ᠲᠠᠷᠢᠶᠠᠯᠠᠩ ᠤᠨ ᠮᠠᠰᠢᠨ ᠤ ᠰᠡᠯᠪᠢᠭ ᠲᠤᠨᠤᠭ ᠢ ᠰᠢᠨ᠎ᠡ ᠪᠠᠷ ᠰᠤᠯᠢᠬᠤ ᠳᠤ ᠨᠠᠷᠢᠨ ᠤᠴᠢᠷ ᠲᠠᠢ
ᠨᠡᠶᠢᠲᠡᠯᠡᠭᠰᠡᠨ ᠴᠠᠭ᠄
2018/12/7

       ᠵᠠᠷᠢᠮ ᠮᠠᠰᠢᠨ ᠵᠢᠯᠤᠭᠤᠴᠢ ᠠᠴᠠ ᠲᠠᠷᠢᠶᠠᠯᠠᠩ ᠤᠨ ᠮᠠᠰᠢᠨ ᠢ ᠰᠡᠯᠪᠢᠨ ᠵᠠᠰᠠᠵᠤ᠂ ᠰᠡᠯᠪᠢᠭ ᠲᠤᠨᠤᠭ ᠢ ᠰᠤᠯᠢᠬᠤ ᠨᠢ ᠲᠦᠭᠦᠮ ᠶᠠᠪᠤᠳᠠᠯ ᠪᠤᠯᠤᠨ᠎ᠠ᠂ ᠲᠠᠷᠤᠢ ᠰᠢᠨ᠎ᠡ ᠰᠡᠯᠪᠢᠭ ᠲᠤᠨᠤᠭ ᠢ ᠤᠭᠰᠠᠷᠠᠭᠤᠯᠤᠨ ᠳᠠᠭᠠᠷᠠᠭᠤᠯᠪᠠᠯ ᠪᠤᠯᠴᠢᠬᠠᠨ᠎ᠠ ᠭᠡᠵᠦ ᠦᠵᠡᠵᠦ ᠪᠤᠢ᠃ ᠭᠡᠪᠡᠴᠦ ᠪᠤᠳᠠᠳᠠᠢ ᠲᠡᠭᠡᠷ᠎ᠡ ᠲᠠᠶᠢᠮᠤ ᠬᠢᠯᠪᠡᠷ ᠪᠢᠰᠢ᠂ ᠬᠡᠷᠪᠡ ᠰᠢᠨ᠎ᠡ ᠰᠡᠯᠪᠢᠭ ᠲᠤᠨᠤᠭ ᠢ ᠤᠭᠰᠠᠷᠠᠭᠰᠠᠨ ᠨᠢ ᠵᠤᠬᠢᠰ ᠦᠭᠡᠢ ᠪᠤᠯ ᠬᠦᠩᠭᠡᠨ ᠨᠢ ᠲᠠᠷᠢᠶᠠᠯᠠᠩ ᠤᠨ ᠮᠠᠰᠢᠨ ᠤ ᠴᠢᠳᠠᠮᠵᠢ ᠶᠢ ᠪᠠᠭᠤᠷᠠᠭᠤᠯᠵᠦ᠂ ᠲᠤᠰᠤᠨ ᠤ ᠬᠤᠷᠤᠭᠳᠠᠯ ᠢ ᠨᠡᠮᠡᠭᠳᠡᠭᠦᠯᠵᠦ᠂ ᠨᠤᠴᠤᠭᠠᠬᠤ ᠳᠤ ᠬᠦᠴᠢᠷᠲᠠᠢ ᠪᠤᠯᠭᠠᠨ᠎ᠠ︔ ᠬᠦᠨᠳᠤ ᠨᠢ ᠮᠠᠰᠢᠨ ᠢ ᠡᠪᠳᠡᠯᠵᠦ ᠮᠡᠳᠡᠨ᠎ᠡ᠃ ᠡᠶᠢᠮᠤ ᠠᠴᠠ᠂ ᠰᠢᠨ᠎ᠡ ᠰᠡᠯᠪᠢᠭ ᠲᠤᠨᠤᠭ ᠢ ᠰᠤᠯᠢᠵᠤ ᠤᠭᠰᠠᠷᠠᠬᠤ ᠳᠤ ᠲᠤᠤᠷᠠᠬᠢ ᠬᠡᠳᠤᠨ ᠲᠠᠯ᠎ᠠ ᠶᠢ ᠠᠩᠬᠠᠷᠬᠤ ᠬᠡᠷᠡᠭᠳᠡᠢ᠃
       1. ᠰᠢᠨ᠎ᠡ ᠲᠤᠨᠤᠭ ᠢ ᠬᠤᠳᠠᠯᠳᠤᠨ ᠠᠪᠬᠤ ᠳᠤ ᠰᠡᠯᠪᠢᠭ ᠲᠤᠨᠤᠭ ᠤᠨ ᠴᠢᠨᠠᠷ ᠢ ᠠᠩᠬᠠᠷᠤᠨ᠎ᠠ᠃ ᠴᠢᠨᠠᠷ ᠮᠠᠭᠤᠲᠠᠢ ᠪᠠᠷᠠᠭ᠎ᠠ ᠶᠢ ᠬᠤᠳᠠᠯᠳᠤᠨ ᠠᠪᠬᠤ ᠦᠭᠡᠢ᠂ ᠰᠡᠯᠪᠢᠭ ᠲᠤᠨᠤᠭ ᠨᠢ ᠵᠢᠪᠡ ᠶᠢᠨ ᠲᠤᠯᠪᠤ᠂ ᠴᠠᠪᠠ᠂ ᠳᠦᠷᠰᠦ ᠬᠤᠪᠢᠷᠠᠭᠰᠠᠨ ᠵᠡᠷᠭᠡ ᠲᠤᠳᠠᠭᠳᠠᠯ ᠪᠠᠶᠢᠬᠤ ᠡᠰᠡᠭᠦ ᠶᠢ ᠨᠠᠷᠢᠨ ᠪᠠᠶᠢᠴᠠᠭᠠᠵᠤ᠂ ᠭᠠᠳᠠᠷᠭᠤ ᠶᠢᠨ ᠶᠡᠭᠡ ᠪᠠᠭ᠎ᠠ ᠶᠢᠨ ᠱᠠᠭᠠᠷᠳᠠᠯᠭ᠎ᠠ ᠳᠤ ᠨᠡᠶᠢᠴᠡᠬᠦ ᠡᠰᠡᠬᠦ ᠶᠢ ᠦᠵᠡᠨ᠎ᠡ᠃
       2. ᠤᠭᠰᠠᠷᠠᠬᠤ ᠠᠴᠠ ᠡᠮᠤᠨ᠎ᠡ ᠰᠢᠨ᠎ᠡ ᠰᠡᠯᠪᠢᠭ ᠲᠤᠨᠤᠭ ᠤᠨ ᠭᠠᠳᠠᠷᠭᠤ ᠳᠡᠭᠡᠷᠡᠬᠢ ᠵᠢᠪᠡᠷᠡᠬᠦ ᠠᠴᠠ ᠰᠡᠷᠭᠡᠶᠢᠯᠡᠬᠦ ᠰᠢᠷ ᠢ ᠰᠠᠶᠢᠬᠠᠨ ᠠᠷᠴᠢᠨ᠎ᠠ᠃ ᠢᠯᠠᠩᠭᠤᠶ᠎ᠠ ᠨᠠᠷᠢᠯᠢᠭ ᠬᠤᠤᠰᠮᠠᠭ ᠲᠤᠨᠤᠭ ᠢ ᠤᠭᠰᠠᠷᠠᠬᠤ ᠦᠶᠡᠰ ᠤᠨᠴᠠᠭᠠᠶᠢᠯᠠᠨ ᠠᠩᠬᠠᠷᠴᠤ᠂ ᠲᠠᠯᠳᠠ ᠠᠶᠤᠯ ᠭᠠᠷᠬᠤ ᠠᠴᠠ ᠰᠡᠷᠭᠡᠶᠢᠯᠡᠨ᠎ᠡ᠃
       3. ᠵᠠᠷᠢᠮ ᠰᠡᠯᠪᠢᠭ ᠲᠤᠨᠤᠭ ᠢ ᠡᠷᠭᠡᠪᠰᠢ ᠬᠤᠤᠰ ᠢᠶᠠᠷ ᠨᠢ ᠰᠤᠯᠢᠨ᠎ᠠ᠃ ᠠᠷᠠᠭᠠᠳᠤ ᠬᠦᠷᠳᠤ ᠶᠢ ᠰᠤᠯᠢᠬᠤ ᠭᠡᠪᠡᠯ ᠵᠦᠪᠬᠡᠨ ᠬᠠᠮᠤᠭ ᠡᠯᠡᠭᠳᠡᠵᠦ ᠪᠠᠷᠠᠭᠳᠠᠭᠰᠠᠨ ᠨᠢᠭᠡ ᠬᠡᠰᠡᠭ ᠢ ᠯᠠ ᠰᠤᠯᠢᠭᠠᠳ ᠪᠤᠯᠬᠤ ᠦᠭᠡᠢ︔ ᠲᠠᠮᠵᠢᠯᠭ᠎ᠠ ᠶᠢᠨ ᠬᠠᠶᠢᠷᠴᠠᠭ ᠲᠠᠬᠢ ᠬᠤᠶᠠᠷ ᠮᠦᠷ ᠬᠤᠩᠭᠢᠶᠠᠳᠤ ᠦᠩᠭᠦᠷᠢᠭᠦᠯ ᠭᠢᠨᠵᠢ ᠶᠢ ᠰᠤᠯᠢᠬᠤ ᠳᠤ ᠪᠠᠰᠠ ᠭᠤᠤᠯ᠂ ᠬᠦᠳᠡᠯᠭᠡᠭᠳᠡᠬᠦ ᠬᠢᠨᠵᠢ ᠶᠢᠨ ᠬᠦᠷᠳᠦ ᠶᠢ ᠬᠤᠤᠰ ᠢᠶᠠᠷ ᠨᠢ ᠰᠤᠯᠢᠬᠤ ᠬᠡᠷᠡᠭᠳᠡᠢ︔ ᠤᠭᠤᠷ ᠤᠨ ᠲᠤᠭᠳᠤᠢ ᠶᠢ ᠰᠤᠯᠢᠬᠤ ᠦᠶᠡᠰ᠂ ᠪᠦᠯᠢᠭᠦᠷ ᠪᠠ ᠪᠦᠯᠢᠭᠦᠷ ᠤᠨ ᠴᠠᠭᠠᠷᠢᠭ ᠢ ᠪᠠᠰᠠ ᠬᠠᠮᠳᠤ ᠳᠤᠨᠢ ᠰᠤᠯᠢᠪᠠᠯ ᠵᠤᠬᠢᠨ᠎ᠠ᠃
       4. ᠠᠳᠠᠯᠢ ᠬᠡᠯᠪᠡᠷᠢ ᠮᠠᠶ᠋ᠢᠭ ᠤᠨ ᠪᠠᠷᠢᠮᠵᠢᠶᠡᠲᠦ ᠲᠤᠨᠤᠭ ᠪᠠ ᠶᠡᠬᠡᠰᠭᠡᠭᠰᠡᠨ ᠲᠤᠨᠤᠭ ᠢ ᠨᠡᠶᠢᠳᠡᠮ ᠬᠡᠷᠡᠭᠯᠡᠵᠦ ᠪᠣᠯᠬᠤ ᠦᠭᠡᠢ᠃ ᠦᠢᠯᠡᠳᠪᠤᠷᠢ ᠠᠴᠠ ᠶᠡᠬᠡᠰᠭᠡᠭᠰᠡᠨ ᠰᠡᠯᠪᠢᠭ ᠲᠤᠨᠤᠭ ᠢ ᠦᠢᠯᠡᠳᠪᠤᠷᠢᠯᠡᠵᠦ ᠬᠡᠷᠡᠭᠯᠡᠭᠴᠢ ᠳᠤ ᠬᠠᠩᠭᠠᠨ ᠦᠭᠳᠡᠭ᠃ ᠡᠶᠢᠮᠤ ᠠᠴᠠ᠂ ᠰᠢᠨ᠎ᠡ ᠰᠡᠯᠪᠢᠭ ᠲᠤᠨᠤᠭ ᠢ ᠬᠤᠲᠠᠯᠳᠤᠨ ᠠᠪᠬᠤ ᠦᠶᠡᠰ ᠡᠷᠬᠡᠪᠰᠢ ᠪᠠᠷᠢᠮᠵᠢᠶ᠎ᠡ ᠲᠤᠨᠤᠭ ᠪᠠ ᠶᠡᠬᠡᠰᠭᠡᠭᠰᠡᠨ ᠲᠤᠨᠤᠭ ᠪᠠᠶᠢᠬᠤ ᠡᠰᠡᠬᠦ ᠶᠢ ᠮᠠᠭᠠᠳᠯᠠᠨ ᠲᠤᠭᠲᠠᠭᠠᠭᠰᠠᠨ ᠪᠠᠶᠢᠬᠤ ᠬᠡᠷᠡᠭᠳᠡᠢ᠃ ᠵᠢᠱᠢᠶᠡᠯᠡᠪᠡᠯ ᠲᠡᠩᠭᠡᠯᠢᠭ ᠤᠨ ᠬᠦᠵᠦᠭᠦᠦ ᠳᠤ ᠪᠣᠯ ᠵᠦᠪᠬᠡᠨ ᠪᠠᠷᠢᠮᠵᠢᠶ᠎ᠡ ᠮᠤᠷᠤᠢ ᠲᠡᠩᠭᠡᠯᠢᠭ ᠤᠨ ᠬᠦᠤᠰᠢᠩ ᠢ ᠰᠤᠩᠭᠤᠨ᠎ᠠ᠂ ᠡᠰᠡᠪᠡᠰᠦ᠂ ᠬᠦᠤᠰᠢᠩ ᠢ ᠬᠤᠰᠤᠵᠤ ᠵᠠᠰᠠᠬᠤ ᠠᠵᠢᠯ ᠢ ᠨᠡᠮᠡᠭᠳᠡᠭᠦᠯᠵᠦ᠂ ᠴᠠᠭ ᠬᠤᠷᠤᠭᠳᠠᠭᠤᠯᠬᠤ ᠮᠦᠷᠳᠡᠭᠡᠨ ᠪᠠᠰᠠ ᠰᠡᠯᠪᠢᠨ ᠵᠠᠰᠠᠬᠤ ᠴᠢᠨᠠᠷ ᠢ ᠪᠠᠳᠤᠯᠠᠵᠤ ᠲᠡᠶᠢᠯᠬᠦ ᠦᠭᠡᠢ ᠪᠤᠯᠵᠦ᠂ ᠰᠡᠯᠪᠢᠭ ᠲᠤᠨᠤᠭ ᠤᠨ ᠬᠡᠷᠡᠭᠯᠡᠬᠦ ᠬᠤᠭᠤᠴᠠᠭ᠎ᠠ ᠶᠢ ᠶᠡᠬᠡᠪᠡᠷ ᠪᠤᠭᠤᠨᠢᠰᠬᠠᠬᠤ ᠪᠣᠯᠣᠨ᠎ᠠ᠃
       5. ᠰᠢᠨ᠎ᠡ ᠰᠡᠯᠪᠢᠭ ᠲᠤᠨᠤᠭ ᠢ ᠰᠤᠯᠢᠬᠤ ᠦᠶᠡᠰ᠂ ᠰᠢᠨ᠎ᠡ ᠬᠠᠭᠤᠴᠢᠨ ᠲᠤᠨᠤᠭ ᠤᠨ ᠬᠡᠯᠪᠡᠷᠢ ᠮᠠᠶ᠋ᠢᠭ ᠨᠢ ᠪᠦᠷᠢᠮᠤᠰᠦᠨ ᠠᠳᠠᠯᠢ ᠪᠠᠶᠢᠬᠤ ᠬᠡᠷᠡᠭᠳᠡᠢ᠃ ᠰᠢᠨ᠎ᠡ ᠳᠤᠰᠤᠨ ᠰᠦᠷᠴᠢᠭᠦᠷ ᠢ ᠰᠤᠯᠢᠬᠤ ᠳᠠᠭᠠᠨ ᠤᠭ ᠤᠨ ᠳᠤᠰᠤᠨ ᠰᠦᠷᠴᠢᠬᠦᠷ ᠤᠨ ᠬᠡᠯᠪᠡᠷᠢ ᠮᠠᠶ᠋ᠢᠭ ᠢ ᠠᠩᠬᠠᠷᠬᠤ ᠦᠭᠡᠢ ᠪᠠᠷ ᠵᠡᠭᠦᠯᠢᠭ ᠨᠡᠭᠡᠯᠡᠭᠡᠢ ᠶᠢᠨ ᠬᠤᠤᠰᠮᠠᠭ ᠳᠤᠨᠤᠭ ᠢ ᠪᠤᠷᠤᠭᠤ ᠬᠤᠳᠠᠯᠳᠤᠨ ᠠᠪᠤᠪᠠᠯ᠂ ᠬᠦᠩᠭᠡᠨ ᠳᠡᠭᠡᠨ ᠨᠤᠴᠤᠭᠠᠬᠤ ᠳᠤ ᠬᠦᠴᠢᠷᠳᠡᠵᠦ᠂ ᠬᠦᠨᠳᠤ ᠳᠡᠭᠡᠨ ᠳᠤᠰᠤᠨ ᠰᠦᠷᠴᠢᠭᠦᠷ ᠪᠦᠭᠯᠡᠷᠡᠬᠦ ᠦᠵᠡᠭᠳᠡᠯ ᠭᠠᠷᠤᠨ᠎ᠠ᠃
       6. ᠤᠭᠰᠠᠷᠠᠬᠤ ᠦᠶᠡᠰ ᠡᠷᠬᠡᠪᠰᠢ ᠴᠢᠭᠯᠡᠯ ᠢ ᠠᠩᠬᠠᠷᠬᠤ ᠬᠡᠷᠡᠭᠳᠡᠢ᠃ ᠵᠠᠷᠢᠮ ᠰᠡᠯᠪᠢᠭ ᠲᠤᠨᠤᠭ ᠨᠢ ᠴᠢᠭᠯᠡᠯᠳᠦ ᠴᠢᠨᠠᠷ ᠲᠠᠢ᠂ ᠬᠡᠷᠪᠡ ᠪᠤᠷᠤᠭᠤ ᠤᠭᠰᠠᠷᠠᠪᠠᠯ ᠨᠤᠴᠤᠭᠠᠬᠤ ᠳᠤ ᠬᠦᠴᠢᠷᠳᠡᠨ᠂ ᠴᠢᠨᠠᠭᠰᠢᠯᠠᠪᠠᠯ ᠮᠠᠰᠢᠨ ᠢ ᠡᠪᠳᠡᠯᠵᠦ ᠮᠡᠳᠡᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ