ᠠᠩᠭᠠᠷᠠᠬ ᠲᠤ ᠭᠠᠷᠬᠤ ᠨᠢᠰᠦᠯᠳᠠ ᠶᠢᠨ ᠲᠦᠯᠦᠪᠯᠡᠭᠡ
ᠨᠡᠶᠢᠲᠡᠯᠡᠭᠰᠡᠨ ᠴᠠᠭ᠄
2018/11/30

       ᠨᠢᠳᠦᠨᠤᠨ ᠤ 6 ᠰᠠᠷ᠎ᠠ ᠶᠢᠨ 22 ᠤᠨ ᠡᠳᠦᠷ᠂ ︽ᠠᠩᠭᠠᠷᠠᠬ ︵火星︶ ᠤᠨ ᠪᠦᠮᠪᠦᠷᠴᠡᠭ ᠤᠨ ᠬᠠᠶᠢᠭᠤᠷ︾ ᠤᠨ ᠰᠡᠭᠦᠳᠡᠷᠯᠡᠭᠰᠡᠨ ᠭᠡᠷᠡᠯ ᠵᠢᠷᠤᠬ ᠠᠴᠠ ᠠᠩᠭᠠᠷᠠᠬ ᠲᠡᠭᠡᠷ᠎ᠡ ᠤᠰᠤ ᠲᠠᠢ ᠭᠡᠭᠦ ᠭᠡᠷᠡᠴᠢ ᠶᠢ ᠤᠯᠤᠯ᠎ᠠ ᠭᠡᠵᠦ ᠠᠮᠧᠷᠢᠺᠠ ᠶᠢᠨ ᠰᠠᠨᠰᠠᠷ ᠠᠶᠠᠯᠠᠯ ᠤᠨ ᠲᠤᠪᠴᠢᠶ᠎ᠠ ᠨᠡᠶᠢᠳᠡᠯᠡᠪᠡ᠃ ᠡᠨᠡ ᠨᠢ ᠠᠩᠭᠠᠷᠠᠬ ᠢ ᠬᠠᠶᠢᠬᠤ ᠰᠢᠯᠳᠠᠭᠠᠨ ᠪᠤᠰᠤ᠂ ᠬᠠᠷᠢᠨ ᠠᠩᠭᠠᠷᠠᠬ ᠢ ᠬᠠᠶᠢᠬᠰᠠᠨ ᠨᠢᠭᠡ ᠦᠷ᠎ᠡ ᠳ᠋ᠦᠩ ᠮᠦᠨ᠃
       ᠠᠩᠭᠠᠷᠠᠬ ᠪᠤᠯ ᠤᠷᠴᠢᠯᠠᠩ ᠶᠢᠷᠳᠢᠨᠴᠦ ᠶᠢᠨ ᠪᠦᠷᠢᠯᠳᠦᠭᠦᠨ ᠮᠦᠨ᠃ ᠬᠦᠮᠦᠨ ᠲᠦᠷᠦᠯᠬᠢᠳᠡᠨ ᠡᠷᠳᠡᠨ ᠠᠴᠠ ᠡᠳᠦᠭᠡ ᠬᠦᠷᠳᠡᠯ᠎ᠡ ᠠᠩᠭᠠᠷᠠᠬ ᠢ ᠰᠤᠳᠤᠯᠤᠬᠰᠠᠭᠠᠷ ᠢᠷᠡᠪᠡ᠃ ᠡᠷᠳᠡᠨ ᠤ ᠦᠶ᠎ᠡ ᠳᠤ ᠬᠦᠮᠦᠰ ᠤᠳᠤᠳᠤ ᠲᠡᠭᠷᠢ᠂ ᠤᠳᠤᠨ ᠤᠷᠤᠨ ᠵᠢᠴᠢ ᠲᠡᠭᠷᠢ ᠶᠢᠨ ᠤᠳᠤᠳ ᠢ ᠬᠦᠮᠦᠨ ᠤ ᠶᠢᠷᠳᠢᠨᠴᠦ ᠶᠢᠨ ᠭᠡᠷᠡᠭ ᠪᠤᠳᠠᠰ ᠲᠠᠢ ᠬᠤᠯᠪᠤᠵᠤ᠂ ᠶᠠᠭᠤᠨᠠᠢ ᠬᠦᠮᠦᠨ ᠪᠦᠷᠢ ᠨᠢᠭᠡ ᠤᠳᠤᠨ ᠳᠤ ᠲᠦᠷᠦᠵᠦ᠂ ᠨᠢᠭᠡ ᠤᠳᠤ ᠰᠤᠪᠤᠷᠠᠪᠠᠯ ᠨᠢᠭᠡ ᠬᠦᠮᠦᠨ ᠦᠭᠦᠵᠦ᠂ ᠪᠠᠰᠠ ᠤᠳᠤᠨ ᠤ ᠢᠯᠡᠷᠡᠭᠦ ᠠᠷᠢᠯᠬᠤ᠂ ᠤᠷᠤᠨ ᠪᠠᠶᠢᠷᠢ ᠶᠢᠨ ᠰᠢᠯᠵᠢᠯ᠂ ᠤᠳᠤᠨ ᠭᠡᠷᠡᠯ ᠤᠨ ᠬᠤᠪᠢᠷᠠᠯ ᠵᠡᠷᠭᠡ ᠶᠢ ᠴᠦᠮ ᠨᠡᠶᠢᠭᠡᠮ ᠤᠨ ᠰᠠᠶᠢᠨ ᠮᠠᠭᠤ᠂ ᠤᠯᠤᠰ ᠤᠨ ᠮᠠᠨᠳᠤᠯ ᠪᠠᠭᠤᠷᠠᠯ᠂ ᠲᠦᠷᠦ ᠬᠦᠷᠦᠨ ᠤ ᠰᠤᠯᠢᠬᠳᠠᠯ᠂ ᠠᠭᠤᠤ ᠬᠦᠮᠦᠰ ᠤᠨ ᠦᠭᠦᠵᠦ ᠲᠦᠷᠦᠭᠦ ᠲᠠᠢ ᠬᠤᠯᠪᠤᠨ ᠰᠢᠨᠵᠢᠳᠡᠭ ᠪᠠᠶᠢᠪᠠ᠃ 19 ᠳ᠋ᠤᠭᠡᠷ ᠵᠠᠭᠤᠨ ᠤ ᠲᠠᠯᠠᠭᠠᠳ ᠤᠨ ᠠᠴᠠ ᠨᠠᠰᠢᠬᠢ ᠤᠷᠴᠢᠨ ᠦᠶ᠎ᠡ ᠳᠤ ᠬᠦᠮᠦᠰ ᠠᠩᠭᠠᠷᠠᠬ ᠲᠡᠭᠡᠷ᠎ᠡ ᠠᠮᠢᠳᠠᠨ ᠪᠠᠶᠢᠬᠤ ᠡᠰᠡᠭᠦ ᠶᠢ ᠵᠦᠢᠯ ᠵᠦᠢᠯ ᠢᠶᠠᠷ ᠵᠢᠱᠢᠵᠦ ᠡᠬᠢᠯᠡᠪᠡ᠃ 20 ᠳ᠋ᠤᠭᠠᠷ ᠵᠠᠭᠤᠨ ᠤ ᠨᠠᠶᠠᠭᠠᠳ ᠤᠨ ᠠᠴᠠ ᠨᠠᠰᠢᠬᠢ ᠤᠳᠤ ᠦᠶ᠎ᠡ ᠬᠦᠷᠳᠡᠯ᠎ᠡ ᠬᠦᠮᠦᠰ ᠠᠩᠭᠠᠷᠠᠬ ᠲᠠᠬᠢ ᠠᠮᠢᠳᠠᠨ ᠤ ᠤᠨᠢᠰᠤᠭ᠎ᠠ ᠶᠢ ᠲᠠᠶᠢᠯᠬᠤ ᠪᠠᠷ ᠤᠷᠤᠯᠳᠤᠬᠤ ᠶᠢᠨ ᠬᠠᠮᠳᠤ ᠠᠩᠭᠠᠷᠠᠬ ᠢ ᠨᠡᠭᠡᠭᠡᠨ ᠠᠰᠢᠬᠯᠠᠬᠤ ᠶᠠᠪᠤᠳᠠᠯ ᠢ ᠪᠤᠳᠤᠯᠬᠢᠯᠠᠵᠤ ᠡᠬᠢᠯᠡᠪᠡ᠃ ᠭᠡᠷᠪᠡ ᠠᠩᠭᠠᠷᠠᠬ ᠲᠡᠭᠡᠷ᠎ᠡ ᠠᠮᠢᠳᠠᠨ ᠪᠠᠶᠢᠵᠤ ᠦᠡᠭᠭᠡᠷᠡᠭᠰᠡᠨ᠂ ᠡᠰᠡᠭᠦᠯ᠎ᠡ ᠡᠳᠦᠭᠡ ᠬᠦᠷᠳᠡᠯ᠎ᠡ ᠬᠦᠯᠳᠡᠭᠦᠦ ᠮᠦᠰᠦᠨ ᠤ ᠲᠤᠤᠷ᠎ᠠ ᠲᠠᠪᠬᠤᠷᠭ᠎ᠠ ᠳᠤᠨᠢ ᠮᠦᠨ ᠬᠦ ᠲᠤᠤᠷᠠᠳᠤ ᠵᠡᠷᠭᠡ ᠶᠢᠨ ᠠᠮᠢᠳᠠᠨ ᠪᠠᠶᠢᠬᠤ᠂ ᠡᠰᠡᠭᠦᠯ᠎ᠡ ᠠᠩᠭᠠᠷᠠᠬ ᠠᠴᠠ ᠲᠤᠤᠷᠠᠳᠤ ᠵᠡᠷᠭᠡ ᠶᠢᠨ ᠠᠮᠢᠳᠠᠨ ᠤ ᠴᠢᠯᠠᠭᠤᠵᠢᠮᠠᠯ ᠤᠯᠳᠠᠪᠠᠯ ᠠᠩᠭᠠᠷᠠᠬ ᠢ ᠨᠡᠭᠡᠭᠡᠨ ᠠᠰᠢᠬᠯᠠᠬᠤ ᠴᠢᠬᠤᠯᠠ ᠰᠢᠯᠳᠠᠭᠠᠨ ᠪᠤᠯᠵᠤ ᠴᠢᠳᠠᠨ᠎ᠠ᠃
       ᠠᠩᠭᠠᠷᠠᠬ ᠪᠤᠯ ᠬᠤᠯᠠ ᠡᠷᠳᠡᠨ ᠤ ᠲᠡᠯᠡᠭᠡᠢ ᠶᠢᠨ ᠪᠦᠮᠪᠦᠷᠴᠡᠭ ᠠᠳᠠᠯᠢ ᠬᠦᠭᠵᠢᠵᠦ ᠪᠤᠯᠬᠤ ᠤᠳᠤᠨ ᠴᠤᠬᠴᠠᠰ ᠮᠦᠨ᠃ ᠠᠩᠭᠠᠷᠠᠬ ᠪᠤᠯ ᠨᠠᠷᠠᠨ ᠤ ᠠᠶᠢᠮᠠᠬ ᠲᠠᠬᠢ ᠲᠡᠯᠡᠭᠡᠢ ᠶᠢᠨ ᠪᠦᠮᠪᠦᠷᠴᠡᠭ ᠠᠴᠠ ᠭᠠᠳᠠᠨ᠎ᠠ ᠴᠤᠷ ᠤᠨ ᠭᠠᠭᠴᠠ ᠮᠡᠷᠭᠡᠵᠢᠯ ᠤᠨ ᠪᠤᠯᠪᠠᠰᠤᠨ ᠢ ᠭᠦᠭᠵᠢᠭᠦᠯᠵᠦ᠂ ᠬᠦᠮᠦᠨ ᠲᠦᠷᠦᠯᠬᠢᠳᠡᠨ ᠤᠷᠤᠰᠢᠨ ᠲᠤᠬᠳᠠᠨᠢᠵᠤ ᠦᠰᠦᠨ ᠦᠷᠡᠵᠢᠵᠦ ᠪᠤᠯᠬᠤ ᠭᠠᠵᠠᠷ ᠪᠤᠯᠤᠨ᠎ᠠ᠃
       ᠠᠩᠭᠠᠷᠠᠬ ᠲᠡᠭᠡᠷ᠎ᠡ ᠤᠴᠢᠬᠤ ᠳᠤ ᠭᠡᠯᠡᠯᠭᠡᠨ ᠦᠭᠡᠢ ᠬᠦᠮᠦᠨ ᠰᠠᠭᠤᠬᠰᠠᠨ ᠨᠢᠰᠭᠦ ᠤᠡᠭᠭᠤᠴᠠ ᠬᠠᠷᠪᠤᠨ᠎ᠠ᠂ ᠵᠤᠬᠢᠰᠳᠠᠢ ᠨᠢᠰᠭᠦ ᠱᠤᠭᠤᠮ ᠰᠤᠩᠭᠤᠵᠤ᠂ ᠨᠢᠰᠦᠯᠳᠠ ᠶᠢᠨ ᠶᠠᠪᠤᠴᠠ ᠳᠠᠬᠢ ᠭᠡᠢ ᠠᠭᠠᠷ᠂ ᠤᠰᠤ ᠪᠠ ᠢᠳᠡᠭᠡᠨ᠂ ᠰᠠᠴᠤᠷᠠᠬ ᠢ ᠰᠡᠷᠭᠡᠶᠢᠯᠡᠭᠦ ᠠᠰᠠᠭᠤᠳᠠᠯ ᠪᠠ ᠬᠦᠨᠳᠦ ᠶᠢᠨ ᠬᠦᠴᠦᠨ ᠳᠤ ᠵᠤᠬᠢᠴᠠᠯᠳᠤᠬᠤ ᠵᠡᠷᠭᠡ ᠠᠮᠢ ᠨᠠᠰᠤᠨ ᠤ ᠪᠠᠳᠤᠯᠠᠭ᠎ᠠ ᠶᠢᠨ ᠦᠨᠳᠦᠰᠦᠨ ᠠᠰᠠᠭᠤᠳᠠᠯ ᠢ ᠰᠢᠢᠳᠪᠦᠷᠢᠯᠡᠭᠦ ᠭᠡᠷᠡᠭᠳᠡᠢ᠃
       1989 ᠤᠨ ᠤ 7 ᠰᠠᠷ᠎ᠠ ᠶᠢᠨ 20 ᠤ ᠡᠳᠦᠷ᠂ ᠲᠤᠬᠠᠢ ᠶᠢᠨ ᠦᠶ᠎ᠡ ᠶᠢᠨ ᠠᠮᠧᠷᠢᠺᠠ ᠶᠢᠨ ᠶᠡᠷᠦᠩᠭᠡᠶᠢᠯᠡᠭᠴᠢ ᠪᠠᠶᠢᠬᠰᠠᠨ ᠪᠦᠱᠢ ︽ᠠᠫᠤᠯᠤ᠋ 11 ᠳ᠋ᠤᠭᠡᠷ ᠨᠤᠮᠧᠷᠳᠦ︾ ᠬᠦᠮᠦᠨ ᠠᠴᠢᠵᠤ ᠰᠠᠷᠠᠨ ᠲᠡᠭᠡᠷ᠎ᠡ ᠭᠠᠷᠤᠬᠰᠠᠨ 20 ᠵᠢᠯ ᠤᠨ ᠤᠢ ᠶᠢ ᠲᠤᠷᠠᠰᠬᠠᠬᠤ ᠳᠠᠭᠠᠨ ᠠᠩᠭᠠᠷᠠᠬ ᠲᠡᠭᠡᠷ᠎ᠡ ᠬᠦᠮᠦᠨ ᠤᠴᠢᠭᠤᠯᠬᠤ ᠡᠭᠦᠷᠭᠡ ᠶᠢ ᠲᠤᠷᠠᠳᠪᠠ᠃ ᠲᠡᠭᠦᠨ ᠠᠴᠠ ᠬᠤᠶᠢᠰᠢ ᠠᠮᠧᠷᠢᠺᠠ ᠶᠢᠨ ᠰᠢᠨᠵᠢᠯᠡᠭᠦ ᠤᠬᠠᠭᠠᠨᠳᠠᠳ ᠠᠩᠭᠠᠷᠠᠬ ᠲᠡᠭᠡᠷ᠎ᠡ ᠬᠦᠮᠦᠨ ᠭᠠᠷᠬᠤ ᠤᠯᠠᠨ ᠲᠦᠯᠦᠪᠯᠡᠭᠡ ᠲᠤᠷᠠᠳᠴᠤ᠂ ᠪᠤᠳᠠᠳᠠᠢ ᠨᠢᠰᠭᠦ ᠱᠤᠭᠤᠮ ᠬᠦᠷᠳᠡᠯ᠎ᠡ ᠰᠤᠳᠤᠯᠪᠠ᠃ ᠰᠤᠳᠤᠯᠤᠬᠰᠠᠨ ᠤ ᠳ᠋ᠦᠩ ᠳᠤ ᠠᠩᠭᠠᠷᠠᠬ ᠨᠠᠷᠠ ᠲᠠᠢ ᠮᠦᠷᠭᠦᠯᠳᠦᠭᠦ ᠶᠢᠨ ᠬᠤᠶᠢᠨ᠎ᠠ ᠡᠮᠦᠨ᠎ᠡ ᠬᠠᠷᠪᠤᠪᠠᠯ ᠨᠢᠰᠭᠦ ᠤᠡᠭᠭᠤᠴᠠ ᠨᠢ ᠬᠠᠮᠤᠬ ᠤᠨ ᠤᠬᠤᠷ ᠠᠶᠠᠯᠠᠯ ᠤᠨ ᠵᠠᠮ ︵ᠪᠠᠷᠤᠬ 4 ᠳ᠋ᠦᠡᠭᠰᠢᠭᠤᠷ ᠺᠢᠯᠤᠮᠧᠲᠷ︶ ᠢᠶᠠᠷ 259 ᠡᠳᠦᠷ ᠲᠤ ᠠᠩᠭᠠᠷᠠᠬ ᠲᠡᠭᠡᠷ᠎ᠡ ᠬᠦᠷᠴᠦ ᠴᠢᠳᠠᠨ᠎ᠠ᠃ ᠭᠡᠷᠪᠡ ᠨᠢᠰᠭᠦ ᠤᠡᠭᠭᠤᠴᠠ ᠨᠢ ᠮᠦᠨ ᠵᠠᠮ ᠢᠶᠠᠷ ᠢᠶᠠᠨ ᠪᠤᠴᠠᠵᠤ ᠢᠷᠡᠭᠦ ᠳᠤ ᠬᠦᠷᠪᠡᠯ ᠠᠩᠭᠠᠷᠠᠬ ᠲᠡᠭᠡᠷ᠎ᠡ 3 ᠡᠳᠦᠷ ᠯᠡ ᠰᠠᠭᠠᠳᠠᠬᠤ ᠭᠡᠷᠡᠭᠳᠡᠢ᠂ ᠤᠴᠢᠷ ᠨᠢ ᠠᠩᠭᠠᠷᠠᠬ ᠬᠢᠭᠡᠳ ᠲᠡᠯᠡᠭᠡᠢ ᠶᠢᠨ ᠪᠦᠮᠪᠦᠷᠴᠡᠭ ᠤᠨ ᠠᠭᠤᠯᠵᠠᠬᠤ ᠦᠶᠡᠯᠡᠯ ᠤᠨ ᠬᠤᠭᠤᠴᠠᠭ᠎ᠠ ᠨᠢ 780 ᠡᠳᠦᠷ᠂ ᠦᠶᠡᠯᠡᠯ ᠤᠨ ᠬᠤᠭᠤᠴᠠᠭ᠎ᠠ ᠠᠴᠠ ᠭᠡᠳᠦᠷᠡᠪᠡᠯ ᠨᠢᠰᠭᠦ ᠤᠡᠭᠭᠤᠴᠠ ᠪᠤᠴᠠᠵᠤ ᠢᠷᠡᠪᠡᠴᠦ ᠲᠡᠯᠡᠭᠡᠢ ᠶᠢᠨ ᠪᠦᠮᠪᠦᠷᠴᠡᠭ ᠲᠠᠢ ᠠᠭᠤᠯᠵᠠᠵᠤ ᠴᠢᠳᠠᠬᠤ ᠦᠭᠡᠢ ᠪᠤᠯᠤᠨ᠎ᠠ᠃ ᠡᠶᠢᠮᠦ ᠠᠴᠠ ᠬᠤᠯᠠ ᠠᠴᠠ ᠠᠩᠭᠠᠷᠠᠬ ᠲᠤ ᠬᠦᠷᠴᠢᠭᠡᠳ ᠰᠠᠶ᠋ᠢ 3 ᠡᠳᠦᠷ ᠰᠠᠭᠠᠳᠠᠬᠤ ᠨᠢ ᠬᠠᠶᠢᠷᠠᠨ ᠶᠤᠮ᠂ ᠲᠠᠷᠠᠭ᠎ᠠ ᠤᠳᠠᠭ᠎ᠠ ᠶᠢᠨ ᠬᠤᠶᠠᠷ ᠪᠦᠮᠪᠦᠷᠴᠡᠭ ᠤᠨ ᠠᠭᠤᠯᠵᠠᠬᠤ ᠦᠶᠡᠯᠡᠯ ᠤᠨ ᠬᠤᠭᠤᠴᠠᠭ᠎ᠠ ᠶᠢ ᠬᠦᠯᠢᠶᠡᠪᠡᠯ᠂ ᠨᠠᠭᠠᠳᠤ ᠵᠠᠬ᠎ᠠ ᠨᠢ 454 ᠡᠳᠦᠷ ᠬᠦᠯᠢᠶᠡᠨ᠎ᠡ᠂ ᠪᠤᠴᠠᠵᠤ ᠢᠷᠡᠭᠦ ᠳᠡᠭᠡᠨ 259 ᠡᠳᠦᠷ ᠭᠡᠷᠡᠭᠰᠡᠪᠡᠯ ᠨᠡᠶᠢᠳᠡ 972 ᠡᠳᠦᠷ ᠤᠷᠤᠨ᠎ᠠ᠃
       ᠠᠩᠭᠠᠷᠠᠬ ᠲᠤ ᠭᠠᠷᠬᠤ ᠨᠢᠰᠭᠡᠭᠦᠷ ᠨᠢ ᠲᠡᠯᠡᠭᠡᠢ ᠶᠢᠨ ᠪᠦᠮᠪᠦᠷᠴᠡᠭ ᠲᠡᠭᠡᠷ᠎ᠡ ᠠᠴᠠ ᠰᠢᠭᠤᠳ ᠨᠢᠰᠭᠦ ᠬᠡᠷᠡᠭ ᠦᠭᠡᠢ᠂ ᠬᠠᠷᠢᠨ 7.9 ᠺᠢᠯᠤᠮᠧᠲᠷ / ᠰᠧᠺᠦ᠋ᠨᠳ᠋ ᠤᠨ ᠬᠤᠷᠳᠤᠴᠠ ᠪᠠᠷ ᠲᠡᠯᠡᠭᠡᠢ ᠶᠢᠨ ᠪᠦᠮᠪᠦᠷᠴᠡᠭ ᠢ ᠲᠤᠭᠤᠷᠢᠨ ᠨᠢᠰᠭᠦ ᠲᠤᠭᠤᠷᠢᠯᠳᠠ ᠶᠢᠨ ᠵᠠᠮ ᠳᠤ ᠤᠷᠤᠵᠤ᠂ ᠲᠡᠭᠦᠨ ᠤ ᠲᠡᠭᠡᠷ᠎ᠡ ᠠᠴᠠ ᠲᠠᠬᠢᠨ ᠬᠤᠷᠳᠤᠴᠠ ᠶᠢ ᠲᠦᠷᠭᠡᠳᠭᠡᠵᠦ ᠠᠩᠭᠠᠷᠠᠬ ᠵᠦᠭ ᠨᠢᠰᠴᠦ ᠪᠤᠯᠤᠨ᠎ᠠ᠃ ᠭᠡᠷᠪᠡ 6 ᠺᠢᠯᠤᠮᠧᠲᠷ / ᠰᠧᠺᠦ᠋ᠨᠳ᠋ ᠨᠡᠮᠡᠭᠳᠡᠪᠡᠯ 180 ᠡᠳᠦᠷ ᠲᠤ ᠠᠩᠭᠠᠷᠠᠬ ᠲᠡᠭᠡᠷ᠎ᠡ ᠬᠦᠷᠴᠦ ᠴᠢᠳᠠᠨ᠎ᠠ᠂ ᠮᠦᠨ ᠠᠳᠠᠯᠢ ᠠᠷᠭ᠎ᠠ ᠪᠠᠷ ᠪᠤᠴᠠᠵᠤ ᠢᠷᠡᠪᠡᠯ ᠠᠩᠭᠠᠷᠠᠬ ᠲᠡᠭᠡᠷ᠎ᠡ 550 ᠡᠳᠦᠷ ᠰᠠᠭᠠᠳᠠᠵᠤ᠂ ᠪᠦᠭᠦ ᠴᠠᠭ ᠨᠢ 910 ᠡᠳᠦᠷ ᠪᠤᠯᠳᠠᠯ᠎ᠠ ᠬᠠᠰᠤᠬᠳᠠᠬᠤ ᠪᠤᠯᠤᠨ᠎ᠠ᠃ ᠶᠠᠪᠤᠵᠤ ᠢᠷᠡᠭᠦ ᠴᠠᠬ ᠢ ᠪᠤᠭᠤᠨᠢᠰᠬᠠᠪᠠᠯ ᠶᠡᠷᠦᠩᠭᠡᠢ ᠴᠠᠬ ᠨᠢ ᠪᠤᠭᠤᠨᠢᠰᠬᠤ ᠪᠤᠯᠤᠨ᠎ᠠ᠂ ᠭᠡᠭᠦ ᠳᠤ ᠨᠢᠰᠭᠦ ᠤᠡᠭᠭᠤᠴᠠ ᠶᠢᠨ ᠬᠤᠷᠳᠤᠴᠠ ᠶᠢ ᠲᠦᠷᠭᠡᠳᠭᠡᠭᠦ ᠭᠡᠷᠡᠭᠳᠡᠢ᠃
       ᠠᠩᠭᠠᠷᠠᠬ ᠲᠤ ᠬᠦᠮᠦᠨ ᠭᠠᠷᠬᠤ ᠳᠤ ᠶᠠᠪᠤᠵᠤ ᠢᠷᠡᠭᠦ ᠦᠶ᠎ᠡ ᠶᠢᠨ ᠭᠡᠢ ᠠᠭᠠᠷ᠂ ᠤᠰᠤ ᠪᠠ ᠢᠳᠡᠭᠡᠨ ᠢ ᠵᠠᠪᠠᠯ ᠰᠢᠢᠳᠪᠦᠷᠢᠯᠡᠭᠦ ᠭᠡᠷᠡᠭᠳᠡᠢ᠂ ᠠᠩᠭᠠᠷᠠᠬ ᠲᠡᠭᠡᠷ᠎ᠡ ᠰᠠᠭᠠᠳᠠᠬᠤ ᠬᠤᠭᠤᠴᠠᠭᠠᠨ ᠤ ᠢᠳᠡᠭᠡᠨ ᠢ ᠴᠤ ᠰᠢᠢᠳᠪᠦᠷᠢᠯᠡᠭᠦ ᠭᠡᠷᠡᠭᠳᠡᠢ᠂ ᠬᠦᠴᠢᠯᠳᠦ᠋ᠷᠦᠭᠴᠢ ᠪᠠ ᠤᠰᠤ ᠶᠢ ᠲᠡᠨᠳᠡ ᠠᠴᠠ ᠰᠢᠢᠳᠪᠦᠷᠢᠯᠡᠵᠦ ᠪᠤᠯᠤᠨ᠎ᠠ᠃
       ᠨᠢᠭᠡ ᠤᠳᠠᠭ᠎ᠠ ᠭᠡᠳᠦᠢ ᠬᠦᠮᠦᠨ ᠭᠠᠷᠪᠠᠯ ᠵᠤᠬᠢᠰᠳᠠᠢ ᠪᠤᠢ︖ ᠵᠠᠷᠢᠮ ᠨᠢ 4 ᠡᠷᠡᠭᠳᠡᠢ 4 ᠡᠮᠡᠭᠳᠡᠢ᠂ ᠵᠠᠷᠢᠮ ᠨᠢ 3 ᠡᠷᠡᠭᠳᠡᠢ 3 ᠡᠮᠡᠭᠳᠡᠢ᠂ ᠵᠠᠷᠢᠮ ᠨᠢ 2 ᠡᠷᠡᠭᠳᠡᠢ 2 ᠡᠮᠡᠭᠳᠡᠢ ᠭᠡᠵᠦ ᠪᠤᠢ᠃ ᠡᠨᠡ ᠬᠦ ᠠᠶᠠᠯᠠᠯ ᠨᠢ ᠠᠶᠤᠯ ᠲᠦᠭᠰᠢᠭᠦᠷᠢᠳᠡᠢ ᠲᠤᠯᠠ ᠬᠦᠮᠦᠨ ᠴᠦᠭᠡᠨ ᠰᠢᠭ ᠪᠤᠯ ᠰᠠᠶᠢᠨ᠂ ᠭᠡᠪᠡᠴᠦ ᠮᠡᠷᠭᠡᠵᠢᠯ ᠨᠢ ᠪᠤᠳᠤᠯᠢᠶᠠᠨᠳᠠᠢ ᠲᠠᠢ ᠲᠤᠯᠠ ᠬᠦᠮᠦᠨ ᠨᠢ ᠭᠡᠳᠦᠷᠭᠡᠢ ᠴᠦᠭᠡᠨ ᠪᠤᠯ ᠪᠠᠰᠠ ᠪᠠᠶᠡᠯᠡᠭᠦᠯᠵᠦ ᠲᠠᠶᠢᠯᠭᠦ ᠦᠭᠡᠢ ᠶᠤᠮ᠃
       ᠨᠢᠰᠭᠦ ᠤᠡᠭᠭᠤᠴᠠᠨ ᠲᠡᠭᠡᠷ᠎ᠡ 2 ᠮᠧᠬᠠᠨᠢᠬ ᠤᠨ ᠢᠨᠵᠧᠨᠧᠷ᠂ 1 ᠤᠷᠴᠢᠨ ᠲᠤᠭᠤᠷᠢᠨ ᠤ ᠰᠢᠨᠵᠢᠯᠡᠭᠦ ᠤᠬᠠᠭᠠᠨᠳᠠᠨ᠂ 1 ᠬᠢᠮᠢᠴᠢᠨ᠂ ᠡᠶᠢᠮᠦ 4 ᠬᠦᠮᠦᠨ ᠪᠠᠶᠢᠪᠠᠯ ᠨᠢᠭᠡ ᠤᠳᠠᠭ᠎ᠠ ᠶᠢᠨ ᠨᠢᠰᠦᠯᠳᠡ ᠶᠢᠨ ᠡᠭᠦᠷᠭᠡ ᠶᠢ ᠪᠡᠶᠡᠯᠡᠭᠦᠯᠵᠦ ᠴᠢᠳᠠᠨ᠎ᠠ᠂ ᠡᠮᠴᠢ ᠪᠠ ᠪᠤᠰᠤᠳ ᠠᠵᠢᠯ ᠢ ᠮᠦᠨ 4 ᠬᠦᠮᠦᠨ ᠬᠠᠪᠰᠤᠷᠭᠠᠨ ᠬᠦᠢᠴᠡᠳᠭᠡᠵᠦ ᠪᠤᠯᠤᠨ᠎ᠠ ᠭᠡᠵᠦ ᠵᠠᠷᠢᠮ ᠰᠢᠨᠵᠢᠯᠡᠭᠦ ᠤᠬᠠᠭᠠᠨᠳᠠᠨ ᠦᠵᠡᠵᠦ ᠪᠠᠶᠢᠨ᠎ᠠ᠃ ᠵᠢᠱᠢᠵᠦ ᠪᠤᠳᠤᠬᠰᠠᠨ ᠢᠶᠠᠷ᠂ ᠬᠦᠮᠦᠨ ᠪᠦᠷᠢ ᠡᠳᠦᠷ ᠲᠤ 1 ᠺᠢᠯᠦᠭᠷᠡᠮ ᠬᠦᠴᠢᠯᠳᠦ᠋ᠷᠦᠭᠴᠢ᠂ 1.5 ᠺᠢᠯᠦᠭᠷᠠᠮ ᠢᠳᠡᠭᠡᠨ᠂ 4 ᠺᠢᠯᠦᠭᠷᠠᠮ ᠤᠮᠳᠠᠭᠠᠨ᠂ 26 ᠺᠢᠯᠦᠭᠷᠠᠮ ᠤᠬᠢᠶᠠᠯᠭ᠎ᠠ ᠶᠢᠨ ᠤᠰᠤ᠂ ᠨᠡᠶᠢᠳᠡ 32.5 ᠺᠢᠯᠦᠭᠷᠠᠮ ᠤᠨ ᠪᠤᠳᠠᠰ ᠬᠡᠷᠡᠭᠰᠡᠨ᠎ᠡ᠃ ᠡᠳᠦᠷ ᠬᠤᠭᠤᠴᠠᠭ᠎ᠠ ᠨᠢ ᠤᠷᠳᠤ ᠪᠤᠯ ᠭᠡᠷᠡᠭᠰᠡᠭᠦ ᠪᠤᠳᠠᠰ ᠨᠢ ᠴᠤ ᠢᠯᠡᠭᠦᠦ ᠤᠷᠤᠨ᠎ᠠ᠃
       4 ᠬᠦᠮᠦᠨ ᠤ ᠪᠢᠳᠡᠭᠦᠦ ᠦᠷᠦᠭᠡ᠂ ᠠᠩᠭᠠᠷᠠᠬ ᠲᠡᠭᠡᠷ᠎ᠡ ᠭᠡᠷᠡᠭᠯᠡᠭᠦ ᠲᠤᠨᠤᠬ ᠲᠦᠭᠦᠭᠡᠷᠦᠮᠵᠢ᠂ ᠬᠦᠮᠦᠨ ᠤ ᠬᠦᠨᠳᠦ ᠶᠢ ᠨᠡᠶᠢᠯᠡᠭᠦᠯᠵᠦ ᠪᠤᠳᠤᠪᠠᠯ ᠬᠦᠮᠦᠨ ᠪᠦᠷᠢ 7 ᠲᠤᠨ᠂ ᠨᠡᠶᠢᠳᠡ 28 ᠲᠤᠨ ᠪᠤᠯᠤᠨ᠎ᠠ᠂ ᠨᠢᠰᠭᠦ ᠤᠡᠭᠭᠤᠴᠠ ᠨᠢ ᠪᠠᠰᠠ ᠪᠤᠴᠠᠯᠳᠠ ᠶᠢᠨ ᠦᠷᠦᠭᠡ ᠪᠠ ᠲᠤᠨᠤᠬ ᠲᠦᠭᠦᠭᠡᠷᠦᠮᠵᠢ ᠶᠢ ᠠᠪᠠᠴᠢᠬᠤ ᠭᠡᠷᠡᠭᠳᠡᠢ᠂ ᠬᠦᠮᠦᠨ ᠪᠦᠷᠢ ᠳᠤ 3 ᠲᠤᠨ ᠨᠤᠬᠳᠠᠬᠤ ᠪᠠᠷ ᠪᠤᠳᠤᠪᠠᠯ ᠨᠡᠶᠢᠳᠡ 12 ᠲᠤᠨ᠂ ᠲᠡᠭᠡᠷ᠎ᠡ ᠨᠢ ᠪᠤᠴᠠᠬᠤ ᠦᠶ᠎ᠡ ᠶᠢᠨ 18 ᠲᠤᠨ ᠲᠦᠯᠬᠢᠯᠳᠡ ᠶᠢᠨ ᠰᠢᠳᠠᠭᠠᠯᠭ᠎ᠠ ᠶᠢ ᠨᠡᠮᠡᠪᠡᠯ᠂ ᠨᠡᠶᠢᠳᠡ ᠬᠦᠨᠳᠦ ᠨᠢ 58 ᠲᠤᠨ ᠬᠦᠷᠦᠨ᠎ᠡ᠃ ᠠᠩᠭᠠᠷᠠᠬ ᠲᠤ ᠭᠠᠷᠬᠤ ᠨᠢᠰᠭᠦ ᠬᠦᠨᠳᠦ ᠨᠢ 143 — 185 ᠲᠤᠨ ᠪᠠᠶᠢᠳᠠᠬ᠃ ᠨᠢᠭᠡ ᠯᠡ ᠤᠳᠠᠭ᠎ᠠ ᠨᠢᠰᠭᠡᠭᠦ ᠳᠤ ᠲᠤᠮᠤ ᠲᠦᠯᠬᠢᠯᠳᠡ ᠶᠢᠨ ᠬᠦᠴᠦ ᠲᠠᠢ ᠲᠠᠶᠢᠷᠤᠯᠳᠠ ᠰᠤᠮᠤ ᠪᠠᠶᠢᠬᠤ ᠭᠡᠷᠡᠭᠳᠡᠢ᠃ ᠭᠡᠯᠡᠯᠭᠡᠨ ᠦᠭᠡᠢ ᠵᠠᠷᠢᠮ ᠲᠤᠨᠤᠬ ᠲᠦᠭᠦᠭᠡᠷᠦᠮᠵᠢ ᠪᠠ ᠪᠤᠴᠠᠬᠤ ᠦᠶ᠎ᠡ ᠶᠢᠨ ᠭᠡᠷᠡᠭᠰᠡᠯ ᠢ ᠤᠷᠢᠳᠠᠪᠠᠷ ᠠᠩᠭᠠᠷᠠᠬ ᠲᠡᠭᠡᠷ᠎ᠡ ᠬᠦᠷᠭᠡᠵᠦ ᠪᠤᠯᠤᠨ᠎ᠠ᠃ ᠰᠠᠨᠰᠠᠷ ᠤᠨ ᠨᠢᠰᠭᠡᠯ ᠢᠶᠠᠷ ᠲᠠᠯᠡᠭᠡᠢ ᠶᠢᠨ ᠪᠦᠮᠪᠦᠷᠴᠡᠭ ᠤᠨ ᠲᠤᠭᠤᠷᠢᠯᠳᠠ ᠶᠢᠨ ᠵᠠᠮ ᠲᠡᠭᠡᠷ᠎ᠡ ᠬᠦᠷᠭᠡᠭᠡᠳ ᠲᠡᠨᠳᠡ ᠤᠬᠰᠠᠷᠠᠵᠤ ᠲᠠᠬᠢᠨ ᠠᠩᠭᠠᠷᠠᠬ ᠲᠤ ᠵᠦᠭᠡᠭᠡᠪᠦᠷᠢᠯᠡᠵᠦ ᠪᠠᠰᠠ ᠪᠤᠯᠤᠨ᠎ᠠ᠃
       ᠨᠢᠰᠭᠦ ᠤᠡᠭᠭᠤᠴᠠ ᠠᠩᠭᠠᠷᠠᠬ ᠲᠡᠭᠡᠷ᠎ᠡ ᠰᠢᠭᠤᠳ ᠪᠠᠭᠤᠵᠤ ᠪᠤᠯᠤᠨ᠎ᠠ᠂ ᠪᠠᠰᠠ ᠠᠩᠭᠠᠷᠠᠬ ᠤᠨ ᠲᠤᠭᠤᠷᠢᠯᠳᠠ ᠶᠢᠨ ᠵᠠᠮ ᠲᠡᠭᠡᠷ᠎ᠡ ᠡᠷᠬᠢᠵᠦ ᠪᠠᠶᠢᠭᠠᠳ ᠰᠠᠶᠢᠬᠠᠨ ᠴᠠᠬ ᠤᠯᠠᠷᠢᠯ ᠢ ᠰᠤᠩᠭᠤᠵᠤ ᠪᠠᠭᠤᠵᠤ ᠪᠤᠯᠤᠨ᠎ᠠ᠂ ᠭᠠᠵᠠᠷ ᠪᠠᠭᠤᠬᠤ ᠦᠷᠦᠭᠡ ᠨᠢ ᠤᠷᠢᠳᠠᠪᠠᠷ ᠪᠠᠭᠤᠭᠠᠳ᠂ ᠪᠤᠰᠤᠳ ᠨᠢ ᠦᠷᠭᠦᠯᠵᠢᠯᠡᠨ ᠲᠤᠭᠤᠷᠢᠯᠳᠠ ᠶᠢᠨ ᠵᠠᠮ ᠢᠶᠠᠷ ᠶᠠᠪᠤᠵᠤ ᠪᠤᠯᠤᠨ᠎ᠠ᠃ ᠲᠡᠭᠡᠷ᠎ᠡ ᠲᠤᠷᠠᠳᠤᠬᠰᠠᠨ ᠲᠦᠰᠦᠯ ᠤᠳ ᠨᠢ ᠬᠤᠪᠢ ᠬᠤᠪᠢᠨ ᠤ ᠰᠠᠶᠢᠨᠳᠠᠢ ᠪᠠ ᠲᠤᠳᠠᠬᠳᠠᠯ ᠲᠠᠢ ᠵᠦᠢᠯ ᠪᠠᠶᠢᠨ᠎ᠠ᠃ ᠨᠢᠰᠭᠦ ᠤᠡᠭᠭᠤᠴᠠ ᠶᠢᠨ ᠬᠦᠨᠳᠦ ᠪᠠ ᠲᠠᠶᠢᠷᠦᠯᠳᠦ ᠰᠤᠮᠤ ᠶᠢᠨ ᠲᠦᠯᠬᠢᠯᠳᠡ ᠶᠢᠨ ᠬᠦᠴᠦᠨ ᠤ ᠱᠠᠭᠠᠷᠳᠠᠯᠭ᠎ᠠ ᠶᠢ ᠪᠠᠭᠤᠷᠠᠭᠤᠯᠬᠤ ᠶᠢᠨ ᠲᠦᠯᠦᠭᠡ ᠵᠠᠷᠢᠮ ᠡᠷᠳᠡᠮᠳᠡᠨ ︽ᠦᠪᠡᠷ ᠤᠨ ᠬᠦᠴᠦᠨ ᠢᠶᠠᠷ ᠲᠡᠭᠵᠢᠷᠡᠭᠦ︾ ᠲᠦᠰᠦᠯ ᠢ ᠴᠤ ᠲᠤᠷᠠᠳᠴᠤ ᠪᠠᠶᠢᠨ᠎ᠠ᠂ ᠲᠤᠬᠠᠢᠢᠯᠠᠪᠠᠯ ᠠᠩᠭᠠᠷᠠᠬ ᠲᠡᠭᠡᠷ᠎ᠡ ᠲᠦᠯᠬᠢᠯᠳᠡ ᠶᠢᠨ ᠰᠢᠳᠠᠭᠠᠯᠭ᠎ᠠ᠂ ᠠᠮᠢᠳᠤᠷᠠᠯ ᠤᠨ ᠤᠰᠤ ᠪᠠ ᠬᠦᠴᠢᠯᠳᠦ᠋ᠷᠦᠭᠴᠢ ᠶᠢ ᠦᠢᠯᠡᠳᠪᠦᠷᠢᠯᠡᠭᠦ ᠲᠦᠰᠦᠯ ᠢ ᠲᠤᠷᠠᠳᠪᠠ᠃
       ᠠᠩᠭᠠᠷᠠᠬ ᠲᠠᠬᠢ ᠡᠬᠢ ᠪᠠᠶᠠᠯᠢᠬ ᠢ ᠠᠰᠢᠬᠯᠠᠬᠤ ᠠᠴᠠ ᠭᠠᠳᠠᠨ᠎ᠠ ᠠᠶᠠᠯᠠᠯ ᠤᠨ ᠶᠠᠪᠤᠴᠠ ᠳᠤ ᠪᠠᠰᠠ ᠨᠠᠷᠠᠨ ᠤ ᠡᠨᠧᠷᠬᠢ ᠶᠢᠨ ᠲᠠᠶᠢᠷᠤᠯᠳᠤ ᠰᠤᠮᠤ ᠶᠢ ᠭᠡᠷᠡᠭᠯᠡᠵᠦ ᠪᠤᠯᠤᠨ᠎ᠠ᠃ ᠲᠡᠭᠦᠨ ᠤ ᠴᠢᠳᠠᠪᠬᠢ ᠨᠢ ᠬᠢᠮᠢ ᠶᠢᠨ ᠡᠨᠧᠷᠬᠢ ᠶᠢᠨ ᠲᠡᠶᠢᠷᠦᠯᠳᠦ ᠰᠤᠮᠤ ᠶᠢᠨ ᠴᠢᠳᠠᠪᠬᠢ ᠠᠴᠠ 2 ᠲᠠᠬᠢᠨ ᠶᠡᠭᠡ ᠪᠠᠶᠢᠳᠠᠬ᠃
       ᠠᠩᠭᠠᠷᠠᠬ ᠲᠡᠭᠡᠷ᠎ᠡ ᠭᠠᠷᠬᠤ ᠠᠶᠤᠯ ᠳᠤ ᠰᠠᠴᠤᠷᠠᠬ᠂ ᠬᠦᠨᠳᠦ ᠪᠠᠨ ᠠᠯᠳᠠᠬᠤ᠂ ᠠᠩᠭᠠᠷᠠᠬ ᠤᠨ ᠰᠢᠭᠤᠷᠭᠠᠨ ᠪᠠ ᠡᠪᠡᠳᠴᠢᠳᠡᠨ ᠤ ᠬᠤᠤᠷ᠎ᠠ ᠵᠡᠷᠭᠡ ᠪᠠᠶᠢᠳᠠᠬ᠃ ᠡᠳᠡᠭᠡᠷ ᠠᠶᠤᠯ ᠢ ᠲᠡᠭᠡᠳᠦ ᠰᠢᠨ᠎ᠡ ᠮᠡᠷᠭᠡᠵᠢᠯ ᠢᠶᠠᠷ ᠴᠦᠮ ᠵᠠᠶᠢᠯᠠᠭᠤᠯᠵᠤ ᠴᠢᠳᠠᠨ᠎ᠠ᠃ ᠡᠭᠦᠨ ᠳᠤ ᠡᠪᠡᠳᠴᠢᠨ ᠤ ᠬᠤᠤᠷ᠎ᠠ ᠭᠡᠳᠡᠭ ᠨᠢ ᠵᠦᠪᠭᠡᠨ ᠲᠠᠭᠠᠮᠠᠬᠯᠠᠵᠤ ᠪᠠᠶᠢᠭ᠎ᠠ ᠶᠠᠪᠤᠳᠠᠯ ᠮᠦᠨ᠂ ᠡᠪᠡᠳᠴᠢᠨ ᠤ ᠬᠤᠤᠷ᠎ᠠ ᠪᠠᠶᠢᠬᠤ ᠡᠰᠡᠭᠦ ᠶᠢ ᠪᠠᠰᠠ ᠲᠤᠳᠤᠯᠠᠵᠤ ᠴᠢᠳᠠᠭᠠᠳᠤᠢ᠂ ᠪᠠᠶᠢᠯ᠎ᠠ ᠴᠤ ᠭᠡᠳ ᠲᠡᠯᠡᠭᠡᠢ ᠶᠢᠨ ᠪᠦᠮᠪᠦᠷᠴᠡᠭ ᠪᠠ ᠠᠩᠭᠠᠷᠠᠬ ᠤᠨ ᠤᠷᠴᠢᠨ ᠲᠤᠭᠤᠷᠢᠨ ᠨᠢ ᠦᠰᠦᠳ ᠦᠭᠡᠷ᠎ᠡ ᠲᠤᠯᠠ ᠠᠩᠭᠠᠷᠠᠬ ᠲᠡᠭᠡᠷᠡᠬᠢ ᠡᠪᠡᠳᠴᠢᠨ ᠤ ᠬᠤᠤᠷ᠎ᠠ ᠨᠢ ᠬᠦᠮᠦᠨ ᠲᠦᠷᠦᠯᠬᠢᠳᠡᠨ ᠳᠤ ᠠᠶᠤᠯ ᠪᠤᠯᠬᠤ ᠪᠤᠯᠤᠯᠴᠠᠭ᠎ᠠ ᠦᠭᠡᠢ ᠶᠤᠮ᠃
       ᠡᠭᠦᠨ ᠠᠴᠠ ᠭᠠᠳᠠᠨ᠎ᠠ᠂ ᠰᠠᠨᠰᠠᠷ ᠤᠨ ᠨᠢᠰᠦᠭᠴᠢᠳ ᠭᠡᠷ ᠤᠨ ᠬᠦᠮᠦᠰ ᠪᠠ ᠨᠡᠶᠢᠭᠡᠮ ᠨᠡᠶᠢᠳᠡ ᠠᠴᠠ ᠤᠷᠳᠤ ᠬᠤᠭᠤᠴᠠᠭ᠎ᠠ ᠪᠠᠷ ᠠᠩᠬᠢᠵᠢᠷᠠᠬᠤ ᠲᠤᠯᠠ ᠰᠡᠳᠬᠢᠯ ᠤᠨ ᠲᠠᠷᠤᠭᠠᠰᠤ ᠲᠠᠢ ᠪᠤᠯᠵᠤ ᠮᠡᠳᠡᠨ᠎ᠡ᠃ ᠭᠡᠪᠡᠴᠦ ᠠᠩᠭᠠᠷᠠᠬ ᠢ ᠬᠠᠶᠢᠬᠤ ᠦᠢᠯᠡᠰ ᠪᠤᠯ ᠬᠦᠮᠦᠨ ᠤ ᠰᠡᠳᠬᠢᠯ ᠢ ᠲᠤᠭᠳᠤᠯᠤᠭᠤᠯᠤᠮ᠎ᠠ ᠪᠠᠭᠠᠳᠤᠷᠯᠢᠬ ᠦᠢᠯᠡᠰ ᠮᠦᠨ ᠪᠤᠯᠬᠤᠷ ᠪᠤᠯᠪᠠᠰᠤᠷᠠᠯ ᠰᠠᠶᠢᠳᠠᠢ ᠰᠠᠨᠰᠠᠷ ᠤᠨ ᠨᠢᠰᠦᠭᠴᠢᠳ ᠯᠠᠪᠳᠠᠢ ᠬᠦᠮᠦᠨ ᠲᠦᠷᠦᠯᠬᠢᠳᠡᠨ ᠤ ᠠᠭᠤᠤ ᠶᠡᠭᠡ ᠵᠤᠷᠢᠬ ᠰᠠᠨᠠᠭ᠎ᠠ ᠶᠢ ᠪᠠᠳᠠᠷᠠᠭᠤᠯᠵᠤ᠂ ᠬᠦᠴᠢᠷ ᠪᠦᠭᠦᠨ ᠢ ᠢᠯᠠᠵᠤ᠂ ᠠᠩᠭᠠᠷᠠᠬ ᠤᠨ ᠬᠦᠷᠦᠰᠦᠨ ᠳᠤ ᠬᠢᠰᠬᠢᠵᠦ ᠴᠢᠳᠠᠬᠤ ᠶᠤᠮ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ