ᠪᠤᠳᠠᠭᠠᠨ ᠼᠤᠤ ᠨᠢ ᠴᠤᠷᠪᠠᠭ᠎ᠠ ᠶᠢᠨ ᠡᠳᠡᠭᠡᠷᠡᠯᠲᠡ ᠶᠢ ᠳᠡᠭᠡᠭᠰᠢᠯᠡᠭᠦᠯᠵᠦ  ᠴᠢᠳᠠᠨ᠎ᠠ
ᠨᠡᠶᠢᠲᠡᠯᠡᠭᠰᠡᠨ ᠴᠠᠭ᠄
2018/12/6

       ᠴᠤᠷᠪᠠᠭ᠎ᠠ ᠨᠡᠪᠴᠢᠵᠦ ᠭᠠᠷᠤᠭᠰᠠᠨ ᠡᠬᠢᠨ ᠤ 15 ᠡᠳᠦᠷ ᠲᠤ᠂ ᠡᠳᠦᠷ ᠪᠦᠷᠢ 1 ᠬᠤᠪᠢ ᠼᠤᠤ ᠳᠡᠭᠡᠷ᠎ᠡ 10 ᠬᠤᠪᠢ ᠤᠰᠤ ᠨᠡᠮᠡᠵᠦ ᠳᠡᠪᠲᠦᠭᠡᠭᠰᠡᠨ ᠴᠤᠷᠪᠠᠭ᠎ᠠ ᠶᠢᠨ ᠪᠤᠷᠳᠤᠭ᠎ᠠ ᠪᠠᠷ ᠳᠡᠵᠢᠭᠡᠨ᠎ᠡ᠂ ᠡᠰᠡᠬᠦᠯ᠎ᠡ 1 ᠬᠤᠪᠢ ᠼᠤᠤ ᠳᠡᠭᠡᠷ᠎ᠡ 20 ᠬᠤᠪᠢ ᠤᠰᠤ ᠨᠡᠮᠡᠵᠦ ᠤᠤᠭᠤᠯᠭᠠᠬᠤ ᠶᠢ ᠪᠠᠷᠢᠮᠲᠠᠯᠠᠨ᠎ᠠ᠃ ᠬᠡᠷᠪᠡ ᠨᠡᠪᠴᠢᠵᠦ ᠭᠠᠷᠴᠤ ᠢᠷᠡᠭᠰᠡᠨ ᠡᠬᠢᠨ ᠤ 3 ᠡᠳᠦᠷ ᠲᠤ᠂ ᠼᠤᠤ ᠳᠤᠳᠤᠷ᠎ᠠ ᠪᠠᠭ᠎ᠠ ᠬᠡᠮᠵᠢᠶᠡᠨ ᠤ ᠰᠢᠬᠢᠷ ᠨᠡᠮᠡᠵᠦ ᠤᠤᠭᠤᠯᠭᠠᠪᠠᠯ᠂ ᠭᠡᠮ ᠢ ᠰᠡᠷᠭᠡᠶᠢᠯᠡᠵᠦ ᠡᠰᠡᠷᠭᠦᠴᠡᠬᠦ ᠦᠷ᠎ᠡ ᠳ᠋ᠦᠩ ᠨᠢ ᠨᠡᠩ ᠰᠠᠶᠢᠨ ᠪᠠᠶᠢᠳᠠᠭ᠃
       ᠬᠥᠳᠡᠭᠡ ᠳᠤᠰᠬᠤᠨ ᠳᠤ ᠰᠤᠯᠨ ᠢᠶᠠᠷ ᠲᠡᠵᠢᠭᠡᠵᠦ ᠪᠠᠶᠢᠭ᠎ᠠ ᠡᠷᠦᠬᠡ ᠪᠣᠯ ᠶᠡᠷᠦ ᠳᠡᠭᠡᠨ ᠼᠤᠤ ᠳᠤᠳᠤᠷ᠎ᠠ ᠳᠡᠪᠳᠦᠭᠡᠭᠰᠡᠡ ᠬᠡᠮᠬᠡᠷᠬᠡᠢ ᠪᠤᠳᠠᠭ᠎ᠠ ᠪᠠᠷ ᠲᠡᠵᠢᠭᠡᠵᠦ ᠪᠣᠯᠣᠨ᠎ᠠ᠂ ᠳᠠᠷᠤᠢ ᠲᠠᠬᠢᠶ᠎ᠠ ᠶᠢᠨ ᠡᠩ ᠤᠨ ᠬᠤᠨᠤᠭ ᠤᠨ ᠲᠡᠵᠢᠭᠡᠯ ᠤᠨ ᠭᠡᠮᠵᠢᠶ᠎ᠠ ᠪᠠᠷ ᠳᠡᠵᠢᠭᠡᠯ ᠢ ᠼᠤᠤ ᠳᠤᠳᠤᠷ᠎ᠠ 12 ᠴᠠᠭ ᠳᠡᠪᠲᠦᠭᠡᠵᠦ ᠱᠦᠭᠦᠵᠦ ᠭᠠᠷᠭᠠᠭᠠᠳ ᠴᠤᠷᠪᠠᠭ᠎ᠠ ᠶᠢ ᠲᠡᠵᠢᠭᠡᠨ᠎ᠡ᠂ ᠲᠡᠵᠢᠭᠡᠭᠰᠡᠨ ᠤ ᠳᠠᠷᠠᠭ᠎ᠠ 2 ᠴᠠᠭ ᠤᠨ ᠳᠤᠲᠣᠷ᠎ᠠ ᠤᠰᠤᠯᠠᠬᠤ ᠦᠭᠡᠢ᠂ ᠡᠰᠡᠬᠦᠯ᠎ᠡ 1᠄ 5 ᠶᠢᠨ ᠬᠠᠷᠢᠴᠠᠯ ᠢᠶᠠᠷ ᠼᠤᠤ ᠶᠢ ᠤᠰᠤ ᠲᠠᠢ ᠬᠤᠯᠢᠵᠤ᠂ ᠲᠠᠬᠢᠶ᠎ᠠ ᠳᠤ ᠴᠢᠯᠦᠭᠡᠳᠠᠢ ᠤᠤᠭᠤᠯᠭᠠᠨ᠎ᠠ︔ ᠪᠠᠰᠠ ᠼᠤᠤ ᠳᠤ ᠳᠡᠪᠲᠦᠭᠡᠭᠰᠡᠨ ᠪᠣᠷᠳᠤᠭ᠎ᠠ ᠪᠠᠷ ᠴᠤᠷᠪᠠᠭ᠎ᠠ ᠶᠢ ᠲᠡᠵᠢᠭᠡᠵᠦ 2 ᠴᠠᠭ ᠤᠨ ᠳᠠᠷᠠᠭ᠎ᠠ ᠤᠰᠤᠯᠠᠬᠤ ᠠᠷᠭ᠎ᠠ ᠶᠢ ᠦᠷᠬᠦᠯᠵᠢᠯᠡᠨ 2~3 ᠡᠳᠦᠷ ᠬᠡᠷᠡᠭᠯᠡᠪᠡᠯ᠂ ᠴᠤᠷᠪᠠᠭ᠎ᠠ ᠶᠢᠨ ᠴᠠᠭᠠᠨ ᠴᠢᠴᠠᠭ᠎ᠠ ᠶᠢ ᠵᠠᠰᠠᠬᠤ ᠳᠤ ᠤᠨᠴᠠᠭᠠᠢ ᠲᠤᠰᠠᠲᠠᠢ ᠪᠠᠶᠢᠳᠠᠭ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ