ᠰᠤᠪᠠᠢ ᠮᠡᠭᠡᠵᠢ ᠶᠢᠨ  ᠠᠷᠠᠴᠢᠯᠠᠭ᠎ᠠ ᠬᠠᠮᠢᠶᠠᠷᠤᠯᠲᠠ ᠶᠢ ᠴᠢᠩᠭᠠᠳᠬᠠᠬᠤ ᠨᠢ
ᠨᠡᠶᠢᠲᠡᠯᠡᠭᠰᠡᠨ ᠴᠠᠭ᠄
2018/12/6

     ᠰᠤᠪᠠᠢ ᠮᠡᠭᠡᠵᠢ ᠶᠢᠨ ᠠᠷᠠᠴᠢᠯᠠᠭ᠎ᠠ ᠬᠠᠮᠢᠶᠠᠷᠤᠯᠲᠠ ᠶᠢᠨ ᠵᠠᠩᠭᠢᠯᠠᠭ᠎ᠠ ᠨᠢ ᠮᠡᠭᠡᠵᠢ ᠶᠢᠨ ᠬᠡᠪ ᠤᠨ ᠦᠷᠡᠵᠢᠯ ᠳᠤ ᠬᠡᠷᠡᠭᠯᠡᠬᠦ ᠪᠡᠶ᠎ᠡ ᠪᠠᠶᠢᠳᠠᠯ ᠲᠠᠢ ᠪᠠᠶᠢᠬᠤ ᠶᠢ ᠪᠠᠲᠤᠯᠠᠵᠤ᠂ ᠮᠡᠭᠡᠵᠢ ᠶᠢᠨ ᠬᠡᠪ ᠢᠶᠠᠷ ᠤᠷᠤᠭ᠎ᠠ ᠤᠷᠤᠬᠤ᠂ ᠥᠨᠳᠡᠭᠡᠨ ᠡᠰ ᠭᠠᠳᠠᠭᠰᠢᠯᠠᠭᠤᠯᠬᠤ᠂ ᠴᠠᠭ ᠲᠤᠬᠠᠢ ᠳᠤᠨᠢ ᠬᠡᠭᠡᠯᠳᠦᠬᠦ ᠶᠢ ᠪᠠᠲᠤᠯᠠᠨ᠎ᠠ᠃
     1. ᠰᠢᠮ᠎ᠡ ᠲᠡᠵᠢᠭᠡᠯ ᠨᠡᠯᠢᠶᠡᠳ ᠥᠨᠳᠥᠷ ᠬᠤᠨᠤᠭ ᠤᠨ ᠪᠤᠷᠳᠤᠭ᠎ᠠ ᠪᠠᠷ ᠲᠠᠵᠢᠭᠡᠵᠤ᠂ ᠮᠡᠭᠡᠵᠢ ᠶᠢᠨ ᠲᠠᠷᠭᠤ ᠶᠢᠨ ᠪᠠᠶᠢᠳᠠᠯ ᠵᠣᠬᠢᠰᠲᠠᠢ ᠪᠠᠶᠢᠬᠤ ᠶᠢ ᠪᠠᠲᠤᠯᠠᠨ᠎ᠠ᠃ ᠮᠡᠭᠡᠵᠢ ᠨᠢ ᠬᠡᠳᠦ ᠡᠴᠡᠩᠬᠡᠢ ᠪᠤᠶᠤ ᠬᠡᠳᠦ ᠲᠠᠷᠭᠤᠨ ᠪᠠᠶᠢᠬᠤ ᠨᠢ ᠪᠦᠷ ᠣᠷᠤᠭ᠎ᠠ ᠤᠷᠤᠬᠤ ᠦᠭᠡᠢ᠂ ᠥᠨᠳᠡᠭᠡᠨ ᠡᠰ ᠤᠨ ᠭᠠᠳᠠᠭᠰᠢᠯᠠᠯᠲᠠ ᠪᠠᠭ᠎ᠠ᠂ ᠦᠨᠳᠡᠭᠡ ᠶᠢᠨ ᠠᠮᠢᠳᠤᠷᠠᠬᠤ ᠬᠦᠴᠦᠨ ᠨᠢ ᠳᠤᠷᠤᠢ᠂ ᠦᠷ᠎ᠡ ᠲᠣᠭᠲᠠᠬᠤ ᠴᠢᠳᠠᠪᠤᠷᠢ ᠨᠢ ᠳᠣᠣᠷ᠎ᠠ ᠪᠦᠭᠡᠳ ᠪᠠᠰᠠ ᠠᠮᠠᠷᠬᠠᠨ ᠰᠤᠪᠠᠶᠢᠷᠠᠬᠤ ᠪᠤᠯᠤᠨ᠎ᠠ᠃
     2. ᠣᠬᠤᠷ ᠬᠤᠭᠤᠴᠠᠭᠠᠨ ᠳᠤ ᠰᠢᠯᠢᠳᠡᠭ ᠪᠤᠷᠳᠤᠬᠤ ᠮᠡᠷᠭᠡᠵᠢᠯ ᠢᠶᠠᠷ ᠣᠷᠤᠭ᠎ᠠ ᠤᠷᠤᠬᠤ᠂ ᠥᠨᠳᠡᠭᠡᠨ ᠡᠰ ᠭᠠᠳᠠᠭᠰᠢᠯᠠᠭᠤᠯᠬᠤ ᠶᠢ ᠠᠬᠢᠭᠤᠯᠤᠨ᠎ᠠ᠃ ᠬᠡᠭᠡᠯᠲᠦᠭᠦᠯᠬᠦ ᠠᠴᠠ ᠡᠮᠦᠨ᠎ᠡ 10~14 ᠡᠳᠦᠷ ᠲᠤ᠂ ᠪᠡᠯᠡᠳᠬᠡᠯ ᠮᠡᠭᠡᠵᠢ ᠳᠤ ᠤᠤᠯ ᠤᠨ ᠬᠤᠨᠤᠭ ᠤᠨ ᠲᠡᠵᠢᠭᠡᠯ ᠤᠨ ᠰᠠᠭᠤᠷᠢ ᠳᠡᠭᠡᠷ᠎ᠡ ᠪᠣᠷᠳᠤᠭ᠎ᠠ ᠶᠢᠨ ᠬᠡᠮᠵᠢᠶ᠎ᠡ ᠶᠢ 0.5 ᠺᠢᠯᠣᠭ᠍ᠷᠠᠮ ᠤᠷᠴᠢᠮ ᠨᠡᠮᠡᠭᠳᠡᠭᠦᠯᠵᠦ᠂ ᠬᠡᠭᠡᠯᠳᠦᠭᠦᠯᠭᠡ ᠬᠢᠵᠦ ᠪᠠᠷᠠᠭᠰᠠᠨ ᠤ ᠳᠠᠷᠠᠭ᠎ᠠ ᠨᠡᠮᠡᠬᠦ ᠪᠠᠨ ᠵᠣᠭᠰᠣᠭᠠᠨ᠎ᠠ︔ ᠲᠣᠷᠦ᠋ᠢᠯᠠᠭᠰᠠᠨ ᠮᠡᠭᠡᠵᠢ ᠳᠤ ᠤᠤᠯ ᠤᠨ ᠬᠤᠨᠤᠭ ᠤᠨ ᠲᠡᠵᠢᠭᠡᠯ ᠤᠨ ᠰᠠᠭᠤᠷᠢ ᠳᠡᠭᠡᠷ᠎ᠡ 0.4 ᠺᠢᠯᠣᠭ᠍ᠷᠠᠮ ᠪᠤᠷᠳᠤᠭ᠎ᠠ ᠨᠡᠮᠡᠭᠳᠡᠭᠦᠯᠵᠦ᠂ ᠪᠡᠶ᠎ᠡ ᠶᠢᠨ ᠪᠠᠶᠢᠳᠠᠯ ᠢ ᠦᠵᠡᠵᠦ ᠪᠠᠶᠢᠭᠠᠳ ᠪᠣᠷᠳᠤᠭ᠎ᠠ ᠶᠢᠨ ᠬᠡᠮᠵᠢᠶ᠎ᠡ ᠶᠢ ᠨᠡᠮᠡᠵᠦ ᠬᠠᠰᠤᠨ᠎ᠠ᠃
     3. ᠰᠦᠷᠦᠭ ᠬᠤᠪᠢᠶᠠᠵᠤ ᠲᠡᠵᠢᠭᠡᠨ᠂ ᠵᠣᠬᠢᠰᠲᠠᠢ ᠬᠥᠳᠡᠯᠭᠡᠭᠡᠨ ᠬᠢᠯᠭᠡᠵᠦ᠂ ᠠᠵᠢᠷᠭ᠎ᠠ ᠭᠠᠭ᠋ᠠᠢ ᠪᠠᠷ ᠣᠷᠤᠭ᠎ᠠ ᠦᠳᠦᠭᠡᠨ᠎ᠡ᠃ ᠶᠡᠷᠦ ᠳᠡᠭᠡᠨ 4~5 ᠭᠠᠭ᠋ᠠᠢ ᠶᠢ ᠨᠢᠭᠡ ᠰᠦᠷᠦᠭ ᠪᠣᠯᠭᠠᠵᠦ ᠬᠠᠷᠢᠯᠴᠠᠨ ᠰᠡᠲᠡᠪᠡᠯ ᠡᠷᠲᠡ ᠰᠢᠭ ᠣᠷᠤᠭ᠎ᠠ ᠣᠷᠣᠵᠤ᠂ ᠬᠡᠭᠡᠯᠲᠦᠭᠦᠯᠬᠦ ᠳᠤ ᠠᠰᠢᠭᠲᠠᠢ ᠪᠣᠯᠤᠨ᠎ᠠ᠃ ᠪᠡᠯᠡᠳᠬᠡᠯ ᠮᠡᠭᠡᠵᠢ ᠶᠢ ᠡᠳᠦᠷ ᠪᠦᠷᠢ 2~3 ᠴᠠᠭ ᠴᠢᠯᠦᠭᠡᠲᠡᠢ ᠬᠥᠳᠡᠯᠭᠡᠭᠡᠨ ᠬᠢᠯᠭᠡᠨ᠎ᠡ᠃ ᠣᠷᠤᠭ᠎ᠠ ᠰᠢᠯᠭᠠᠬᠤ ᠠᠵᠢᠷᠭ᠎ᠠ ᠭᠠᠭ᠋ᠠᠢ ᠪᠠᠷ ᠣᠷᠤᠭ᠎ᠠ ᠤᠷᠤᠬᠤ ᠦᠭᠡᠢ ᠮᠡᠭᠡᠵᠢ ᠶᠢ ᠬᠥᠭᠡᠯᠭᠡᠬᠦ ᠡᠰᠡᠬᠦᠯ᠎ᠠ ᠠᠵᠢᠷᠭ᠎ᠠ ᠭᠠᠭ᠋ᠠᠢ ᠪᠠ ᠮᠡᠭᠡᠵᠢ ᠶᠢ ᠨᠢᠭᠡ ᠡᠭᠦᠷ ᠲᠤ ᠬᠠᠮᠲᠤ ᠲᠡᠵᠢᠭᠡᠵᠦ ᠪᠠᠶᠢᠭᠠᠳ ᠣᠷᠤᠭ᠎ᠠ ᠤᠷᠤᠬᠤ ᠦᠭᠡᠢ ᠮᠡᠭᠡᠵᠢ ᠶᠢᠨ ᠣᠷᠤᠭ᠎ᠠ ᠪᠠ ᠦᠨᠳᠡᠭᠡᠨ ᠡᠰ ᠤᠨ ᠭᠠᠳᠠᠭᠰᠢᠯᠠᠯᠲᠠ ᠶᠢ ᠠᠬᠢᠭᠤᠯᠤᠨ᠎ᠠ᠃
     4. ᠰᠤᠪᠠᠢ ᠮᠡᠭᠡᠵᠢ ᠶᠢᠨ ᠣᠷᠤᠭ᠎ᠠ ᠶᠢ ᠰᠠᠶᠢᠲᠤᠷ ᠰᠢᠯᠭᠠᠨ ᠲᠣᠭᠲᠠᠭᠠᠵᠤ᠂ ᠣᠷᠤᠭ᠎ᠠ ᠶᠢ ᠣᠷᠬᠢᠭᠳᠠᠭᠤᠯᠵᠤ ᠰᠤᠪᠠᠶᠢᠷᠠᠬᠤ ᠠᠴᠠ ᠰᠡᠷᠭᠡᠶᠢᠯᠡᠨ᠎ᠡ᠃ ᠣᠷᠤᠭ᠎ᠠ ᠶᠢ ᠰᠢᠯᠭᠠᠨ ᠲᠣᠭᠲᠠᠭᠠᠬᠤ ᠠᠷᠭ᠎ᠠ ᠳᠤ ᠭᠤᠣᠯᠳᠠᠭᠤ ᠣᠷᠤᠭ᠎ᠠ ᠶᠢᠨ ᠰᠢᠨᠵᠢ ᠲᠡᠮᠳᠡᠭ ᠢ ᠦᠨᠳᠦᠰᠦᠯᠡᠨ ᠰᠢᠯᠭᠠᠨ ᠲᠤᠭᠲᠠᠭᠠᠬᠤ ᠪᠠ ᠠᠵᠢᠷᠭ᠎ᠠ ᠭᠠᠭ᠋ᠠᠢ ᠪᠠᠷ ᠤᠷᠤᠭ᠎ᠠ ᠰᠢᠯᠭᠠᠬᠤ ᠬᠤᠶᠠᠷ ᠵᠦᠢᠯ ᠤᠨ ᠠᠷᠭ᠎ᠠ ᠪᠠᠶᠢᠳᠠᠭ᠃ ᠶᠡᠷᠦ ᠳᠡᠭᠡᠨ ᠮᠡᠭᠡᠵᠢ ᠶᠢᠨ ᠤᠷᠤᠭᠠᠨ ᠤ ᠡᠮᠦᠨᠡᠬᠢ ᠬᠤᠭᠤᠴᠠᠭᠠᠨ ᠤ ᠢᠯᠡᠷᠡᠯ ᠨᠢ ᠪᠤᠰᠤᠳ ᠮᠡᠭᠡᠵᠢ ᠶᠢᠨ ᠪᠡᠶ᠎ᠡ ᠳᠡᠭᠡᠷ᠎ᠡ ᠬᠠᠷᠠᠶᠢᠬᠤ᠂ ᠭᠠᠳᠠᠷ ᠪᠡᠯᠭᠡ ᠶᠢᠨ ᠬᠡᠰᠡᠭ ᠨᠢ ᠲᠤᠮᠤᠷᠠᠬᠤ᠂ ᠤᠮᠠᠢ ᠶᠢᠨ ᠰᠠᠯᠢᠰᠤᠲᠤ ᠪᠦᠷᠬᠦᠪᠴᠢ ᠨᠢ ᠤᠯᠠᠶᠢᠵᠦ ᠲᠤᠮᠤᠷᠠᠬᠤ ᠪᠠ ᠰᠠᠯᠢᠰᠤᠲᠦ ᠰᠢᠩᠭᠡᠨ ᠲᠠᠢ ᠪᠣᠯᠳᠠᠭ᠂ ᠭᠡᠪᠡᠴᠦ ᠠᠵᠢᠷᠭ᠎ᠠ ᠭᠠᠭ᠋ᠠᠢ ᠶᠢᠨ ᠬᠠᠷᠠᠶᠢᠬᠤ ᠶᠢ ᠬᠦᠯᠢᠶᠡᠬᠦ ᠦᠭᠡᠢ ︵12~36 ᠴᠠᠭ ᠦᠷᠭᠦᠯᠵᠢᠯᠡᠨ᠎ᠡ︶ ᠪᠠᠶᠢᠳᠠᠭ︔ ᠤᠷᠤᠭᠠᠨ ᠤ ᠳᠤᠮᠳᠠ ᠬᠤᠭᠤᠴᠠᠭᠠᠨ ᠤ ᠢᠯᠡᠷᠠᠯ ᠨᠢ᠂ ᠮᠡᠭᠡᠵᠢ ᠶᠢᠨ ᠨᠢᠷᠤᠭᠤ ᠶᠢ ᠳᠠᠷᠤᠪᠠᠯ ᠵᠣᠭᠰᠣᠭᠠᠳ ᠬᠥᠳᠡᠯᠬᠦ ᠦᠭᠡᠢ᠂ ᠴᠢᠬᠢ ᠪᠠᠨ ᠪᠣᠰᠬᠠᠵᠦ᠂ ᠭᠠᠳᠠᠷ ᠪᠡᠯᠭᠡ ᠨᠢ ᠬᠠᠪᠤᠳᠤᠨ ᠲᠤᠮᠣᠷᠠᠵᠦ᠂ ᠤᠮᠠᠢ ᠶᠢᠨ ᠰᠠᠯᠢᠰᠤᠲᠤ ᠪᠦᠷᠬᠦᠪᠴᠢ ᠨᠢ ᠶᠠᠭᠠᠨ ᠥᠩᠭᠡ ᠲᠠᠢ᠂ ᠨᠢᠯᠴᠠᠭᠠᠢ ᠨᠢ ᠰᠢᠩᠭᠡᠨ ᠲᠤᠩᠭᠠᠯᠠᠭ ᠪᠠᠶᠢᠵᠤ᠂ ᠶᠠᠮᠠᠷᠴᠦ ᠲᠠᠭᠤ ᠭᠠᠷᠬᠤ ᠦᠭᠡᠢ ᠪᠣᠯᠳᠠᠭ ︵ᠬᠦᠮᠦᠨ ᠳᠤ ᠪᠠᠰᠠ ᠯᠠᠪᠳᠠᠭᠤᠨ ᠵᠣᠭᠰᠣᠵᠤ ᠦᠭᠬᠦᠨ᠎ᠡ︶᠃ ᠡᠨᠡ ᠦᠶᠡᠰ ᠪᠤᠯ ᠦᠷ᠎ᠡ ᠳᠠᠮᠵᠢᠭᠤᠯᠬᠤ ᠬᠠᠮᠤᠭ ᠤᠨ ᠲᠤᠬᠢᠷᠠᠮᠵᠢᠲᠠᠢ ᠴᠠᠭ ᠪᠣᠯᠣᠨ᠎ᠠ᠃ ᠤᠷᠤᠭᠠᠨ ᠤ ᠰᠡᠭᠦᠯᠴᠢ ᠶᠢᠨ ᠬᠤᠭᠤᠴᠠᠭᠠᠨ ᠳᠤ᠂ ᠮᠡᠭᠡᠵᠢ ᠲᠤᠡᠡᠳᠠᠪᠤᠷᠢ ᠲᠠᠢ ᠪᠤᠯᠵᠦ᠂ ᠭᠠᠳᠠᠷ ᠪᠡᠯᠭᠡ ᠶᠢᠨ ᠬᠡᠰᠡᠭ ᠨᠢ ᠡᠬᠢᠯᠡᠨ ᠬᠤᠮᠢᠵᠤ᠂ ᠤᠮᠠᠢ ᠶᠢᠨ ᠰᠠᠯᠢᠰᠤᠲᠤ ᠪᠦᠷᠬᠦᠪᠴᠢ ᠨᠢ ᠭᠦᠶᠦᠬᠡᠨ ᠪᠣᠷᠣ ᠥᠩᠭᠡ ᠲᠠᠢ ᠪᠤᠯᠵᠦ᠂ ᠨᠢᠯᠴᠠᠭᠠᠢ ᠨᠢ ᠦᠳᠭᠡᠨ ᠪᠣᠯᠵᠤ᠂ ᠠᠵᠢᠷᠭ᠎ᠠ ᠭᠠᠭ᠋ᠠᠢ ᠶᠢ ᠬᠠᠷᠠᠶᠢᠯᠭᠠᠬᠤ ᠦᠭᠡᠢ ᠪᠣᠯᠳᠠᠭ᠃
     5. ᠲᠣᠬᠢᠷᠠᠭᠰᠠᠨ ᠴᠠᠭ ᠲᠤ ᠬᠡᠭᠡᠯᠲᠦᠭᠦᠯᠬᠦ᠃ ᠪᠡᠯᠡᠳᠭᠡᠯ ᠮᠡᠭᠡᠵᠢ ᠪᠠᠷ ᠠᠪᠴᠦ ᠬᠡᠯᠡᠪᠡᠯ᠂ ᠨᠣᠲᠤᠭ ᠤᠨ ᠡᠭᠦᠯᠳᠡᠷ ᠲᠠᠢ ᠡᠷᠯᠢᠰᠡᠵᠢᠭᠦᠯᠦᠭᠰᠡᠨ ᠪᠡᠯᠡᠳᠬᠡᠯ ᠮᠡᠭᠡᠵᠢ ᠶᠢᠨ ᠠᠩᠬ᠎ᠠ ᠬᠡᠭᠡᠯᠲᠦᠭᠦᠯᠬᠦ ᠨᠠᠰᠤ ᠨᠢ ᠶᠡᠷᠦ ᠳᠡᠭᠡᠨ 7~7.5 ᠰᠠᠷ᠎ᠠ᠂ ᠪᠡᠶ᠎ᠡ ᠶᠢᠨ ᠬᠦᠨᠳᠦ ᠨᠢ 80~90 ᠺᠢᠯᠣᠭ᠍ᠷᠠᠮ ᠬᠦᠷᠪᠡᠯ ᠵᠤᠬᠢᠨ᠎ᠠ᠂ ᠭᠠᠳᠠᠨ᠎ᠠ ᠠᠴᠠ ᠣᠷᠣᠭᠤᠯᠤᠭᠰᠠᠨ ᠡᠭᠦᠯᠳᠡᠷ ᠢ ᠬᠡᠭᠡᠯᠲᠦᠭᠦᠯᠬᠦ ᠨᠠᠰᠤ ᠨᠢ ᠶᠡᠷᠦ ᠳᠡᠭᠡᠨ 8~10 ᠰᠠᠷ᠎ᠠ᠂ ᠪᠡᠶ᠎ᠡ ᠶᠢᠨ ᠬᠦᠨᠳᠦ ᠨᠢ 110~120 ᠺᠢᠯᠣᠭ᠍ᠷᠠᠮ ᠬᠦᠷᠪᠡᠯ ᠵᠤᠬᠢᠨ᠎ᠠ᠃ ᠣᠷᠤᠭ᠎ᠠ ᠤᠷᠤᠭᠰᠠ ᠮᠡᠭᠡᠵᠢ ᠶᠢ ᠬᠡᠭᠡᠯᠲᠦᠭᠦᠯᠬᠦ ᠬᠠᠮᠤᠭ ᠤᠨ ᠰᠠᠶᠢᠨ ᠴᠠᠭ ᠨᠢ ᠤᠷᠤᠭᠠᠨ ᠤ ᠳᠤᠮᠳᠠ ᠬᠤᠭᠤᠴᠠᠭ᠎ᠠ ᠪᠣᠯᠣᠨ᠎ᠠ᠃ ᠬᠡᠭᠡᠯᠲᠦᠭᠦᠯᠬᠦ ᠠᠵᠢᠷᠭ᠎ᠠ ᠭᠠᠭ᠋ᠠᠢ ᠶᠢᠨ ᠦᠷ᠎ᠡ ᠶᠢ ᠰᠢᠯ ᠢᠶᠠᠷ ᠪᠠᠶᠢᠴᠠᠭᠠᠭᠰᠠᠨ ᠤ ᠳᠠᠷᠠᠭ᠎ᠠ᠂ ᠦᠷ᠎ᠡ ᠶᠢᠨ ᠢᠳᠡᠪᠬᠢᠵᠢᠯ ᠨᠢ 0.7 ᠠᠴᠠ ᠳᠡᠭᠡᠭᠰᠢ ᠪᠠᠶᠢᠪᠠᠯ ᠰᠠᠶ᠋ᠢ ᠬᠡᠭᠡᠯᠲᠦᠭᠦᠯᠬᠦ ᠪᠤᠶᠤ ᠭᠠᠷ ᠬᠡᠭᠡᠯᠲᠦᠭᠦᠯᠭᠡ ᠬᠢᠨ᠎ᠡ᠃
     6. ᠦᠷᠡᠵᠢᠯ ᠤᠨ ᠵᠠᠮ ᠤᠨ ᠭᠡᠮ ᠢ ᠵᠠᠰᠠᠬᠤ᠃ ᠮᠡᠭᠡᠵᠢ ᠨᠢ ᠦᠷᠡᠵᠢᠯ ᠤᠨ ᠵᠠᠮ ᠤᠨ ᠭᠡᠮ ᠳᠤ ᠨᠡᠷᠪᠡᠭᠳᠡᠭᠰᠡᠨ ᠦᠶᠡᠰ᠂ ᠢᠯᠠᠩᠭᠤᠶ᠎ᠠ ᠣᠯᠠᠨ ᠲᠣᠷᠦ᠋ᠢᠯᠠᠬᠤ ᠮᠡᠭᠡᠵᠢ ᠶᠢ ᠴᠠᠭ ᠲᠤᠬᠠᠢ ᠳᠤᠨᠢ ᠣᠨᠣᠰᠢᠯᠠᠨ ᠵᠠᠰᠠᠨ᠎ᠠ᠃ ᠬᠡᠪ ᠢᠶᠠᠷ ᠦᠷᠡᠵᠢᠬᠦ ᠪᠠᠶᠢᠳᠠᠯ ᠳᠣᠣᠷ᠎ᠠ᠂ ᠵᠠᠷᠢᠮ ᠮᠡᠭᠡᠵᠢ ᠤᠷᠳᠤ ᠬᠤᠭᠤᠴᠠᠭ᠎ᠠ ᠣᠷᠤᠭ᠎ᠠ ᠣᠷᠣᠬᠤ ᠦᠭᠡᠢ ᠪᠤᠶᠤ ᠲᠠᠬᠢᠨ ᠳᠠᠪᠲᠠᠨ ᠣᠷᠤᠭ᠎ᠠ ᠣᠷᠣᠳᠠᠭ᠂ ᠡᠮ ᠢᠶᠠᠷ ᠣᠷᠤᠭ᠎ᠠ ᠣᠷᠣᠭᠤᠯᠬᠤ ᠪᠠ ᠠᠷᠠᠴᠢᠯᠠᠭ᠎ᠠ ᠬᠠᠮᠢᠶᠠᠷᠤᠯᠲᠠ ᠶᠢ ᠰᠠᠶᠢᠵᠢᠷᠠᠭᠤᠯᠤᠭᠠᠳ ᠮᠦᠨ ᠲᠤᠰᠠ ᠭᠠᠷᠬᠤ ᠦᠭᠡᠢ ᠪᠤᠶᠤ 3 ᠤᠳᠠᠭ᠎ᠠ ᠠᠴᠠ ᠲᠡᠭᠡᠭᠰᠢ ᠳᠠᠬᠢᠨ ᠳᠠᠪᠲᠠᠨ ᠤᠷᠤᠭ᠎ᠠ ᠳᠠᠬᠢᠬᠤ ᠮᠡᠭᠡᠵᠢ ᠶᠢ ᠪᠣᠯ ᠴᠠᠭ ᠲᠤᠬᠠᠢ ᠳᠤᠨᠢ ᠲᠠᠶᠠᠭᠳᠠᠨ᠎ᠠ᠃ ᠮᠡᠭᠡᠵᠢ ᠨᠢ ᠶᠡᠷᠦ ᠳᠡᠭᠡᠨ 3~4 ᠤᠳᠠᠭ᠎ᠠ ᠲᠣᠷᠦ᠋ᠢᠯᠠᠬᠤ ᠨᠢ ᠬᠠᠮᠤᠭ ᠤᠨ ᠠᠷᠪᠢᠨ ᠪᠠᠶᠢᠵᠦ᠂ 6 ᠤᠳᠠᠭ᠎ᠠ ᠲᠣᠷᠦ᠋ᠢᠯᠠᠪᠠᠯ ᠲᠣᠷᠦ᠋ᠢᠯᠠᠯᠲᠠ ᠳᠣᠷᠣᠭᠰᠢᠯᠠᠬᠤ ᠪᠦᠭᠡᠳ ᠲᠣᠷᠦ᠋ᠢᠯᠠᠬᠤ ᠴᠢᠳᠠᠪᠤᠷᠢ ᠨᠢ ᠮᠠᠭᠤᠲᠠᠨ᠎ᠠ᠂ ᠡᠶᠢᠮᠦᠷᠬᠦ ᠮᠡᠭᠡᠵᠢ ᠶᠢ ᠲᠠᠶᠠᠭᠳᠠᠪᠠᠯ ᠵᠤᠬᠢᠨ᠎ᠠ᠃  

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ