ︾ ᠦᠷ᠎ᠡ ᠪᠦᠳᠦᠭᠡᠯ ᠪᠤᠯᠤᠨ᠎ᠠ᠃
       ᠲᠤᠯᠤᠭ᠎ᠠ ᠨᠠᠢᠮᠠᠨ ᠵᠢᠯ ᠤᠨ ᠡᠮᠦᠨ᠎ᠡ ᠲᠤᠮᠳᠠᠳᠤ ᠤᠯᠤᠰ ᠰᠧᠺᠦ᠋ᠨᠳ᠋ ᠲᠤ ᠰᠠᠶ᠋ᠢ ᠳ᠋ᠦᠡᠭᠰᠢᠭᠤᠷ ᠤᠳᠠᠭ᠎ᠠ ᠶᠢᠨ ᠪᠤᠳᠤᠯᠳᠠ ᠬᠢᠵᠦ ᠴᠢᠳᠠᠬᠤ ᠺᠤᠮᠫᠢᠦ᠋ᠲ᠋ᠧᠷ ᠬᠢᠵᠦ ᠴᠢᠳᠠᠵᠤ ᠪᠠᠶᠢᠪᠠ᠃ ᠭᠡᠳᠡᠯ᠎ᠡ ᠤᠳᠤ ᠰᠧᠺᠦ᠋ᠨᠳ᠋ ᠲᠤ 3840 ᠳ᠋ᠦᠡᠭᠰᠢᠭᠤᠷ ᠤᠳᠠᠭ᠎ᠠ ᠪᠤᠳᠤᠯᠳᠠ ᠬᠢᠵᠦ ᠴᠢᠳᠠᠬᠤ ᠺᠤᠮᠫᠢᠦ᠋ᠲ᠋ᠧᠷ ᠤᠨ ᠰᠢᠰᠲ᠋ᠧᠮ ᠢ ᠡᠭᠦᠳᠦᠨ ᠭᠠᠷᠭᠠᠪᠠ᠃ ᠡᠶᠢᠮᠦ ᠲᠦᠷᠭᠡᠨ ᠪᠤᠳᠤᠳᠠᠬ ᠺᠤᠮᠫᠢᠦ᠋ᠲ᠋ᠧᠷ ᠢ ᠬᠢᠵᠦ ᠴᠢᠳᠠᠬᠤ ᠤᠯᠤᠰ ᠲᠡᠯᠡᠭᠡᠢ ᠲᠡᠭᠡᠷ᠎ᠡ ᠠᠮᠧᠷᠢᠺᠠ᠂ ᠶᠠᠫᠤᠨ ᠬᠤᠶᠠᠷᠬᠠᠨ ᠤᠯᠤᠰ ᠪᠠᠶᠢᠪᠠ᠃ ᠮᠠᠨ ᠤ ᠤᠯᠤᠰ ᠪᠤᠯ ᠭᠤᠷᠪᠠᠳᠠᠬᠢ ᠤᠯᠤᠰ ᠮᠦᠨ᠃ ᠦᠷᠦᠨᠡᠳᠡᠬᠢᠨ ᠤ ᠤᠯᠤᠰ ᠤᠳ ᠲᠡᠭᠡᠳᠦ ᠴᠢᠨᠠᠷ ᠴᠢᠳᠠᠯᠳᠤ ᠺᠤᠮᠫᠢᠦ᠋ᠲ᠋ᠧᠷ ᠤᠨ ᠮᠡᠷᠭᠡᠵᠢᠯ ᠤᠨ ᠲᠠᠯ᠎ᠠ ᠪᠠᠷ ᠮᠠᠨ ᠤ ᠤᠯᠤᠰ ᠢ ᠬᠢᠵᠠᠭᠠᠷᠯᠠᠵᠤ ᠪᠠᠶᠢᠬᠰᠠᠨ ᠪᠠᠶᠢᠳᠠᠯ ᠢ ᠪᠢᠳᠡ ᠡᠪᠳᠡᠵᠦ ᠴᠢᠳᠠᠪᠠ᠃
       ︽ᠬᠤᠪᠢᠯᠭᠠᠨ ᠰᠦᠷ︾ ᠺᠤᠮᠫᠢᠦ᠋ᠲ᠋ᠧᠷ ᠤᠨ ᠰᠢᠰᠲ᠋ᠧᠮ ᠢ ᠡᠭᠦᠳᠴᠦ ᠭᠠᠷᠭᠠᠭᠠᠳ ᠮᠠᠨ ᠤ ᠤᠯᠤᠰ ᠤᠨ ᠲᠡᠭᠡᠳᠦ ᠬᠤᠷᠳᠤᠴᠠᠳᠤ ᠪᠤᠳᠤᠯᠳᠠ ᠶᠢᠨ ᠤᠷᠴᠢᠨ ᠲᠤᠭᠤᠷᠢᠨ ᠢ ᠶᠡᠭᠡᠭᠡᠨ ᠰᠠᠶᠢᠵᠢᠷᠠᠭᠤᠯᠬᠤ᠂ ᠤᠯᠤᠰ ᠠᠷᠠᠳ ᠤᠨ ᠠᠵᠤ ᠠᠬᠤᠢ ᠪᠠ ᠤᠯᠠᠨ ᠨᠡᠶᠢᠳᠡ ᠳᠤ ᠦᠢᠯᠡᠴᠢᠯᠡᠭᠦ ᠲᠠᠯ᠎ᠠ ᠪᠠᠷ ᠦᠨᠡᠭᠡᠷ ᠬᠤᠪᠢᠯᠭᠠᠨ ᠰᠦᠷ ᠬᠦᠴᠦᠨ ᠢᠶᠠᠨ ᠦᠵᠡᠭᠦᠯᠵᠦ ᠪᠠᠶᠢᠨ᠎ᠠ᠃ ᠲᠤᠰ ᠰᠢᠰᠲ᠋ᠧᠮ ᠵᠢᠯ ᠰᠢᠬᠠᠮ ᠠᠵᠢᠯᠯᠠᠭᠠᠳ ᠴᠠᠬ ᠠᠭᠤᠷ᠂ ᠴᠢᠯᠠᠭᠤᠨ ᠲᠤᠰᠤᠨ ᠤ ᠬᠠᠶᠢᠯᠳᠠ᠂ ᠰᠢᠨ᠎ᠡ ᠡᠮ ᠡᠭᠦᠳᠴᠦ ᠨᠠᠶᠢᠷᠠᠭᠤᠯᠬᠤ᠂ ᠭᠸᠡ ᠤ ᠺᠯᠦ᠋ᠨ ᠵᠡᠷᠭᠡ ᠲᠠᠯ᠎ᠠ ᠪᠠᠷ ᠡᠯᠪᠡᠭ ᠦᠷ᠎ᠡ ᠪᠦᠳᠦᠭᠡᠯ ᠤᠯᠪᠠ᠄ ᠲᠡᠷᠡ ᠨᠢ ᠤᠯᠤᠰ ᠤᠨ ᠪᠠᠶᠠᠷ ᠤᠨ 50 ᠵᠢᠯ ᠤᠨ ᠤᠢ ᠪᠠ ᠤᠤᠮᠸᠠ ᠤ ᠡᠭᠡ ᠤᠯᠤᠰ ᠲᠠᠭᠠᠨ ᠪᠤᠴᠠᠨ ᠢᠷᠡᠭᠦ ᠵᠡᠷᠭᠡ ᠴᠢᠬᠤᠯᠠ ᠶᠡᠭᠡ ᠪᠠᠶᠠᠷ ᠲᠤᠷᠠᠰᠬᠠᠯ ᠤᠨ ᠲᠤᠰ ᠡᠳᠦᠷ ᠤᠨ ᠭᠡᠰᠡᠭ ᠲᠠᠯ᠎ᠠ ᠶᠢᠨ ᠴᠠᠬ ᠠᠭᠤᠷ ᠢ ᠲᠡᠷᠤᠢ ᠳᠤᠨᠢ ᠤᠨᠤᠪᠴᠢᠳᠠᠢ ᠮᠡᠳᠡᠭᠡᠯᠡᠭᠰᠡᠨ ᠪᠦᠭᠡᠳ ᠤᠤᠯ ᠳᠠᠭᠠᠨ ᠵᠦᠪᠭᠡᠨ 3 ᠡᠳᠦᠷ ᠤᠨ ᠴᠠᠬ ᠠᠭᠤᠷ ᠢ ᠤᠷᠢᠳᠴᠢᠯᠠᠨ ᠮᠡᠳᠡᠭᠡᠯᠡᠵᠦ ᠴᠢᠳᠠᠵᠤ ᠪᠠᠶᠢᠬᠰᠠᠨ ᠠᠴᠠ ᠪᠠᠨ 10 ᠡᠳᠦᠷ ᠤᠨ ᠴᠠᠬ ᠠᠭᠤᠷ ᠢ ᠤᠷᠢᠳᠴᠢᠯᠠᠨ ᠮᠡᠳᠡᠭᠡᠯᠡᠵᠦ ᠴᠢᠳᠠᠬᠤ ᠪᠤᠯᠪᠠ᠃ ᠤᠤᠯ ᠳᠠᠭᠠᠨ 10 ᠵᠢᠯ ᠤᠨ ᠬᠤᠭᠤᠴᠠᠭ᠎ᠠ ᠭᠡᠷᠡᠭᠯᠡᠮᠡᠨᠵᠢᠨ ᠰᠠᠶ᠋ᠢ ᠪᠡᠶᠡᠯᠡᠭᠦᠯᠵᠦ ᠴᠢᠳᠠᠵᠤ ᠪᠠᠶᠢᠬᠰᠠᠨ ᠴᠢᠯᠠᠭᠤᠨ ᠲᠤᠰᠤᠨ ᠤ ᠪᠤᠳᠠᠰ ᠤᠨ ᠬᠠᠶᠢᠯᠳᠠ ᠶᠢᠨ ᠮᠤᠨᠳᠠᠬ ᠶᠡᠭᠡ ᠨᠠᠷᠢᠨ ᠪᠤᠳᠤᠯᠢᠶᠠᠨᠳᠠᠢ ᠪᠤᠳᠤᠯᠳᠠ ᠶᠢ ᠤᠳᠤ ︽ᠬᠤᠪᠢᠯᠭᠠᠨ ᠰᠦᠷ︾ ᠲᠡᠭᠡᠷ᠎ᠡ ᠬᠢᠯᠪᠠᠷᠬᠠᠨ ᠪᠤᠳᠤᠵᠤ ᠴᠢᠳᠠᠬᠤ ᠪᠤᠯᠪᠠ᠃
       ᠡᠨᠡ ᠵᠢᠯ ᠤᠨ 7 ᠰᠠᠷ᠎ᠠ ᠵᠨ 25 ᠤ ᠡᠳᠦᠷ᠂ ︽ᠬᠤᠪᠢᠯᠭᠠᠨ ᠰᠦᠷ︾ ᠺᠤᠮᠫᠢᠦ᠋ᠲ᠋ᠧᠷ ᠤᠨ ᠰᠢᠰᠲ᠋ᠧᠮ ᠢ ᠭᠡᠷᠡᠭᠯᠡᠵᠦ᠂ ᠮᠠᠨ ᠤ ᠤᠯᠤᠰ ︽ᠪᠡᠭᠡᠵᠢᠩ ᠤᠨ ᠲᠡᠭᠡᠳᠦ ᠴᠢᠨᠠᠷ ᠴᠢᠳᠠᠯᠳᠤ ᠺᠤᠮᠫᠢᠦ᠋ᠲ᠋ᠧᠷ ᠤᠨ ᠭᠡᠷᠡᠭᠯᠡᠭᠡᠨ ᠤ ᠲᠦᠪ︾ ᠢ ᠪᠠᠶᠢᠭᠤᠯᠪᠠ᠃ ᠡᠨᠡ ᠬᠦ ᠲᠦᠪ ᠪᠤᠯ ᠤᠯᠤᠰ ᠤᠨ ᠲᠡᠭᠡᠳᠦ ᠬᠤᠷᠳᠤᠴᠠᠳᠤ ᠪᠤᠳᠤᠯᠳᠠ ᠶᠢᠨ ᠰᠠᠭᠤᠷᠢ ᠲᠦᠭᠦᠭᠡᠷᠦᠮᠵᠢ ᠶᠢᠨ ᠨᠢᠭᠡ ᠭᠡᠰᠡᠭ ᠪᠤᠯᠤᠨ᠎ᠠ᠃ ᠨᠢᠭᠡ ᠮᠠᠰᠢᠨ ᠢ ᠤᠯᠠᠨ ᠲᠠᠯ᠎ᠠ ᠪᠠᠷ ᠠᠰᠢᠬᠯᠠᠬᠤ ᠵᠠᠷᠴᠢᠮ ᠢᠶᠠᠷ ᠡᠨᠡ ᠬᠦ ᠰᠢᠰᠲ᠋ᠧᠮ ᠤᠨ ᠭᠡᠷᠡᠭᠯᠡᠭᠡᠨ ᠢ ᠭᠠᠳᠠᠬᠰᠢ ᠨᠡᠭᠡᠭᠡᠯᠳᠡ ᠲᠠᠢ ᠪᠤᠯᠭᠠᠵᠤ᠂ ᠬᠤᠶᠠᠷ ᠵᠢᠯ ᠤᠨ ᠲᠤᠳᠤᠷ᠎ᠠ ᠦᠨ᠎ᠡ ᠲᠦᠯᠦᠪᠦᠷᠢ ᠠᠪᠬᠤ ᠦᠭᠡᠢ ᠪᠠᠷ ᠭᠡᠷᠡᠭᠴᠡᠭᠡ ᠪᠦᠭᠦᠢ ᠨᠢᠭᠡᠴᠡ ᠳᠤ ᠦᠢᠯᠡᠴᠢᠯᠡᠭᠡ ᠬᠠᠨᠭ᠍ᠭᠠᠨ᠎ᠠ᠃
       ᠵᠢᠯ ᠰᠢᠬᠠᠮ ᠤᠨ ᠬᠤᠭᠤᠴᠠᠭᠠᠨ ᠳᠤ ︽ᠬᠤᠪᠢᠯᠭᠠᠨ ᠰᠦᠷ︾ ᠤᠨ ᠠᠰᠢᠬᠯᠠᠮᠵᠢ ᠨᠢ 60% ᠲᠤ ᠬᠦᠷᠴᠦ ᠠᠰᠤᠷᠤ ᠶᠡᠭᠡ ᠨᠡᠶᠢᠭᠡᠮ ᠤᠨ ᠦᠷ᠎ᠡ ᠠᠰᠢᠬ ᠤᠯᠤᠬᠰᠠᠨ ᠲᠤᠯᠠ ᠤᠯᠤᠰ ᠤᠨ ᠵᠡᠷᠭᠡᠴᠡᠭᠡ ᠺᠤᠮᠫᠢᠦ᠋ᠲ᠋ᠧᠷ ᠤᠨ ᠢᠨᠵᠧᠨᠧᠷᠢᠩ ᠤᠨ ᠮᠡᠷᠭᠡᠵᠢᠯ ᠤᠨ ᠰᠤᠳᠤᠯᠬᠤ ᠲᠦᠪ ᠠᠴᠠ ᠡᠨᠡ ᠵᠢᠯ ᠤᠨ ᠡᠴᠦᠰ ᠪᠤᠯᠳᠠᠯ᠎ᠠ ᠬᠤᠶᠠᠳᠤᠭᠠᠷ ︽ᠬᠤᠪᠢᠯᠭᠠᠨ ᠰᠦᠷ︾ ᠺᠤᠮᠫᠢᠦ᠋ᠲ᠋ᠧᠷ ᠤᠨ ᠰᠢᠰᠲ᠋ᠧᠮ ᠢ ᠰᠤᠳᠤᠯᠤᠨ ᠪᠦᠳᠦᠭᠡᠵᠦ ᠱᠠᠩᠬᠠᠢ ᠶᠢᠨ ᠭᠡᠳᠦ ᠠᠴᠠ ᠲᠠᠪᠠᠭᠰᠠᠨ ᠺᠤᠮᠫᠢᠦ᠋ᠲ᠋ᠧᠷ ᠤᠨ ᠲᠦᠪ ᠲᠤ ᠤᠷᠤᠭᠤᠯᠤᠨ ᠭᠡᠷᠡᠭᠯᠡᠭᠦ ᠪᠠᠷ ᠲᠦᠯᠦᠪᠯᠡᠵᠦ ᠪᠤᠢ᠃ ᠲᠡᠷᠡ ᠦᠶ᠎ᠡ ᠳᠤ ᠮᠠᠨ ᠤ ᠤᠯᠤᠰ ᠲᠤ ᠡᠮᠦᠨᠡᠳᠦ ᠤᠮᠠᠷᠠᠳᠤ ᠬᠤᠶᠠᠷ ᠶᠡᠭᠡ ᠭᠡᠳᠦ ᠠᠴᠠ ᠲᠠᠪᠠᠭᠰᠠᠨ ᠪᠤᠳᠤᠯᠭ᠎ᠠ ᠶᠢᠨ ᠲᠦᠪ ᠪᠤᠢ ᠪᠤᠯᠤᠭᠠᠳ ᠮᠠᠨ ᠤ ᠤᠯᠤᠰ ᠤᠨ ᠰᠢᠨᠵᠢᠯᠡᠭᠦ ᠤᠬᠠᠭᠠᠨ ᠤ ᠰᠤᠳᠤᠯᠭᠠᠨ ᠤ ᠬᠢᠷᠢ ᠭᠡᠮᠵᠢᠶ᠎ᠡ ᠪᠤᠯᠤᠨ ᠤᠯᠤᠰ ᠠᠷᠠᠳ ᠤᠨ ᠠᠵᠤ ᠠᠬᠤᠢ ᠶᠢᠨ ᠪᠦᠳᠦᠭᠡᠨ ᠪᠠᠶᠢᠭᠤᠯᠤᠯᠳᠠ ᠳᠤ ᠶᠡᠭᠡᠭᠡᠨ ᠠᠬᠢᠭᠤᠯᠬᠤ ᠦᠢᠯᠡᠳᠦᠯ ᠦᠵᠡᠭᠦᠯᠭᠦ ᠪᠤᠯᠤᠨ᠎ᠠ᠃
       ᠠᠯᠠᠭᠠᠨ ᠺᠤᠮᠫᠢᠦ᠋ᠲ᠋ᠧᠷ ᠤᠨ ᠭᠡᠷᠡᠭᠴᠡᠭᠡ ᠺᠤᠮᠫᠢᠦ᠋ᠲ᠋ᠧᠷ ᠪᠤᠯ 20 ᠳ᠋ᠤᠭᠠᠷ ᠵᠠᠭᠤᠨ ᠠᠴᠠ ᠬᠦᠮᠦᠨ ᠲᠦᠷᠦᠯᠬᠢᠳᠡᠨ ᠳᠤ ᠦᠯᠡᠳᠡᠭᠡᠵᠦ ᠦᠭᠭᠦᠭᠰᠡᠨ ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠤᠨ ᠬᠠᠮᠤᠬ ᠤᠨ ᠴᠢᠬᠤᠯᠠ ᠦᠪ ᠬᠦᠷᠦᠩᠭᠡ ᠶᠢᠨ ᠨᠢᠭᠡ ᠮᠦᠨ᠃ 1945 ᠤᠨ ᠳᠤ ᠺᠤᠮᠫᠢᠦ᠋ᠲ᠋ᠧᠷ ᠠᠩᠬ᠎ᠠ ᠡᠭᠦᠳᠦᠭᠳᠡᠭᠦ ᠳᠡᠭᠡᠨ ᠨᠢᠭᠡ ᠲᠠᠰᠤᠯᠭ᠎ᠠ ᠭᠡᠷ ᠢ ᠡᠵᠡᠯᠡᠵᠦ ᠪᠠᠶᠢᠬᠰᠠᠨ ᠪᠤᠯ ᠲᠠᠪᠢ ᠭᠠᠷᠤᠢ ᠵᠢᠯ ᠬᠦᠭᠵᠢᠭᠡᠳ 1999 ᠤᠨ ᠪᠤᠯᠬᠤ ᠦᠶ᠎ᠡ ᠳᠤ ᠠᠯᠠᠭᠠᠨ ᠲᠡᠭᠡᠷ᠎ᠡ ᠪᠠᠨ ᠲᠠᠯᠪᠢᠵᠤ ᠪᠤᠯᠬᠤ ᠵᠢᠵᠢᠭ ᠭᠡᠮᠵᠢᠶ᠎ᠡ ᠳᠤ ᠬᠦᠷᠦᠭᠰᠡᠨ ᠲᠤᠯᠠ ︽ᠠᠯᠠᠭᠠᠨ ᠺᠤᠮᠫᠢᠦ᠋ᠲ᠋ᠧᠷ︾ ︵掌上电脑︶ ᠪᠤᠢ ᠪᠤᠯᠪᠠ᠃
       ᠲᠡᠭᠡᠪᠡᠯ ᠠᠯᠠᠭᠠᠨ ᠺᠤᠮᠫᠢᠦ᠋ᠲ᠋ᠧᠷ ᠨᠢ ᠴᠤᠬᠤᠮ ᠶᠠᠮᠠᠷ ᠭᠡᠷᠡᠭᠴᠡᠭᠡ ᠲᠠᠢ ᠶᠤᠮ ᠪᠤᠢ︖ ᠭᠡᠪᠡᠯ᠄
       ᠬᠤᠪᠢ ᠬᠦᠮᠦᠨ ᠤ ᠮᠡᠳᠡᠭᠡ ᠵᠠᠩᠬᠢ ᠶᠢ ᠬᠠᠮᠢᠶᠠᠷᠬᠤ᠃ ᠠᠯᠠᠭᠠᠨ ᠺᠤᠮᠫᠢᠦ᠋ᠲ᠋ᠧᠷ ᠨᠢ ᠭᠡᠷᠡᠭᠯᠡᠭᠴᠢ ᠶᠢᠨ ᠠᠵᠢᠯ ᠤᠨ ᠲᠤᠬᠢᠷᠠᠭᠤᠯᠤᠯᠳᠠ ᠪᠠ ᠠᠭᠤᠯᠵᠠᠬᠤ ᠪᠤᠯᠵᠤᠭ᠎ᠠ ᠶᠢ ᠲᠡᠮᠳᠡᠭᠯᠡᠨ ᠢᠯᠡᠷᠡᠭᠦᠯᠵᠦ᠂ ᠲᠠᠭᠤ ᠴᠢᠮᠡᠭᠡ᠂ ᠲᠤᠷᠬᠢᠯᠳᠠ ᠪᠤᠶᠤ ᠴᠡᠭᠡᠨ ᠬᠦᠰᠢᠭᠡ ᠲᠡᠭᠡᠷ᠎ᠡ ᠠᠨᠢᠪᠠᠯᠵᠠᠨ ᠲᠤᠳᠤᠷᠠᠬᠤ ᠵᠡᠷᠭᠡ ᠭᠡᠯᠪᠡᠷᠢ ᠪᠠᠷ ᠭᠡᠷᠡᠭᠯᠡᠭᠴᠢ ᠶᠢᠨ ᠪᠤᠰᠤᠳ ᠲᠠᠢ ᠠᠭᠤᠯᠵᠠᠬᠤ ᠴᠠᠬ ᠢ ᠰᠡᠷᠡᠮᠵᠢᠯᠡᠭᠦᠯᠦᠨ᠎ᠡ᠃ ᠠᠯᠠᠭᠠᠨ ᠺᠤᠮᠫᠢᠦ᠋ᠲ᠋ᠧᠷ ᠪᠠᠰᠠ ᠭᠡᠷᠡᠭᠯᠡᠭᠴᠢ ᠶᠢᠨ ᠮᠡᠳᠡᠭᠡ ᠬᠤᠯᠪᠤᠭᠠᠨ ᠤ ᠲᠡᠮᠳᠡᠭᠯᠡᠯ ᠢ ᠬᠠᠳᠠᠭᠠᠯᠠᠵᠤ᠂ ᠠᠵᠢᠯ ᠤᠨ ᠲᠠᠯ᠎ᠠ ᠪᠠᠷ ᠬᠠᠷᠢᠴᠠᠭ᠎ᠠ ᠲᠠᠢ ᠬᠦᠮᠦᠰ ᠤᠨ ᠮᠠᠲ᠋ᠧᠷᠢᠶᠠᠯ᠂ ᠤᠢᠢᠷ᠎ᠠ ᠲᠦᠷᠦᠯ ᠰᠠᠶᠢᠨ ᠨᠠᠶᠢᠵᠠ ᠶᠢᠨ ᠬᠠᠷᠢᠴᠠᠬᠤ ᠮᠠᠲ᠋ᠧᠷᠢᠶᠠᠯ ᠢ ᠪᠦᠷᠢᠨ ᠲᠡᠮᠳᠡᠭᠯᠡᠵᠦ ᠡᠷᠢᠵᠦ ᠤᠯᠬᠤ ᠳᠤ ᠲᠤᠩ ᠲᠦᠭᠦᠮ ᠪᠦᠭᠡᠳ ᠲᠦᠷᠭᠡᠨ ᠪᠠᠶᠢᠳᠠᠬ᠃ ᠠᠯᠠᠭᠠᠨ ᠺᠤᠮᠫᠢᠦ᠋ᠲ᠋ᠧᠷ ᠪᠠᠰᠠ ᠤᠷᠤᠭᠤᠯᠤᠬᠰᠠᠨ ᠮᠠᠲ᠋ᠧᠷᠢᠶᠠᠯ ᠢ ᠰᠢᠭᠤᠳ ︽doc︾ ︵ᠳ᠋ᠤᠰ︶ ᠭᠡᠮᠡᠭᠦ ᠨᠡᠷ᠎ᠡ ᠲᠠᠢ ᠮᠠᠲ᠋ᠧᠷᠢᠶᠠᠯ ᠪᠤᠯᠭᠠᠵᠤ ᠦᠷᠭᠡᠳᠭᠡᠨ ᠬᠠᠳᠠᠭᠠᠯᠠᠵᠤ ᠪᠤᠯᠤᠨ᠎ᠠ᠃ ᠮᠠᠲ᠋ᠧᠷᠢᠶᠠᠯ ᠤᠨ ᠭᠡᠪ ᠮᠠᠶ᠋ᠢᠬ ᠨᠢ ᠠᠮᠧᠷᠢᠺᠠ ᠵᠨ ᠪᠢᠴᠢᠯ ᠺᠤᠮᠫᠢᠦ᠋ᠲ᠋ᠧᠷ ᠤᠨ ᠵᠦᠭᠡᠯᠡᠨ ᠲᠤᠨᠤᠬ ᠤᠨ ᠺᠤᠮᠫᠠᠨᠢ ᠶᠢᠨ ︽word︾ ︵ᠸᠤᠷᠳ᠋︶ ᠲᠤ ᠪᠠᠭᠳᠠᠭᠳᠠᠵᠤ ᠴᠢᠳᠠᠨ᠎ᠠ᠃
       ᠨᠡᠭᠦᠳᠡᠯ ᠮᠡᠳᠡᠭᠡ ᠬᠤᠯᠪᠤᠭ᠎ᠠ ᠠᠪᠬᠤ᠃ ᠶᠠᠮᠠᠷ ᠴᠤ ᠭᠠᠵᠠᠷ ᠬᠡᠳ ᠳ᠋ᠢᠶᠠᠨᠬᠤᠸᠠ ᠶᠢᠨ ᠤᠳᠠᠰᠤ ᠲᠠᠢ ᠯᠠ ᠶᠤᠮ ᠪᠤᠯ ᠠᠯᠠᠭᠠᠨ ᠺᠤᠮᠫᠢᠦ᠋ᠲ᠋ᠧᠷ ᠢᠶᠠᠷ ᠲᠠᠮᠵᠢᠵᠤ ᠡᠯᠧᠺᠲᠷᠤᠨ ᠰᠢᠤᠳᠠᠨ ᠵᠦᠢᠯᠡᠰ᠂ ᠲᠦᠷᠰᠦ ᠨᠡᠪᠳᠡᠷᠡᠭᠦᠯᠭᠡ ᠶᠢ ᠬᠤᠷᠢᠶᠠᠨ ᠠᠪᠬᠤ ᠪᠤᠶᠤ ᠲᠠᠮᠵᠢᠭᠤᠯᠤᠨ ᠶᠠᠪᠤᠭᠤᠯᠵᠤ᠂ ᠪᠤᠰᠤᠳ ᠭᠠᠵᠠᠷ ᠤᠨ ᠬᠤᠳᠠᠯᠳᠤᠨ ᠠᠪᠤᠬᠴᠢ ᠪᠤᠶᠤ ᠠᠵᠢᠯ ᠨᠢᠭᠡᠳᠡᠨ ᠲᠠᠢ ᠪᠠᠨ ᠬᠠᠷᠢᠴᠠᠭ᠎ᠠ ᠠᠪᠴᠤ ᠴᠢᠳᠠᠨ᠎ᠠ᠃
       ᠢᠨᠲ᠋ᠧᠷ ᠰᠦᠯᠵᠢᠶ᠎ᠡ ᠳᠤ ᠤᠷᠤᠬᠤ᠃ ᠠᠯᠠᠭᠠᠨ ᠺᠤᠮᠫᠢᠦ᠋ᠲ᠋ᠧᠷ ᠲᠤ ᠤᠬᠰᠠᠷᠠᠬᠰᠠᠨ ᠢᠨᠲ᠋ᠧᠷ ᠰᠦᠯᠵᠢᠶ᠎ᠡ ᠶᠢᠨ ᠵᠢᠵᠢᠭ ᠰᠢᠷᠪᠡᠭᠦᠷ ᠢᠶᠠᠷ ᠭᠡᠷᠡᠭᠯᠡᠭᠴᠢ ᠭᠠᠷ ᠤᠨ ᠠᠶ᠎ᠠ ᠪᠠᠷ ᠢᠨᠲ᠋ᠧᠷ ᠰᠦᠯᠵᠢᠶ᠎ᠡ ᠳᠤ ᠤᠷᠤᠵᠤ᠂ ᠰᠦᠯᠵᠢᠶ᠎ᠡ ᠳᠠᠬᠢ ᠮᠠᠲ᠋ᠧᠷᠢᠶᠠᠯ ᠢ ᠡᠷᠢᠨ ᠰᠤᠪᠢᠵᠤ᠂ ᠮᠡᠳᠡᠭᠡ ᠵᠠᠩᠬᠢ ᠰᠤᠯᠢᠯᠴᠠᠨ᠂ ᠪᠦᠭᠦ ᠪᠦᠮᠪᠦᠷᠴᠡᠭ ᠤᠨ ᠲᠤᠬᠠᠢ ᠶᠢᠨ ᠴᠠᠬ ᠤᠨ ᠰᠤᠨᠢᠨ ᠮᠡᠳᠡᠭᠡ ᠶᠢ ᠤᠡᠭᠰᠢᠵᠤ᠂ ᠰᠦᠯᠵᠢᠶ᠎ᠡ ᠲᠡᠭᠡᠷ᠎ᠡ ᠲᠠᠪᠠᠯᠭᠠᠨ ᠰᠢᠪᠳᠤᠯᠬᠤ ᠴᠡᠩᠭᠡᠯ ᠢ ᠬᠦᠷᠳᠡᠵᠦ ᠴᠢᠳᠠᠨ᠎ᠠ᠃
       ᠲᠤᠭ᠎ᠠ ᠪᠡᠷᠢᠮᠳᠠ ᠶᠢ ᠢᠵᠢᠯ ᠠᠯᠬᠤᠮ ᠲᠠᠢ ᠪᠤᠯᠭᠠᠬᠤ᠃ ᠠᠯᠠᠭᠠᠨ ᠺᠤᠮᠫᠢᠦ᠋ᠲ᠋ᠧᠷ ᠲᠤ ᠢᠵᠢᠯ ᠠᠯᠬᠤᠮ ᠢᠶᠠᠷ ᠲᠡᠮᠵᠢᠭᠤᠯᠬᠤ ᠴᠢᠳᠠᠪᠤᠷᠢ ᠲᠠᠢ ᠪᠠᠶᠢᠵᠤ᠂ ᠠᠯᠠᠭᠠᠨ ᠺᠤᠮᠫᠢᠦ᠋ᠲ᠋ᠧᠷ ᠪᠤᠯᠤᠨ ᠬᠤᠪᠢ ᠬᠦᠮᠦᠨ ᠤ ᠺᠤᠮᠫᠢᠦ᠋ᠲ᠋ᠧᠷ ᠲᠠᠬᠢ ᠮᠠᠲ᠋ᠧᠷᠢᠶᠠᠯ ᠢ ᠢᠵᠢᠯ ᠠᠯᠬᠤᠮ ᠢᠶᠠᠷ ᠰᠢᠨᠡᠳᠭᠡᠵᠦ᠂ ᠮᠡᠳᠡᠭᠡ ᠵᠠᠩᠬᠢ ᠶᠢ ᠬᠠᠮᠳᠤ ᠪᠠᠷ ᠠᠰᠢᠬᠯᠠᠨ᠂ ᠲᠤᠭ᠎ᠠ ᠪᠡᠷᠢᠮᠳᠠ ᠶᠢ ᠪᠦᠷᠢᠨ ᠬᠦᠢᠴᠡᠳ ᠪᠦᠭᠡᠳ ᠨᠢᠭᠡᠳᠦᠯ ᠲᠠᠢ ᠪᠠᠶᠢᠯᠭᠠᠵᠤ ᠴᠢᠳᠠᠨ᠎ᠠ᠃
       ᠡᠭᠦᠨ ᠠᠴᠠ ᠭᠠᠳᠠᠨ᠎ᠠ᠂ ᠠᠯᠠᠭᠠᠨ ᠺᠤᠮᠫᠢᠦ᠋ᠲ᠋ᠧᠷ ᠨᠢ ᠪᠠᠰᠠ ᠭᠡᠷᠡᠭᠯᠡᠭᠴᠢ ᠳᠤ ᠵᠠᠷᠢᠮ ᠵᠢᠵᠢᠭᠭᠡᠨ ᠭᠡᠷᠡᠭᠯᠡᠭᠡᠨ ᠤ ᠫᠷᠦᠭᠷᠠᠮ ᠪᠠ ᠪᠠᠭᠠᠵᠢ ᠬᠠᠨᠭ᠍ᠭᠠᠨ ᠦᠭᠴᠦ ᠴᠢᠳᠠᠨ᠎ᠠ᠂ ᠵᠢᠱᠢᠶᠡᠯᠡᠪᠡᠯ ᠲᠠᠭᠤ ᠰᠢᠩᠭᠡᠭᠡᠭᠦᠷ ᠨᠢ ᠲᠠᠭᠤ ᠶᠢ ᠰᠢᠩᠭᠡᠭᠡᠵᠦ ᠮᠡᠳᠡᠭᠡ ᠵᠠᠩᠬᠢ ᠶᠢ ︽woc︾ ᠮᠠᠲ᠋ᠧᠷᠢᠶᠠᠯ ᠤᠨ ᠭᠡᠪ ᠮᠠᠶ᠋ᠢᠬ ᠢᠶᠠᠷ ᠬᠠᠳᠠᠭᠠᠯᠠᠵᠤ ᠴᠢᠳᠠᠨ᠎ᠠ᠃ ᠲᠤᠰ ᠮᠠᠲ᠋ᠧᠷᠢᠶᠠᠯ ᠢ ᠰᠢᠭᠤᠳ ︽windows︾ ︵ᠸᠢᠨᠳᠤᠸ᠋ᠰ︶ ᠰᠢᠰᠲ᠋ᠧᠮ ᠳᠤ ᠨᠡᠪᠳᠡᠷᠡᠭᠦᠯᠵᠦ᠂ ᠨᠠᠶᠢᠷᠠᠭᠤᠯᠵᠤ ᠪᠤᠯᠤᠨ᠎ᠠ᠃ ᠬᠢᠳᠠᠳ ᠠᠩᠭ᠍ᠯᠢ ᠦᠰᠦᠭ ᠤᠨ ᠭᠠᠷ ᠪᠢᠴᠢᠯᠭᠡ ᠪᠠᠷ ᠤᠷᠤᠭᠤᠯᠬᠤ ᠴᠢᠳᠠᠪᠤᠷᠢ ᠨᠢ ᠭᠡᠷᠡᠭᠯᠡᠭᠴᠢ ᠳᠤ ᠠᠶ᠋ᠨᠨᠳᠠᠭᠠᠨ ᠪᠦᠭᠡᠳ ᠲᠦᠷᠭᠡᠨ ᠤᠷᠤᠭᠤᠯᠬᠤ ᠠᠷᠭ᠎ᠠ ᠶᠢ ᠬᠠᠨᠭ᠍ᠭᠠᠨ ᠦᠭᠴᠦ ᠴᠢᠳᠠᠨ᠎ᠠ᠃ ᠪᠢᠴᠢᠯ ᠺᠤᠮᠫᠢᠦ᠋ᠲ᠋ᠧᠷ ᠤᠨ ᠵᠦᠭᠡᠯᠡᠨ ᠲᠤᠨᠤᠬ ᠤᠨ ᠰᠢᠰᠲ᠋ᠧᠮ ᠤᠨ ᠲᠠᠭᠠᠯᠳᠠ ᠪᠤᠯᠤᠬᠴᠢ ᠭᠠᠶᠢᠬᠠᠮᠰᠢᠬᠳᠤ ᠰᠠᠶᠢᠬᠠᠨ ᠲᠤᠬᠯᠠᠭᠠᠮ ᠤᠨ ᠫᠷᠦᠭᠷᠠᠮ ᠢ ᠬᠠᠨᠭ᠍ᠭᠠᠨ ᠦᠭᠴᠦ ᠴᠢᠳᠠᠨ᠎ᠠ᠃ ᠬᠤᠶᠠᠷ ᠤᠷᠤᠨ ᠤ ᠴᠠᠬ ᠢ ᠬᠠᠮᠳᠤ ᠪᠠᠷ ᠢᠯᠡᠳᠭᠡᠭᠦ ᠪᠦᠭᠦ ᠪᠦᠮᠪᠦᠷᠴᠡᠭ ᠤᠨ ᠴᠠᠬ ᠤᠨ ᠵᠦᠩ ᠢ ᠤᠬᠰᠠᠷᠠᠭᠤᠯᠪᠠ᠃ ᠬᠤᠳᠠ ᠶᠢᠨ ᠨᠡᠷ᠎ᠡ ᠶᠢ ᠤᠷᠤᠭᠤᠯᠤᠮᠠᠬᠴᠠ ᠪᠦᠭᠦ ᠲᠡᠯᠡᠭᠡᠢ ᠶᠢᠨ 150 ᠭᠠᠷᠤᠢ ᠭᠤᠤᠯ ᠭᠤᠤᠯ ᠬᠤᠳᠠ ᠶᠢᠨ ᠲᠤᠬᠠᠢ ᠶᠢᠨ ᠴᠠᠬ ᠢ ᠮᠡᠳᠡᠵᠦ ᠴᠢᠳᠠᠨ᠎ᠠ᠃ ᠡᠶᠢᠮᠦ ᠠᠴᠠ ᠵᠢᠭᠤᠯᠴᠢᠯᠠᠷ᠎ᠠ ᠶᠠᠪᠤᠬᠤ ᠦᠶ᠎ᠡ ᠳᠤ ᠴᠠᠬ ᠢ ᠰᠤᠯᠢᠨ ᠪᠤᠳᠤᠬᠤ ᠭᠡᠳ ᠲᠠᠷᠢᠬᠢ ᠪᠠᠨ ᠪᠠᠷᠠᠬᠰᠠᠨ ᠤ ᠭᠡᠷᠡᠭ ᠦᠭᠡᠢ᠃ ᠠᠯᠠᠭᠠᠨ ᠺᠤᠮᠫᠢᠦ᠋ᠲ᠋ᠧᠷ ᠲᠤ ᠪᠠᠰᠠ 10 ᠲᠦᠮᠡᠨ ᠦᠭᠡ ᠲᠠᠢ ᠬᠢᠳᠠᠳ ᠠᠩᠭ᠍ᠯᠢ ᠦᠰᠦᠭ ᠤᠨ ᠡᠯᠧᠺᠲᠷᠤᠨ ᠲᠤᠯᠢ ᠶᠢ ᠤᠬᠰᠠᠷᠠᠭᠤᠯᠤᠬᠰᠠᠨ ᠲᠤᠯᠠ ᠭᠡᠷᠡᠭᠯᠡᠭᠴᠢᠳ ᠰᠤᠷᠤᠯᠴᠠᠬᠤ ᠪᠠ ᠤᠷᠴᠢᠭᠤᠯᠬᠤ ᠳᠤ ᠲᠤᠩ ᠬᠢᠯᠪᠡᠷ ᠶᠤᠮ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ