ᠮᠢᠬᠠᠨ ᠲᠠᠬᠢᠶ᠎ᠠ ᠶᠢ ᠪᠣᠷᠳᠣᠬᠤ ᠵᠢᠷᠭᠤᠭᠠᠨ ᠠᠷᠭ᠎ᠠ
ᠨᠡᠶᠢᠲᠡᠯᠡᠭᠰᠡᠨ ᠴᠠᠭ᠄
2018/12/6

     1. ᠳᠠᠪᠤᠰᠤᠨ ᠬᠦᠴᠢᠯ ᠤᠨ ᠾᠯᠤᠷᠤ᠋ ᠤᠺᠰᠠᠽᠢᠨ ︵盐酸氯丙嗪︶ ᠢ ᠨᠡᠮᠡᠵᠦ ᠲᠡᠵᠢᠭᠡᠬᠦ   ᠲᠣᠰ ᠡᠮ ᠨᠢ ᠮᠢᠬᠠᠨ ᠲᠠᠬᠢᠶ᠎ᠠ ᠶᠢ ᠲᠠᠶᠢᠪᠤᠷᠢᠰᠢᠭᠤᠯᠬᠤ᠂ ᠬᠦᠨᠳᠦ ᠶᠢ ᠨᠡᠮᠡᠭᠳᠡᠭᠦᠯᠬᠦ ᠦᠢᠯᠡᠳᠦᠯ ᠲᠠᠢ᠃ ᠲᠠᠬᠢᠶ᠎ᠠ ᠪᠦᠷᠢ ᠳᠤ ᠡᠳᠦᠷ ᠲᠤ 3~5 ᠮᠢᠯᠢᠭᠷᠡᠮ ᠨᠡᠮᠡᠵᠦ ᠲᠡᠵᠢᠭᠡᠨ᠂ ᠦᠷᠬᠦᠯᠵᠢᠯᠡᠨ 15 ᠡᠳᠦᠷ ᠲᠡᠵᠢᠭᠡᠪᠡᠯ᠂ ᠬᠦᠨᠳᠦ ᠨᠢ  15~20% ᠳᠡᠭᠡᠭᠰᠢᠯᠡᠵᠦ ᠴᠢᠳᠠᠨ᠎ᠠ᠃
     2. ᠲᠠᠬᠢᠶ᠎ᠠ ᠪᠣᠷᠳᠣᠬᠤ ᠨᠤᠨᠳᠠᠭ ︵肥鸡粉︶ ᠤᠨ ᠨᠠᠶᠢᠷᠠᠯᠭ᠎ᠠ ᠶᠢ ᠨᠡᠮᠡᠵᠦ ᠲᠡᠵᠢᠭᠡᠬᠦ ᠵᠢᠭᠠᠷᠲᠤ ᠭᠠᠪᠢᠷ᠎ᠠ 50%᠂ ᠭᠠ ᠶᠢᠨ ᠨᠤᠨᠳᠠᠭ 20%᠂ ᠰᠢᠬᠢᠷ ᠡᠪᠡᠰᠦᠨ ᠨᠤᠨᠳᠠᠭ 9%᠂ ᠵᠣᠷᠭᠤᠳᠠᠰᠤᠨ ᠨᠤᠨᠳᠠᠭ 7%᠂ ᠪᠣᠯᠭᠤᠭᠠᠭᠰᠠᠨ ᠰᠢᠷ᠎ᠠ ᠪᠤᠷᠴᠠᠭ ᠤᠨ ᠨᠤᠨᠳᠠᠭ 6%᠂ ᠠᠽᠣᠲ ᠬᠦᠴᠢᠯ ᠤᠨ ᠳᠤᠲᠠᠭᠤ ᠲᠡᠮᠦᠷ 8%᠂ ᠲᠤᠰ ᠡᠮ ᠢ ᠲᠠᠬᠢᠶ᠎ᠠ ᠪᠦᠷᠢ ᠳᠤ ᠡᠳᠦᠷ ᠲᠤ 0.5~1 ᠭᠷᠡᠮ ᠢᠶᠠᠷ ᠪᠣᠷᠳᠤᠭ᠎ᠠ ᠲᠠᠢ ᠬᠤᠯᠢᠵᠦ ᠲᠡᠵᠢᠭᠡᠨ᠂ ᠬᠤᠶᠠᠷ ᠡᠳᠦᠷ ᠲᠤ ᠨᠢᠭᠡ ᠤᠳᠠᠭ᠎ᠠ ᠲᠡᠵᠢᠭᠡᠨ᠎ᠡ᠃ ᠬᠠᠭᠠᠰ ᠰᠠᠷ᠎ᠠ ᠶᠢᠨ ᠳᠠᠷᠠᠭ᠎ᠠ ᠲᠠᠬᠢᠶ᠎ᠠ ᠪᠦᠷᠢ ᠶᠢᠨ ᠡᠳᠦᠷ ᠤᠨ ᠳᠤᠮᠳᠠᠴᠢ ᠬᠦᠨᠳᠦ ᠶᠢᠨ ᠨᠡᠮᠡᠭᠳᠡᠯ ᠨᠢ 25~50 ᠭᠷᠡᠮ ᠳᠤ ᠬᠦᠷᠦᠨ᠎ᠡ᠃
     3. ᠤᠯᠠᠨ ᠢᠰᠭᠡᠭᠦᠷ ᠤᠨ ᠬᠠᠪᠲᠠᠭᠠᠢ ︵多酶片︶ ᠶᠢ ᠨᠡᠮᠡᠵᠦ ᠲᠡᠵᠢᠭᠡᠬᠦ ᠴᠤᠷᠪᠠᠭ᠎ᠠ ᠢᠳᠡᠰᠢ ᠢᠳᠡᠰᠢᠯᠡᠵᠦ ᠡᠬᠢᠯᠡᠭᠰᠡᠨ ᠤ ᠭᠤᠷᠪᠠᠳᠤᠭᠠᠷ ᠡᠳᠦᠷ ᠠᠴᠠ ᠡᠬᠢᠯᠡᠨ᠂ ᠪᠣᠷᠳᠣᠭᠠᠨ ᠳᠤᠨᠢ
0.04% ᠶᠢᠨ ᠤᠯᠠᠨ ᠢᠰᠭᠡᠭᠦᠷ ᠤᠨ ᠬᠠᠪᠲᠠᠭᠠᠢ ᠶᠢ ᠨᠠᠷᠢᠨ ᠬᠡᠮᠭᠡᠯᠵᠦ ᠵᠢᠭᠳᠡ ᠬᠤᠯᠢᠵᠦ ᠦᠷᠭᠦᠯᠵᠢᠯᠡᠨ 2 ᠭᠠᠷᠠᠭ ᠲᠡᠵᠢᠭᠡᠪᠡᠯ᠂ ᠴᠤᠷᠪᠠᠭ᠎ᠠ ᠶᠢᠨ ᠡᠳᠦᠷ ᠤᠨ ᠬᠦᠨᠳᠦ ᠶᠢᠨ ᠨᠡᠮᠡᠭᠳᠡᠯ ᠨᠢ 8~10% ᠳᠡᠭᠡᠭᠰᠢᠯᠡᠵᠦ᠂ ᠪᠣᠷᠳᠤᠭ᠎ᠠ ᠶᠢᠨ ᠠᠰᠢᠭᠯᠠᠮᠵᠢ ᠶᠢ 4% ᠠᠴᠠ ᠢᠯᠡᠭᠦᠦ ᠳᠡᠭᠡᠭᠰᠢᠯᠡᠭᠦᠯᠵᠦ ᠴᠢᠳᠠᠨ᠎ᠠ᠃
     4. ᠣᠭᠤᠷᠠᠭ ᠤᠨ ᠰᠢᠪᠲᠦᠷᠲᠦ ᠬᠦᠴᠢᠯ ᠢ ᠨᠡᠮᠡᠵᠦ ᠲᠡᠵᠢᠭᠡᠬᠦ ᠬᠡᠮᠵᠢᠨ ᠲᠣᠭᠲᠠᠭᠠᠯᠲᠠ ᠶᠢ ᠦᠨᠳᠦᠰᠦᠯᠡᠪᠡᠯ᠂ 5 ᠺᠢᠯᠣᠭ᠍ᠷᠠᠮ ᠪᠦᠷᠢ ᠪᠣᠷᠳᠣᠭᠠᠨ ᠳᠤ ᠣᠭᠤᠷᠠᠭ ᠤᠨ ᠰᠢᠪᠲᠦᠷᠲᠦ ᠬᠦᠴᠢᠯ ᠢ 4 ᠭᠷᠡᠮ ᠨᠡᠮᠡᠬᠦ ᠪᠠ ᠪᠠᠭ᠎ᠠ ᠬᠡᠮᠵᠢᠶᠡᠨ ᠤ ᠣᠯᠠᠨ ᠵᠦᠢᠯ ᠤᠨ ᠸᠢᠲ᠋ᠠᠮᠢᠨ ᠢ ᠨᠡᠮᠡᠵᠦ ᠦᠷᠬᠦᠯᠵᠢᠯᠡᠨ 6 ᠭᠠᠷᠠᠭ ᠲᠡᠵᠢᠭᠡᠪᠡᠯ᠂ ᠮᠢᠬᠠᠨ ᠲᠠᠬᠢᠶ᠎ᠠ ᠶᠢᠨ ᠪᠡᠶ᠎ᠡ ᠶᠢᠨ ᠬᠦᠨᠳᠦ ᠨᠢ 1.5 ᠺᠢᠯᠣᠭ᠍ᠷᠠᠮ ᠳᠤ ᠬᠦᠷᠴᠦ ᠳᠡᠶᠢᠯᠦᠨ᠎ᠡ᠃
     5. ᠮᠢᠬᠠᠨ ᠤ ᠬᠡᠮᠬᠡᠳᠡᠭ ᠢ ᠨᠡᠮᠡᠵᠦ ᠲᠡᠵᠢᠭᠡᠬᠦ ᠭᠠᠭ᠋ᠠᠢ ᠶᠢᠨ ᠲᠣᠯᠣᠭᠠᠢ ᠶᠢ ᠬᠡᠷᠴᠢᠵᠦ ᠴᠢᠨᠠᠵᠦ ᠪᠤᠯᠭᠤᠭᠠᠭᠠᠳ ᠬᠦᠷᠦᠭᠡᠵᠦ ᠪᠣᠷᠳᠣᠭᠠᠨ ᠳᠤ ᠬᠤᠯᠢᠵᠦ ᠲᠠᠬᠢᠶ᠎ᠠ ᠶᠢ ᠲᠡᠵᠢᠭᠡᠨ᠎ᠡ᠃ 100 ᠲᠠᠬᠢᠶ᠎ᠠ ᠪᠦᠷᠢ ᠳᠤ 15 ᠺᠢᠯᠣᠭ᠍ᠷᠠᠮ ᠮᠢᠬ᠎ᠠ ᠬᠡᠷᠡᠭᠯᠡᠵᠦ᠂ 3 ᠡᠳᠦᠷ ᠲᠡᠵᠢᠭᠡᠵᠦ ᠬᠦᠷᠦᠨ᠎ᠡ᠃ ᠡᠬᠢᠯᠡᠭᠡᠳ ᠤᠷᠢᠳᠠᠪᠡᠷ ᠮᠢᠬᠠᠨ ᠤ ᠱᠥᠯᠥ ᠪᠠᠷ ᠪᠣᠷᠳᠤᠭ᠎ᠠ ᠶᠢ ᠵᠢᠭᠤᠷᠠᠵᠦ ᠲᠡᠵᠢᠭᠡᠨ᠂ ᠳᠠᠷᠠᠭ᠎ᠠ ᠨᠢ ᠮᠢᠬᠠᠨ ᠤ ᠬᠡᠮᠬᠡᠳᠡᠭ ᠢ ᠢᠳᠡᠭ ᠢᠳᠡᠭ ᠨᠡᠮᠡᠨ᠎ᠡ᠃
     6. ᠪᠤᠷᠴᠠᠭ ᠤᠨ ᠲᠣᠰᠣ ᠶᠢ ᠨᠡᠮᠡᠵᠦ ᠲᠡᠵᠢᠭᠡᠬᠦ  ᠮᠢᠬᠠᠨ ᠲᠠᠬᠢᠶ᠎ᠠ ᠶᠢ ᠠᠯᠠᠰᠢᠨ ᠳᠤ ᠭᠠᠷᠭᠠᠬᠤ ᠠᠴᠠ ᠡᠮᠦᠨ᠎ᠡ 1 ᠭᠠᠷᠠᠭ ᠲᠤ᠂ ᠪᠣᠷᠳᠣᠭᠠᠨ ᠳᠤᠨᠢ ᠪᠠᠭ᠎ᠠ ᠬᠡᠮᠵᠢᠶᠡᠨ ᠤ ᠪᠤᠷᠴᠠᠭ ᠤᠨ ᠲᠣᠰᠣ ᠨᠡᠮᠡᠵᠦ ᠲᠡᠵᠢᠭᠡᠪᠡᠯ ᠲᠠᠷᠭᠤ ᠰᠠᠶᠢᠳᠠᠢ ᠪᠦᠭᠡᠳ ᠵᠥᠭᠡᠯᠡᠨ ᠪᠣᠯᠳᠠᠭ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ