ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠠᠵᠢᠯ ᠢ  ᠦᠷᠨᠢᠬᠦᠯᠬᠦ ᠶᠢᠨ ᠬᠡᠷᠡᠭᠵᠢᠬᠦᠯᠬᠦ ᠲᠦᠰᠦᠯ ᠢ ᠲᠠᠷᠤᠮᠠᠯᠯᠠᠨ ᠶᠠᠪᠤᠭᠤᠯᠬᠤ ᠲᠤᠬᠠᠢ ᠦᠪᠦᠷ ᠮᠤᠩᠭᠤᠯ ᠤᠨ  ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2018/2/22
                        ᠥᠪᠥᠷ ᠵᠠᠰᠠᠭ ᠠᠯᠪᠠᠨ ᠲᠠᠷᠬᠠᠭᠠᠭᠰᠠᠨ ﹇2017﹈ 142 ᠳ᠋ᠤᠭᠠᠷ ᠲᠤᠭᠠᠳᠤ                                                      8 ᠳ᠋ᠤᠭᠠᠷ ᠰᠠᠷ᠎ᠠ ᠶᠢᠨ 31᠎ ᠤ ᠡᠳᠦᠷᠡᠯ᠎ᠡ ᠠᠶᠢᠮᠠᠭ ᠤᠨ ᠵᠠᠬᠢᠷᠭ᠎ᠠ᠂ ᠬᠤᠳᠠ ᠶᠢᠨ ᠠᠷᠠᠳ ᠤᠨ ᠵᠠᠰᠠᠭ ᠤᠨ ᠤᠷᠳᠤᠨ᠂ ᠡᠯ᠎ᠡ ᠬᠤᠰᠢᠭᠤ ᠰᠢᠶᠠᠨ ᠤ ᠠᠷᠠᠳ ᠤᠨ ᠵᠠᠰᠠᠭ ᠤᠨ ᠤᠷᠳᠤᠨ᠂ ᠦᠪᠡᠷᠳᠡᠬᠡᠨ ᠵᠠᠰᠠᠬᠤ ᠤᠷᠤᠨ ᠤ ᠡᠯ᠎ᠡ ᠵᠦᠪᠯᠡᠯ᠂ ᠠᠯᠪᠠᠨ ᠬᠡᠷ᠂ ᠲᠢᠩᠬᠢᠮ᠂ ᠲᠤᠪᠴᠢᠶ᠎ᠡ ᠳᠤ᠄      ︽ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠠᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠠᠵᠢᠯ ᠢ ᠦᠷᠨᠢᠬᠦᠯᠬᠦ ᠶᠢᠨ ᠬᠡᠷᠡᠭᠵᠢᠬᠦᠯᠬᠦ ᠲᠦᠰᠦᠯ︾᠎ ᠢ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠢᠶᠠᠷ ᠵᠦᠪᠰᠢᠶᠡᠷᠡᠭᠦᠯᠦᠬᠡᠳ᠂ ᠡᠳᠦᠬᠡ ᠲᠠᠨᠠᠷ ᠲᠤ ᠲᠠᠷᠤᠮᠠᠯᠯᠠᠨ ᠶᠠᠪᠤᠭᠤᠯᠤᠯ᠎ᠠ᠂ ᠪᠤᠳᠠᠳᠠᠢ ᠲᠠᠢ ᠪᠠᠨ ᠤᠶᠠᠯᠳᠤᠭᠤᠯᠤᠨ᠂ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠳᠤᠭᠠᠢ᠃         ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠦᠨᠳᠦᠰᠦᠨ ᠱᠠᠳᠤᠨ ᠤ         ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ         ᠲᠤᠷᠰᠢᠯᠳᠠ ᠶᠢᠨ ᠠᠵᠢᠯ ᠢ ᠦᠷᠨᠢᠬᠦᠯᠬᠦ ᠶᠢᠨ ᠬᠡᠷᠡᠭᠵᠢᠬᠦᠯᠬᠦ ᠲᠦᠰᠦᠯ      ᠪᠦᠭᠦ ᠤᠷᠤᠨ ᠤ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠠᠵᠢᠯ ᠢ ᠤᠯᠠᠮ ᠨᠢᠬᠡ ᠠᠯᠬᠤᠮ ᠰᠠᠶᠢᠳᠤᠷ ᠬᠢᠵᠦ᠂ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠲᠠᠰᠤᠷᠠᠯᠳᠠ ᠦᠬᠡᠢ ᠭᠦᠨᠵᠡᠬᠡᠶᠢᠷᠡᠬᠦᠯᠦᠨ᠂ ᠵᠠᠰᠠᠭ ᠵᠠᠬᠢᠷᠭᠠᠨ ᠤ ᠦᠷ᠎ᠡ ᠴᠢᠳᠠᠮᠵᠢ ᠶᠢ ᠲᠡᠬᠡᠭᠰᠢᠯᠡᠬᠦᠯᠵᠦ᠂ ᠬᠠᠤᠯᠢ ᠪᠠᠷ ᠵᠠᠰᠠᠬᠤ ᠵᠠᠰᠠᠭ ᠤᠨ ᠤᠷᠳᠤᠨ᠂ ᠦᠢᠯᠡᠴᠢᠯᠡᠬᠦ ᠬᠡᠯᠪᠡᠷᠢ ᠪᠦᠭᠦᠢ ᠵᠠᠰᠠᠭ ᠤᠨ ᠤᠷᠳᠤᠨ ᠢ ᠲᠦᠷᠬᠡᠳᠬᠡᠨ ᠪᠠᠶᠢᠭᠤᠯᠤᠨ᠂ ᠰᠶᠢᠳᠪᠦᠷᠢᠳᠦ ᠪᠤᠳᠤᠯᠭ᠎ᠠ ᠶᠢᠨ ᠲᠤᠨᠨᠳᠠᠭᠠᠯᠳᠠ᠂ ᠬᠡᠷᠡᠭᠵᠢᠬᠦᠯᠦᠯᠳᠡ᠂ ᠬᠠᠮᠢᠶᠠᠷᠤᠯᠳᠠ᠂ ᠦᠢᠯᠡᠴᠢᠯᠡᠭᠡ᠂ ᠦᠷ᠎ᠡ ᠳ᠋ᠦ᠋ᠶᠢᠩ ︵ᠲᠤᠷᠤᠨᠨᠰᠢ ︽ᠲᠠᠪᠤ ᠶᠢ ᠢᠯᠡ ᠪᠤᠯᠭᠠᠬᠤ︾ ᠬᠡᠵᠦ ᠲᠤᠪᠴᠢᠯᠠᠨ᠎ᠠ︶᠎ ᠢ ᠢᠯᠡ ᠪᠤᠯᠭᠠᠬᠤ ᠶᠢ ᠠᠬᠢᠭᠤᠯᠬᠤ ᠶᠢᠨ ᠲᠤᠰᠠᠳᠠ᠂ ︽ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠠᠵᠢᠯ ᠦᠷᠨᠢᠬᠦᠯᠬᠦ ᠲᠦᠰᠦᠯ ᠢ ᠲᠠᠷᠤᠮᠠᠯᠯᠠᠨ ᠶᠠᠪᠤᠭᠤᠯᠬᠤ ᠲᠤᠬᠠᠢ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠤᠨ ᠮᠡᠳᠡᠭᠳᠡᠯ︾ ︵ᠲᠦᠷᠦ ᠠᠯᠪᠠᠨ ᠲᠠᠷᠬᠠᠭᠠᠨᠨᠰᠠᠨ ﹇2017﹈ 42 ᠳ᠋ᠤᠭᠠᠷ ᠲᠤᠭᠠᠳᠤ︶᠎ ᠤᠨ ᠱᠠᠭᠠᠷᠳᠠᠯᠭ᠎ᠠ ᠶᠢ ᠦᠨᠳᠦᠰᠦᠯᠡᠵᠦ᠂ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠠᠵᠢᠯ ᠢ ᠦᠷᠨᠢᠬᠦᠯᠬᠦ ᠪᠠᠷ ᠡᠳᠦᠬᠡ ᠲᠤᠤᠷᠠᠬᠢ ᠲᠦᠰᠦᠯ ᠢ ᠲᠤᠨᠨᠳᠠᠭᠠᠪᠠ᠃      ᠨᠢᠬᠡ᠂ ᠵᠢᠯᠤᠭᠤᠳᠬᠤ ᠦᠵᠡᠯ ᠰᠠᠨᠠᠭ᠎ᠠ      ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠤᠯᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ᠂ ᠲᠦᠷᠪᠡᠳᠦᠬᠡᠷ᠂ ᠲᠠᠪᠤᠳᠤᠭᠠᠷ᠂ ᠵᠢᠷᠭᠤᠳᠤᠭᠠᠷ ᠪᠦᠭᠦᠳᠡ ᠬᠤᠷᠠᠯ ᠤᠨ ᠵᠤᠷᠢᠭ ᠰᠠᠨᠠᠭ᠎ᠠ ᠶᠢ ᠪᠦᠭᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠦ᠂ ᠶᠡᠷᠥᠩᠬᠡᠢ ᠱᠥᠵᠢ ᠰᠢ ᠶᠢᠨ ᠫᠢᠩ ᠤᠨ ᠠᠯᠢ ᠤᠯᠠᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠪᠠ ᠲᠦᠷᠦ ᠶᠢ ᠵᠠᠰᠠᠵᠤ ᠵᠠᠰᠠᠭ ᠪᠠᠷᠢᠬᠤ ᠰᠢᠨ᠎ᠡ ᠣᠨᠣᠯᠵᠢᠬᠤᠨ ᠰᠢᠨ᠎ᠡ ᠥᠵᠡᠯ ᠰᠠᠨᠠᠭ᠎ᠠ ᠰᠢᠨ᠎ᠡ ᠪᠠᠶᠢᠯᠳᠤᠬᠤ ᠪᠤᠳᠤᠯᠭ᠎ᠠ ᠶᠢ ᠭᠦᠨᠵᠡᠬᠡᠢ ᠲᠤᠤᠱᠯᠠᠭᠤᠯᠤᠨ᠂ ᠶᠡᠷᠦᠩᠬᠡᠢ ᠱᠦᠵᠢ ᠰᠢ ᠶᠢᠨ ᠫᠢᠩ ᠤᠨ ᠦᠪᠦᠷ ᠮᠤᠩᠭᠤᠯ ᠢ ᠰᠢᠨᠵᠢᠯᠡᠨ ᠪᠠᠶᠢᠴᠠᠭᠠᠬᠤ ᠳᠤ ᠶᠠᠷᠢᠨᠨᠰᠠᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠪᠦᠭᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠦ᠂ ᠠᠷᠠᠳ ᠲᠦᠮᠡᠨ ᠢᠶᠠᠷ ᠭᠤᠤᠯ ᠪᠤᠯᠭᠠᠨᠨᠰᠠᠨ ᠭᠦᠭᠵᠢᠯᠳᠡ ᠶᠢᠨ ᠦᠵᠡᠯ ᠰᠠᠨᠠᠭ᠎ᠠ ᠶᠢ ᠪᠠᠷᠢᠮᠳᠠᠯᠠᠨ᠂ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠦᠭᠦ ᠲᠠᠯ᠎ᠠ ᠪᠠᠷ ᠠᠬᠢᠭᠤᠯᠬᠤ ᠲᠤᠬᠠᠢ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠰᠶᠢᠳᠪᠦᠷᠢᠳᠦ ᠪᠤᠳᠤᠯᠭ᠎ᠠ ᠶᠢᠨ ᠪᠠᠶᠢᠷᠢᠯᠠᠭᠤᠯᠤᠯᠳᠠ ᠪᠠ ᠦᠪᠡᠷᠳᠡᠬᠡᠨ ᠵᠠᠰᠠᠬᠤ ᠤᠷᠤᠨ ᠤ ᠡᠯ᠎ᠡ ᠵᠦᠢᠯ ᠤᠨ ᠬᠡᠷᠡᠭᠵᠢᠬᠦᠯᠬᠦ ᠠᠷᠭ᠎ᠠ ᠪᠠᠷᠢᠯ ᠢ ᠬᠢᠨᠠᠮᠠᠭᠠᠢ ᠨᠠᠶᠢᠳᠠᠪᠤᠷᠢᠵᠢᠭᠤᠯᠵᠦ᠂ ᠡᠷᠬᠡ ᠶᠢᠨ ᠠᠵᠢᠯᠯᠠᠭᠠᠨ ᠤ ᠪᠦᠭᠦ ᠴᠤᠪᠤᠷᠠᠯ᠂ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠪᠦᠭᠦ ᠶᠠᠪᠤᠴᠠ ᠶᠢᠨ ᠲᠤᠭᠤᠷᠢᠨ ᠳᠤ᠂ ᠲᠤᠷᠰᠢᠯᠳᠠ ᠳᠤ ᠰᠠᠭᠤᠷᠢᠯᠠᠨ ᠰᠦᠪᠡᠭᠴᠢᠯᠡᠯᠳᠡ ᠬᠢᠵᠦ᠂ ᠪᠤᠳᠠᠳᠠᠢ ᠲᠠᠢ ᠨᠢᠨᠨᠳᠠ ᠤᠶᠠᠯᠳᠤᠭᠤᠯᠤᠨ᠂ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠶᠢ ᠢᠳᠡᠪᠬᠢᠳᠡᠢ ᠠᠬᠢᠭᠤᠯᠵᠦ᠂ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠪᠠ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠬᠢᠷᠢ ᠬᠡᠮᠵᠢᠶ᠎ᠡ ᠶᠢ ᠪᠦᠭᠦ ᠲᠡᠯ᠎ᠠ ᠪᠠᠷ ᠲᠡᠬᠡᠭᠰᠢᠯᠡᠬᠦᠯᠦᠨ᠎ᠠ᠃      ᠬᠤᠶᠠᠷ᠂ ᠦᠨᠳᠦᠰᠦᠨ ᠵᠠᠷᠴᠢᠮ      ︵ᠨᠢᠬᠡ︶ ᠬᠡᠷᠡᠭᠴᠡᠭᠡ ᠱᠠᠭᠠᠷᠳᠠᠯᠭ᠎ᠠ ᠪᠠᠷ ᠤᠳᠤᠷᠢᠳᠤᠮᠵᠢ ᠪᠤᠯᠭᠠᠬᠤ ᠶᠢ ᠪᠠᠷᠢᠮᠳᠠᠯᠠᠨ᠎ᠠ᠃ ᠤᠯᠠᠨ ᠲᠦᠮᠡᠨ ᠲᠠᠢ ᠨᠢᠨᠨᠳᠠ ᠬᠠᠷᠢᠴᠠᠭ᠎ᠠ ᠪᠦᠭᠦᠢ ᠵᠠᠰᠠᠭ ᠵᠠᠬᠢᠷᠭᠠᠨ ᠤ ᠠᠵᠢᠯᠯᠠᠭ᠎ᠠ ᠪᠠ ᠦᠢᠯᠡᠴᠢᠯᠡᠬᠡᠨ ᠤ ᠵᠦᠢᠯᠡᠰ ᠤᠨ ᠲᠤᠭᠤᠷᠢᠨ ᠳᠤ᠂ ᠦᠨᠳᠦᠰᠦᠨ ᠱᠠᠳᠤᠨ ᠤ ᠵᠠᠰᠠᠭ ᠤᠨ ᠤᠷᠳᠤᠨ ᠤ ᠤᠯᠠᠨ ᠲᠦᠮᠡᠨ ᠲᠠᠢ ᠰᠢᠭᠤᠳ ᠬᠠᠷᠢᠯᠴᠠᠵᠦ ᠲᠡᠳᠡᠨ ᠳᠤ ᠦᠢᠯᠡᠴᠢᠯᠡᠵᠦ ᠪᠠᠶᠢᠭ᠎ᠠ ᠪᠤᠳᠠᠳᠠᠢ ᠳᠤ ᠰᠠᠭᠤᠷᠢᠯᠠᠵᠦ᠂ ︽ᠢᠯᠡ ᠪᠤᠯᠭᠠᠪᠠᠰᠤ ᠵᠤᠬᠢᠬᠤ ᠶᠢ ᠨᠢ ᠴᠢᠳᠠᠬᠤ ᠶᠢᠨ ᠬᠢᠷᠢ ᠪᠠᠷ ᠢᠯᠡ ᠪᠤᠯᠭᠠᠬᠤ︾ ᠱᠠᠭᠠᠷᠳᠠᠯᠭ᠎ᠠ ᠶᠤᠰᠤᠭᠠᠷ ᠢᠯᠡ ᠪᠤᠯᠭᠠᠬᠤ ᠵᠦᠢᠯᠡᠰ ᠢ ᠪᠦᠭᠦ ᠲᠠᠯ᠎ᠠ ᠪᠠᠷ ᠡᠮᠬᠢᠯᠡᠨ ᠲᠢᠭᠯᠡᠵᠦ᠂ ᠢᠯᠠ ᠪᠤᠯᠭᠠᠬᠤ ᠠᠭᠤᠯᠭ᠎ᠠ ᠶᠢ ᠨᠠᠷᠢᠯᠢᠨᠨᠵᠢᠭᠤᠯᠤᠨ᠂ ᠦᠷ᠎ᠡ ᠪᠦᠳᠦᠮᠵᠢ ᠪᠠᠷ ᠦᠨᠳᠦᠷ᠂ ᠲᠦᠭᠦᠮ ᠲᠦᠳᠡ ᠢᠯᠠ ᠪᠤᠯᠭᠠᠬᠤ ᠠᠷᠭ᠎ᠠ ᠬᠡᠯᠪᠡᠷᠢ ᠶᠢ ᠢᠳᠡᠪᠬᠢᠳᠡᠢ ᠰᠦᠪᠡᠭᠴᠢᠯᠡᠨ᠂ ᠤᠯᠠᠨ ᠲᠦᠮᠡᠨ ᠤ ᠡᠷᠬᠡ ᠠᠰᠢᠭ ᠪᠠ ᠡᠭᠦᠷᠬᠡ ᠳᠤ ᠬᠤᠯᠪᠤᠨᠨᠳᠠᠬᠤ ᠵᠠᠰᠠᠭ ᠵᠠᠬᠢᠷᠭᠠᠨ ᠤ ᠠᠵᠢᠯᠯᠠᠭ᠎ᠠ ᠪᠠ ᠦᠢᠯᠡᠴᠢᠯᠡᠬᠡᠨ ᠤ ᠵᠦᠢᠯᠡᠰ ᠢ ᠴᠠᠭ ᠲᠤᠬᠠᠢ ᠲᠤᠨᠢ ᠤᠨᠤᠪᠴᠢᠳᠠᠢ ᠪᠠᠷ ᠢᠯᠡ ᠪᠤᠯᠭᠠᠵᠦ᠂ ᠤᠯᠠᠨ ᠲᠦᠮᠡᠨ ᠳᠤ ᠤᠯᠵᠦ ᠬᠠᠷᠠᠬᠳᠠᠮᠠᠷ᠂ ᠤᠶᠢᠯᠠᠭᠠᠮᠵᠢ ᠰᠠᠶᠢᠳᠠᠢ᠂ ᠲᠦᠭᠦᠮ ᠭᠦᠷᠳᠡᠬᠡᠮᠵᠢ ᠲᠠᠢ᠂ ᠬᠢᠨᠠᠯᠳᠠ ᠲᠠᠯᠪᠢᠭᠤᠯᠵᠦ ᠪᠤᠯᠬᠤᠶᠢᠴᠠ᠂ ᠤᠷᠤᠯᠴᠠᠭᠤᠯᠬᠤ ᠳᠤ ᠬᠢᠯᠪᠠᠷ ᠪᠠᠶᠢᠯᠭᠠᠨ᠂ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢᠨ ᠬᠠᠨᠳᠤᠯᠠᠭᠠᠳᠤ ᠴᠢᠨᠠᠷ ᠪᠠ ᠪᠤᠳᠠᠳᠠᠢ ᠦᠷ᠎ᠡ ᠪᠦᠳᠦᠮᠵᠢᠳᠦ ᠴᠢᠨᠠᠷ ᠢ ᠤᠯᠠᠮ ᠨᠢᠬᠡ ᠠᠯᠬᠤᠮ ᠲᠡᠬᠡᠭᠰᠢᠯᠡᠬᠦᠯᠦᠨ᠎ᠠ᠃      ︵ᠬᠤᠶᠠᠷ︶ ᠪᠠᠷᠢᠮᠵᠢᠶ᠎ᠠ ᠪᠠᠷ ᠭᠦᠳᠦᠯᠦᠨ ᠲᠠᠭᠠᠭᠤᠯᠬᠤ ᠶᠢ ᠴᠢᠩᠭᠠᠷᠠᠭᠤᠯᠤᠨ᠎ᠠ᠃ ᠤᠯᠤᠰ ᠤᠨ ᠡᠯ᠎ᠡ ᠰᠠᠯᠠᠭ᠎ᠠ ᠮᠦᠴᠢᠷ ᠤᠨ ᠲᠤᠨᠨᠳᠠᠭᠠᠨᠨᠰᠠᠨ ᠵᠠᠰᠠᠭ ᠤᠨ ᠶᠠᠪᠤᠳᠠᠯ ᠢ ᠢᠯᠡ ᠪᠤᠯᠭᠠᠬᠤ ᠪᠠᠷᠢᠮᠵᠢᠶ᠎ᠠ ᠲᠠᠢ ᠨᠢᠨᠨᠳᠠ ᠵᠤᠯᠭᠠᠭᠤᠯᠵᠦ᠂ ᠦᠨᠳᠦᠰᠦᠨ ᠱᠠᠳᠤᠨ ᠤ ᠠᠵᠢᠯ ᠤᠨ ᠪᠤᠳᠠᠳᠠᠢ ᠲᠠᠢ ᠤᠶᠠᠯᠳᠤᠭᠤᠯᠤᠨ᠂ ᠬᠡᠷᠡᠭᠯᠡᠭᠳᠡᠬᠦ ᠪᠠᠷ ᠦᠷᠬᠡᠨ᠂ ᠰᠢᠨᠵᠢᠯᠡᠬᠦ ᠤᠬᠠᠭᠠᠨᠴᠢ ᠴᠢᠨᠠᠷ ᠢᠶᠠᠷ ᠦᠨᠳᠦᠷ᠂ ᠠᠵᠢᠯᠯᠠᠬᠤ ᠴᠢᠨᠠᠷ ᠢᠶᠠᠷ ᠴᠢᠩᠭ᠎ᠠ ᠪᠤᠯᠬᠤ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠤᠨ ᠭᠠᠷᠴᠠᠭ᠂ ᠢᠯᠡ ᠪᠤᠯᠭᠠᠬᠤ ᠪᠠᠷᠢᠮᠵᠢᠶ᠎ᠠ ᠪᠠ ᠢᠯᠡ ᠪᠤᠯᠭᠠᠬᠤ ᠴᠤᠪᠤᠷᠠᠯ ᠢ ᠨᠠᠶᠢᠷᠠᠭᠤᠯᠤᠨ ᠵᠤᠬᠢᠶᠠᠵᠦ᠂ ᠵᠠᠰᠠᠭ ᠤᠨ ᠶᠠᠪᠤᠳᠠᠯ ᠢ ᠢᠯᠡ ᠪᠤᠯᠭᠠᠬᠤ ᠶᠢᠨ ᠨᠢᠬᠡᠳᠦᠯᠳᠡᠢ ᠪᠠᠷᠢᠮᠵᠢᠶᠠᠳᠤ ᠰᠢᠰᠲ᠋ᠧᠮᠵᠢ ᠶᠢ ᠰᠦᠪᠡᠭᠴᠢᠯᠡᠨ ᠪᠠᠶᠢᠭᠤᠯᠵᠦ᠂ ᠵᠠᠰᠠᠭ ᠤᠨ ᠶᠠᠪᠤᠳᠠᠯ ᠢ ᠢᠯᠡ ᠪᠤᠯᠭᠠᠬᠤ ᠬᠢᠬᠡᠳ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠪᠠᠷᠢᠮᠵᠢᠶᠠᠵᠢᠭᠤᠯᠬᠤ ᠯᠤᠭ᠎ᠠ ᠤᠷᠭᠠᠨᠢᠭ ᠢᠶᠠᠷ ᠠᠭᠤᠰᠤᠯᠴᠠᠬᠤ ᠶᠢ ᠠᠬᠢᠭᠤᠯᠤᠨ᠂ ᠲᠤᠷᠰᠢᠯᠳᠠ ᠶᠢᠨ ᠠᠵᠢᠯ ᠢ ᠢᠯᠭᠤᠮ ᠪᠡᠶᠡᠯᠡᠬᠦᠯᠵᠦ᠂ ᠡᠷᠳᠡᠬᠡᠨ ᠪᠤᠳᠠᠳᠠᠢ ᠪᠦᠳᠦᠮᠵᠢ ᠤᠯᠬᠤ ᠪᠤᠯᠭᠠᠨ᠎ᠠ᠃      ︵ᠭᠤᠷᠪᠠ︶ ᠠᠵᠢᠯ ᠤᠨ ᠬᠠᠮᠵᠢᠯᠴᠠᠭ᠎ᠠ ᠶᠢ ᠴᠢᠩᠭᠠᠳᠬᠠᠨ᠎ᠠ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠨᠢ ᠦᠪᠡᠷᠳᠡᠬᠡᠨ ᠵᠠᠰᠠᠬᠤ ᠤᠷᠤᠨ ᠤ ᠡᠯ᠎ᠡ ᠬᠠᠮᠢᠶ᠎ᠠ ᠪᠦᠭᠦᠢ ᠲᠤᠬᠠᠶᠢᠯᠬᠠᠰᠠᠨ ᠠᠵᠢᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠠᠢ ᠬᠠᠮᠳᠤᠷᠠᠯᠴᠠᠨ ᠲᠤᠷᠰᠢᠯᠳᠠ ᠶᠢᠨ ᠠᠵᠢᠯ ᠤᠨ ᠬᠠᠮᠵᠢᠯᠴᠠᠵᠦ ᠵᠢᠯᠤᠭᠤᠳᠬᠤ ᠠᠵᠢᠯ ᠤᠨ ᠲᠤᠨᠨᠳᠠᠴᠠ ᠶᠢ ᠪᠠᠶᠢᠭᠤᠯᠵᠦ᠂ ᠠᠵᠢᠯ ᠢᠶᠠᠨ ᠵᠤᠬᠢᠴᠠᠭᠤᠯᠬᠤ ᠪᠠ ᠪᠦᠭᠦ ᠲᠠᠯ᠎ᠠ ᠪᠠᠷ ᠠᠬᠢᠭᠤᠯᠬᠤ ᠶᠢ ᠴᠢᠩᠭᠠᠳᠬᠠᠨ᠂ ᠦᠪᠡᠷᠳᠡᠬᠡᠨ ᠵᠠᠰᠠᠬᠤ ᠤᠷᠤᠨ ᠤ ᠡᠯ᠎ᠡ ᠬᠠᠮᠢᠶ᠎ᠠ ᠪᠦᠭᠦᠢ ᠲᠤᠬᠠᠶᠢᠯᠬᠠᠰᠠᠨ ᠠᠵᠢᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠲᠤᠷᠰᠢᠯᠳᠠ ᠶᠢᠨ ᠨᠢᠬᠡᠴᠡ ᠳᠤ ᠵᠢᠯᠤᠭᠤᠳᠬᠤ ᠠᠵᠢᠯ ᠢ ᠰᠠᠶᠢᠳᠤᠷ ᠬᠢᠵᠦ᠂ ᠲᠤᠷᠰᠢᠯᠳᠠ ᠬᠢᠭᠰᠡᠨ ᠰᠠᠭᠤᠷᠢᠨ ᠳᠤ ᠦᠪᠡᠷᠳᠡᠬᠡᠨ ᠵᠠᠰᠠᠬᠤ ᠤᠷᠤᠨ ᠤ ᠱᠠᠳᠤᠨ ᠤ ᠨᠢᠬᠡᠳᠦᠯᠳᠡᠢ ᠪᠠᠷᠢᠮᠵᠢᠶᠠᠨ ᠤ ᠵᠢᠷᠤᠮᠵᠢᠯ ᠢ ᠪᠦᠷᠢᠯᠳᠦᠬᠦᠯᠦᠨ᠎ᠠ᠃      ︵ᠲᠦᠷᠪᠡ︶ ᠭᠤᠤᠯᠳᠠᠯᠭ᠎ᠠ ᠲᠠᠢ ᠪᠠᠷ ᠰᠢᠪᠳᠤᠯᠬᠤ ᠶᠢ ᠴᠢᠬᠤᠯᠠᠴᠢᠯᠠᠨ᠎ᠠ᠃ ᠲᠤᠷᠰᠢᠯᠳᠠ ᠶᠢᠨ ᠨᠢᠬᠡᠴᠡ ᠨᠢ ᠬᠤᠳᠠ ᠭᠦᠳᠡᠭᠡ ᠶᠢᠨ ᠲᠦᠯᠦᠪᠵᠢᠬᠦᠯᠬᠡ᠂ ᠪᠦᠳᠦᠬᠡᠨ ᠪᠠᠶᠢᠭᠤᠯᠤᠯᠳᠠ ᠶᠢᠨ ᠴᠢᠬᠤᠯᠠ ᠲᠦᠷᠦᠯ ᠵᠦᠢᠯ᠂ ᠡᠳ᠋ ᠤᠨ ᠵᠠᠰᠠᠭ ᠤᠨ ᠲᠦᠰᠦᠪ ᠪᠠ ᠲᠦᠰᠦᠪ ᠤᠨ ᠭᠦᠢᠴᠡᠳᠬᠡᠯ᠂ ᠭᠠᠶᠢᠯᠢ ᠲᠠᠳᠠᠪᠤᠷᠢ ᠶᠢᠨ ᠬᠠᠮᠢᠶᠠᠷᠤᠯᠳᠠ᠂ ᠤᠷᠴᠢᠨ ᠲᠤᠭᠤᠷᠢᠨ ᠤ ᠬᠠᠮᠠᠭᠠᠯᠠᠯᠳᠠ᠂ ᠢᠳᠡᠬᠡᠨ ᠪᠠ ᠡᠮ ᠤᠨ ᠵᠦᠢᠯ ᠤᠨ ᠬᠢᠨᠠᠯᠳᠠ ᠬᠠᠮᠢᠶᠠᠷᠤᠯᠳᠠ᠂ ᠠᠶᠤᠯ ᠦᠬᠡᠢ ᠦᠢᠯᠡᠳᠪᠦᠷᠢᠯᠡᠯ᠂ ᠤᠯᠠᠨ ᠨᠡᠶᠢᠳᠡ ᠶᠢᠨ ᠰᠤᠶᠤᠯ ᠤᠨ ᠦᠢᠯᠡᠴᠢᠯᠡᠭᠡ᠂ ᠤᠯᠠᠨ ᠨᠡᠶᠢᠳᠡ ᠶᠢᠨ ᠬᠠᠤᠯᠢ ᠴᠠᠭᠠᠵᠠ ᠶᠢᠨ ᠦᠢᠯᠡᠴᠢᠯᠡᠭᠡ ᠵᠡᠷᠬᠡ ᠪᠠᠷᠢᠮᠵᠢᠶᠠᠵᠢᠭᠤᠯᠵᠦ ᠵᠢᠷᠤᠮᠵᠢᠭᠤᠯᠬᠤ 9 ᠲᠠᠯ᠎ᠠ ᠪᠠᠷ ᠬᠢ ᠲᠤᠷᠰᠢᠯᠳᠠ ᠶᠢᠨ ᠠᠵᠢᠯ ᠢ ᠰᠠᠶᠢᠳᠤᠷ ᠬᠢᠬᠦ ᠶᠢᠨ ᠬᠠᠮᠳᠤ᠂ ᠪᠤᠳᠠᠳᠠᠢ ᠲᠠᠢ ᠪᠠᠨ ᠤᠶᠠᠯᠳᠤᠭᠤᠯᠤᠨ ᠬᠠᠮᠢᠶ᠎ᠠ ᠪᠦᠭᠦᠢ ᠠᠭᠤᠯᠭ᠎ᠠ ᠶᠢ ᠵᠤᠬᠢᠰᠳᠠᠢ ᠨᠡᠮᠡᠵᠦ ᠪᠤᠯᠤᠨ᠎ᠠ᠃ ᠤᠯᠤᠰ ᠠᠴᠠ ᠲᠤᠬᠢᠷᠠᠭᠤᠯᠤᠨᠨᠰᠠᠨ ᠲᠤᠷᠰᠢᠯᠳᠠ ᠶᠢᠨ ᠡᠭᠦᠷᠬᠡ ᠶᠢ ᠦᠨᠳᠦᠷ ᠬᠢᠷᠢ ᠬᠡᠮᠵᠢᠶ᠎ᠡ ᠲᠠᠢ ᠪᠠᠷ ᠪᠡᠶᠡᠯᠡᠬᠦᠯᠬᠦ ᠮᠦᠷᠳᠡᠬᠡᠨ ᠵᠤᠬᠢᠬᠤ ᠬᠡᠮᠵᠢᠶ᠎ᠡ ᠪᠠᠷ ᠤᠷᠢᠳᠴᠢᠯᠠᠬᠤ ᠪᠠ ᠵᠤᠷᠢᠨᠨᠳᠠᠢ ᠪᠠᠷ ᠰᠢᠨ᠎ᠠ ᠶᠢ ᠡᠭᠦᠳᠴᠤ᠂ ᠲᠤᠷᠰᠢᠯᠭ᠎ᠠ ᠪᠠᠨ ᠲᠠᠰᠤᠷᠠᠯᠳᠠ ᠦᠬᠡᠢ ᠳ᠋ᠦᠩᠨᠡᠨ᠂ ᠲᠤᠷᠰᠢᠯᠳᠠ ᠶᠢᠨ ᠠᠵᠢᠯ ᠢᠶᠠᠷ ᠪᠦᠭᠦ ᠤᠷᠤᠨ ᠤ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠢ ᠪᠦᠭᠦᠯᠢ ᠴᠤᠨᠨᠴᠠ ᠪᠠᠷ ᠲᠡᠬᠡᠭᠰᠢᠯᠡᠬᠦᠯᠦᠨ᠎ᠠ᠃      ︵ᠲᠠᠪᠤ︶ ᠬᠤᠭᠤᠴᠠᠭ᠎ᠠ ᠶᠤᠰᠤᠭᠠᠷ ᠠᠯᠬᠤᠮ ᠬᠤᠪᠢᠶᠠᠵᠦ ᠬᠡᠷᠡᠭᠵᠢᠭᠦᠯᠦᠨ᠎ᠡ᠃ ︽ᠶᠡᠷᠦᠩᠬᠡᠢ ᠴᠤᠨᠨᠴᠠ ᠪᠠᠷ ᠲᠦᠯᠦᠪᠵᠢᠬᠦᠯᠬᠦ᠂ ᠠᠯᠬᠤᠮ ᠬᠤᠪᠢᠶᠠᠵᠦ ᠬᠡᠷᠡᠭᠵᠢᠬᠦᠯᠬᠦ︾ ᠵᠠᠷᠴᠢᠮ ᠶᠤᠰᠤᠭᠠᠷ᠂ ᠡᠯ᠎ᠡ ᠲᠤᠨᠨᠳ᠋ᠬᠠᠰᠠᠨ ᠬᠤᠭᠤᠴᠠᠭᠠᠨ ᠤ ᠭᠤᠤᠯ ᠠᠵᠢᠯ ᠤᠨ ᠬᠠᠷᠠᠯᠳᠠ ᠪᠠ ᠪᠤᠳᠠᠳᠠᠢ ᠠᠷᠭ᠎ᠠ ᠪᠠᠷᠢᠯ ᠢ ᠰᠠᠶᠢᠳᠤᠷ ᠲᠤᠨᠨᠳᠠᠭᠠᠨ᠂ ᠨᠠᠷᠢᠨ ᠨᠢᠮᠪᠠᠢ ᠵᠤᠬᠢᠶᠠᠨ ᠪᠠᠶᠢᠭᠤᠯᠵᠦ᠂ ᠡᠮᠬᠢ ᠵᠢᠷᠤᠮ ᠲᠠᠢ ᠠᠬᠢᠭᠤᠯᠤᠨ᠎ᠠ᠃      ᠭᠤᠷᠪᠠ᠂ ᠲᠤᠷᠰᠢᠯᠳᠠ ᠶᠢᠨ ᠨᠢᠬᠡᠴᠡ      ᠲᠦᠷᠦ ᠠᠯᠪᠠᠨ ᠲᠠᠷᠬᠠᠭᠠᠨᠨᠰᠠᠨ ﹇2017﹈ 42 ᠳ᠋ᠤᠭᠠᠷ ᠲᠤᠭᠠᠳᠤ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠶᠤᠰᠤᠭᠠᠷ᠂ ᠭᠦᠬᠡᠬᠤᠳᠠ ᠶᠢᠨ ᠰᠢᠨ᠎ᠠ ᠬᠤᠳᠠ ᠲᠤᠭᠤᠷᠢᠭ᠂ ᠪᠤᠭᠤᠳᠤ ᠶᠢᠨ ᠬᠤᠪᠤᠷ ᠰᠢᠷᠤᠢ ᠶᠢᠨ ᠲᠡᠬᠡᠳᠦ ᠰᠢᠨ᠎ᠠ ᠮᠡᠷᠬᠡᠵᠢᠯ ᠤᠨ ᠠᠵᠦ ᠦᠢᠯᠡᠰ ᠤᠨ ᠲᠤᠭᠤᠷᠢᠭ᠂ ᠬᠢᠩᠭᠠᠨ ᠠᠶᠢᠮᠠᠭ ᠤᠨ ᠤᠯᠠᠭᠠᠨᠬᠤᠳᠠ᠂ ᠲᠦᠩᠯᠢᠶᠤᠤ ᠬᠤᠳᠠ ᠶᠢᠨ ᠺᠠᠶᠢᠯᠤ ᠰᠢᠶᠠᠨ᠂ ᠤᠯᠠᠭᠠᠨᠬᠠᠳᠠ ᠶᠢᠨ ᠬᠡᠰᠢᠭᠳᠡᠨ ᠬᠤᠰᠢᠭᠤ᠂ ᠰᠢᠯᠢ ᠶᠢᠨ ᠭᠤᠤᠯ ᠠᠶᠢᠮᠠᠭ ᠤᠨ ᠭᠦᠪᠡᠬᠡᠳᠦ ᠰᠢᠷ᠎ᠠ ᠬᠤᠰᠢᠭᠤ᠂ ᠦᠬᠠᠢ ᠬᠤᠳᠠ ᠶᠢᠨ ᠬᠠᠶᠢᠷᠤᠪ ᠤᠨ ᠲᠤᠬᠤᠢ ᠲᠤᠭᠤᠷᠢᠭ ᠵᠡᠷᠬᠡ 7 ᠬᠤᠰᠢᠭᠤ ᠰᠢᠶᠠᠨ ︵ᠬᠤᠳᠠ᠂ ᠲᠤᠭᠤᠷᠢᠭ︶᠎ ᠢ ᠲᠤᠷᠰᠢᠯᠳᠠ ᠶᠢᠨ ᠨᠢᠬᠡᠴᠡ ᠪᠤᠯᠭᠠᠨ᠎ᠠ᠃      ᠲᠦᠷᠪᠡ᠂ ᠲᠤᠷᠰᠢᠯᠳᠠ ᠶᠢᠨ ᠬᠠᠷᠠᠯᠳᠠ      2018 ᠤᠨ ᠤ 8 ᠳ᠋ᠤᠭᠠᠷ ᠰᠠᠷ᠎ᠠ ᠶᠢᠨ ᠰᠡᠬᠦᠯᠴᠢ ᠠᠴᠠ ᠡᠮᠤᠨ᠎ᠠ᠂ ᠲᠤᠷᠰᠢᠯᠳᠠ ᠶᠢᠨ 7 ᠨᠢᠬᠡᠴᠡ ᠨᠢ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠡᠭᠦᠷᠬᠡ ᠶᠢ ᠪᠡᠶᠡᠯᠡᠬᠦᠯᠵᠦ᠂ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠬᠢᠷᠢ ᠬᠡᠮᠵᠢᠶ᠎ᠡ ᠶᠢ ᠪᠦᠳᠦᠮᠵᠢᠳᠡᠢ ᠲᠡᠬᠡᠭᠰᠢᠯᠡᠬᠦᠯᠦᠨ᠂ ᠵᠢᠷᠤᠮᠯᠠᠨ ᠲᠠᠭᠠᠵᠦ ᠪᠤᠯᠬᠤᠶᠢᠴᠠ᠂ ᠲᠡᠯᠬᠡᠷᠡᠭᠦᠯᠦᠨ ᠬᠡᠷᠡᠭᠵᠢᠬᠦᠯᠵᠦ ᠪᠤᠯᠬᠤᠶᠢᠴᠠ᠂ ᠰᠢᠯᠭᠠᠨ ᠬᠢᠨᠠᠵᠦ ᠪᠤᠯᠬᠤᠶᠢᠴᠠ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠪᠠᠷᠢᠮᠵᠢᠶ᠎ᠠ ᠪᠠ ᠵᠢᠷᠤᠮᠵᠢᠯ ᠢ ᠪᠦᠷᠢᠯᠳᠦᠬᠦᠯᠬᠦ ᠶᠢᠨ ᠬᠠᠮᠳᠤ᠂ ᠲᠤᠷᠰᠢᠯᠳᠠ ᠶᠢᠨ ᠲᠤᠷᠰᠢᠯᠭ᠎ᠠ ᠪᠠ ᠠᠷᠭ᠎ᠠ ᠬᠢᠳᠡᠯ ᠢᠶᠠᠨ ᠬᠤᠷᠢᠶᠠᠩᠭᠤᠶᠢᠯᠠᠨ᠂ ᠴᠢᠬ ᠢᠶᠠᠷ ᠨᠡᠶᠢᠳᠡᠮ ᠢ ᠲᠠᠭᠠᠭᠤᠯᠵᠦ᠂ ᠪᠦᠭᠦ ᠤᠯᠤᠰ ᠪᠠ ᠮᠠᠨ ᠤ ᠤᠷᠤᠨ ᠳᠠᠬᠢ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠢ ᠦᠷᠭᠦᠯᠵᠢᠯᠡᠨ ᠠᠬᠢᠭᠤᠯᠬᠤ ᠳᠤ ᠵᠢᠱᠢᠶ᠎ᠡ ᠦᠵᠡᠬᠦᠯᠬᠦ ᠦᠷ᠎ᠡ ᠨᠦᠯᠦᠬᠡ ᠶᠢ ᠪᠠᠳᠠᠷᠠᠭᠤᠯᠤᠨ᠂ ᠯᠠᠪᠯᠠᠯᠳᠠ ᠪᠤᠯᠭᠠᠬᠤ ᠲᠤᠷᠰᠢᠯᠭ᠎ᠠ ᠬᠠᠩᠭᠠᠨ᠎ᠠ᠃      ᠲᠠᠪᠤ᠂ ᠭᠤᠤᠯᠳᠠᠯᠭ᠎ᠠ ᠲᠠᠢ ᠡᠭᠦᠷᠬᠡ      ︵ᠨᠢᠬᠡ︶ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠢ ᠡᠮᠬᠢᠯᠡᠨ ᠲᠢᠭᠯᠡᠨ᠎ᠡ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠨᠢ ᠦᠪᠡᠷᠳᠡᠬᠡᠨ ᠵᠠᠰᠠᠬᠤ ᠤᠷᠤᠨ ᠤ ᠬᠠᠮᠢᠶ᠎ᠠ ᠪᠦᠭᠦᠢ ᠰᠠᠯᠠᠭ᠎ᠠ ᠮᠦᠴᠢᠷ ᠲᠠᠢ ᠬᠠᠮᠳᠤᠷᠠᠯᠴᠠᠨ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠤᠨ ᠪᠠᠷᠢᠮᠵᠢᠶ᠎ᠠ ᠶᠢᠨ ᠭᠠᠷᠴᠠᠭ ᠵᠢᠴᠢ ᠢᠯᠠ ᠪᠤᠯᠭᠠᠬᠤ ᠴᠤᠪᠤᠷᠠᠯ ᠢ ᠡᠮᠬᠢᠯᠡᠨ ᠲᠢᠭᠯᠡᠬᠦ ᠵᠢᠷᠤᠮᠵᠢᠯ ᠢ ᠵᠤᠬᠢᠶᠠᠨ ᠪᠠᠶᠢᠭᠤᠯᠤᠨ ᠨᠠᠶᠢᠷᠠᠭᠤᠯᠤᠨ ᠵᠤᠬᠢᠶᠠᠵᠦ᠂ ᠬᠠᠮᠢᠶ᠎ᠠ ᠪᠦᠭᠦᠢ ᠡᠮᠬᠢᠯᠡᠨ ᠲᠢᠭᠯᠡᠬᠦ ᠠᠵᠢᠯ ᠳᠤ ᠵᠢᠯᠤᠭᠤᠳᠤᠮᠵᠢ ᠬᠠᠩᠭᠠᠨ᠎ᠠ᠃ ᠡᠯ᠎ᠡ ᠲᠤᠷᠰᠢᠯᠳᠠ ᠶᠢᠨ ᠨᠢᠬᠡᠴᠡ ᠨᠢ ᠮᠦᠨᠬᠦ ᠲᠤᠷᠰᠢᠯᠳᠠ ᠶᠢᠨ ᠴᠠᠷᠠᠭᠠᠨ ᠳᠤ ᠬᠤᠯᠪᠤᠨᠨᠳ᠋ᠬᠠᠰᠠᠨ ᠢᠯᠠ ᠪᠤᠯᠭᠠᠬᠤ ᠵᠦᠢᠯᠡᠰ ᠲᠤ ᠬᠠᠨᠳᠤᠭᠤᠯᠤᠨ᠂ ᠡᠷᠬᠡ ᠬᠠᠷᠢᠭᠤᠴᠠᠯᠭ᠎ᠠ ᠶᠢᠨ ᠨᠠᠷᠢᠨ ᠬᠠᠭᠤᠳᠠᠰᠤ ᠪᠠ ᠤᠯᠠᠨ ᠨᠡᠶᠢᠳᠡ ᠶᠢᠨ ᠦᠢᠯᠡᠴᠢᠯᠡᠬᠡᠨ ᠤ ᠵᠦᠢᠯᠡᠰ ᠢ ᠦᠨᠳᠦᠰᠦᠯᠡᠵᠦ ᠪᠦᠭᠦ ᠲᠡᠯ᠎ᠡ ᠪᠠᠷ ᠡᠮᠬᠢᠯᠡᠨ ᠲᠢᠭᠯᠡᠬᠦ ᠶᠢᠨ ᠬᠠᠮᠳᠤ᠂ ᠵᠤᠷᠪᠤᠰ ᠤᠨ ᠠᠷᠭ᠎ᠠ ᠬᠡᠯᠪᠡᠷᠢ ᠶᠤᠰᠤᠭᠠᠷ ᠵᠦᠢᠯ ᠲᠠᠷᠠᠭᠠᠯᠠᠨ ᠨᠠᠷᠢᠯᠢᠨᠨᠵᠢᠭᠤᠯᠤᠨ ᠲᠦᠷᠦᠯ ᠬᠤᠪᠢᠶᠠᠵᠦ᠂ ᠢᠯᠡ ᠪᠤᠯᠭᠠᠬᠤ ᠵᠦᠢᠯᠡᠰ ᠤᠨ ᠲᠦᠷᠦᠯ ᠠᠩᠬᠢᠯᠠᠯᠳᠠ ᠨᠢ ᠰᠢᠨᠵᠢᠯᠡᠬᠦ ᠤᠬᠠᠭᠠᠨᠴᠢ᠂ ᠨᠡᠷᠡᠶᠢᠳᠦᠯ ᠨᠢ ᠵᠢᠷᠤᠮᠵᠢᠯ ᠲᠠᠢ᠂ ᠵᠢᠭᠠᠯᠳᠠ ᠨᠢ ᠲᠤᠳᠤᠷᠬᠠᠢ ᠪᠠᠶᠢᠬᠤ ᠶᠢ ᠦᠨᠡᠨᠬᠦ ᠪᠠᠳᠤᠯᠠᠨ᠎ᠠ᠃      ︵ᠬᠤᠶᠠᠷ︶ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠤᠨ ᠪᠠᠷᠢᠮᠵᠢᠶ᠎ᠠ ᠶᠢ ᠨᠠᠶᠢᠷᠠᠭᠤᠯᠤᠨ ᠵᠤᠬᠢᠶᠠᠨ᠎ᠠ᠃ ᠲᠤᠷᠰᠢᠯᠳᠠ ᠶᠢᠨ ᠨᠢᠬᠡᠴᠡ ᠨᠢ ᠪᠦᠭᠦ ᠲᠠᠯ᠎ᠠ ᠪᠠᠷ ᠡᠮᠬᠢᠯᠡᠨ ᠲᠢᠭᠯᠡᠵᠦ ᠨᠠᠷᠢᠯᠢᠨᠨᠵᠢᠭᠤᠯᠤᠨᠨᠰᠠᠨ ᠰᠠᠭᠤᠷᠢᠨ ᠳᠤ᠂ ᠪᠤᠳᠠᠳᠠᠢ ᠵᠦᠢᠯᠡᠰ ᠪᠦᠷᠢ ᠶᠢᠨ ᠢᠯᠡ ᠨᠡᠶᠢᠳᠡᠯᠡᠬᠦ ᠪᠠᠷᠢᠮᠵᠢᠶ᠎ᠠ ᠶᠢ ᠵᠦᠢᠯ ᠲᠠᠷᠠᠭᠠᠯᠠᠨ ᠲᠤᠨᠨᠳᠠᠭᠠᠨ᠎ᠠ᠂ ᠡᠭᠦᠨ ᠳᠤ ᠢᠯᠡ ᠪᠤᠯᠭᠠᠬᠤ ᠵᠦᠢᠯᠡᠰ ᠤᠨ ᠨᠡᠷᠡᠶᠢᠳᠦᠯ᠂ ᠦᠨᠳᠦᠰᠦᠯᠡᠯ ᠵᠢᠴᠢ ᠢᠯᠠ ᠪᠤᠯᠭᠠᠬᠤ ᠴᠢᠬᠤᠯᠠᠳᠠᠢ ᠠᠭᠤᠯᠭ᠎ᠠ᠂ ᠭᠤᠤᠯ ᠴᠤᠨᠨᠴᠠ᠂ ᠴᠠᠭ ᠤᠨ ᠬᠢᠵᠠᠭᠠᠷ᠂ ᠠᠷᠭ᠎ᠠ ᠮᠠᠶ᠋ᠢᠭ ᠵᠡᠷᠬᠡ ᠭᠦᠴᠦᠨ ᠵᠦᠢᠯ ᠢ ᠪᠠᠭᠳᠠᠭᠠᠨ᠂ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠤᠨ ᠪᠠᠷᠢᠮᠵᠢᠶ᠎ᠠ ᠶᠢᠨ ᠭᠠᠷᠴᠠᠭ ᠢ ᠬᠤᠷᠢᠶᠠᠩᠭᠤᠶᠢᠯᠠᠵᠦ ᠨᠠᠶᠢᠷᠠᠭᠤᠯᠤᠨ ᠵᠤᠬᠢᠶᠠᠬᠤ ᠶᠢᠨ ᠬᠠᠮᠳᠤ᠂ ᠭᠦᠳᠡᠯᠦᠩᠬᠦᠢ ᠪᠠᠷ ᠲᠤᠬᠢᠷᠠᠭᠤᠯᠬᠤ ᠶᠢ ᠬᠡᠷᠡᠭᠵᠢᠭᠦᠯᠦᠨ᠎ᠡ᠃ ᠦᠪᠡᠷᠳᠡᠬᠡᠨ ᠵᠠᠰᠠᠬᠤ ᠤᠷᠤᠨ ᠤ ᠡᠯ᠎ᠡ ᠬᠠᠮᠢᠶ᠎ᠠ ᠪᠦᠭᠦᠢ ᠲᠤᠬᠠᠶᠢᠯᠬᠠᠰᠠᠨ ᠠᠵᠢᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠨᠢ ᠨᠠᠶᠢᠷᠠᠭᠤᠯᠤᠨ ᠵᠤᠬᠢᠶᠠᠬᠤ ᠠᠵᠢᠯ ᠢ ᠵᠢᠭᠠᠨ ᠵᠢᠯᠤᠭᠤᠳᠬᠤ ᠪᠠᠨ ᠴᠢᠩᠭᠠᠳᠬᠠᠵᠦ᠂ ᠡᠯ᠎ᠡ ᠲᠤᠷᠰᠢᠯᠳᠠ ᠶᠢᠨ ᠨᠢᠬᠡᠴᠡ ᠨᠢ ᠰᠠᠨᠠᠭᠠᠴᠢᠯᠠᠭ᠎ᠠ ᠠᠴᠠ ᠪᠠᠨ ᠤᠶᠢᠯᠠᠭᠠᠯᠴᠠᠵᠦ ᠬᠠᠮᠳᠤᠷᠠᠯᠴᠠᠨ᠂ ᠲᠤᠷᠰᠢᠯᠳᠠ ᠶᠢᠨ ᠠᠵᠢᠯ ᠢᠶᠠᠷ ᠲᠠᠮᠵᠢᠭᠤᠯᠤᠨ ᠪᠠᠷᠢᠮᠵᠢᠶ᠎ᠠ ᠶᠢ ᠲᠠᠰᠤᠷᠠᠯᠳᠠ ᠦᠬᠡᠢ ᠰᠢᠯᠭᠠᠨ ᠪᠠᠶᠢᠴᠠᠭᠠᠵᠦ᠂ ᠲᠡᠭᠦᠯᠳᠡᠷᠵᠢᠭᠦᠯᠦᠨ᠎ᠠ᠃      ︵ᠭᠤᠷᠪᠠ︶ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠴᠤᠪᠤᠷᠠᠯ ᠢ ᠵᠢᠷᠤᠮᠵᠢᠭᠤᠯᠤᠨ᠎ᠠ᠃ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠤᠨ ᠪᠠᠷᠢᠮᠵᠢᠶ᠎ᠠ ᠶᠢ ᠨᠠᠶᠢᠷᠠᠭᠤᠯᠤᠨ ᠵᠤᠬᠢᠶᠠᠬᠤ ᠶᠢᠨ ᠬᠠᠮᠳᠤ᠂ ᠵᠠᠰᠠᠭ ᠤᠨ ᠤᠷᠳᠤᠨ ᠤ ᠡᠭᠦᠷᠬᠡ ᠴᠢᠳᠠᠪᠤᠷᠢ ᠶᠢ ᠬᠤᠪᠢᠷᠠᠭᠤᠯᠬᠤ ᠪᠠ ︽ᠲᠠᠪᠤ ᠶᠢ ᠢᠯᠡ ᠪᠤᠯᠭᠠᠬᠤ︾᠎ ᠶᠢ ᠠᠬᠢᠭᠤᠯᠬᠤ ᠱᠠᠭᠠᠷᠳᠠᠯᠭ᠎ᠠ ᠶᠤᠰᠤᠭᠠᠷ᠂ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠴᠤᠪᠤᠷᠠᠯ ᠢ ᠪᠦᠭᠦ ᠲᠠᠯ᠎ᠠ ᠪᠠᠷ ᠡᠮᠬᠢᠯᠡᠨ ᠲᠢᠭᠯᠡᠬᠦ ᠪᠠ ᠰᠢᠯᠢᠳᠡᠭᠵᠢᠬᠦᠯᠵᠦ᠂ ᠠᠵᠢᠯ ᠤᠨ ᠲᠤᠨᠨᠳᠠᠴᠠ ᠶᠢ ᠪᠦᠷᠢᠨᠰᠢᠬᠦᠯᠦᠨ᠂ ︽ᠲᠠᠪᠤ ᠶᠢ ᠢᠯᠡ ᠪᠤᠯᠭᠠᠬᠤ︾ ᠠᠵᠢᠯ ᠤᠨ ᠱᠠᠭᠠᠷᠳᠠᠯᠭ᠎ᠠ ᠶᠢ ᠪᠢᠴᠢᠭ ᠮᠠᠲ᠋ᠧᠷᠢᠶᠠᠯ ᠭᠦᠢᠴᠡᠳᠬᠡᠬᠦ᠂ ᠬᠤᠷᠠᠯ ᠤᠨ ᠶᠠᠪᠤᠳᠠᠯ ᠭᠦᠢᠴᠡᠳᠬᠡᠬᠦ ᠶᠠᠪᠤᠴᠠ ᠳᠤ ᠪᠤᠳᠠᠳᠠᠢ ᠨᠠᠶᠢᠳᠠᠪᠤᠷᠢᠵᠢᠭᠤᠯᠵᠦ᠂ ᠨᠡᠶᠢᠳᠡᠯᠡᠬᠦ᠂ ᠲᠠᠶᠢᠯᠪᠤᠷᠢᠯᠠᠬᠤ᠂ ᠬᠠᠷᠢᠭᠤ ᠦᠭᠭᠦ ᠶᠢ ᠠᠯᠬᠤᠮ ᠲᠠᠷᠠᠭ᠎ᠠ ᠲᠠᠢ ᠵᠤᠯᠭᠠᠭᠤᠯᠬᠤ ᠶᠢ ᠠᠬᠢᠭᠤᠯᠤᠨ᠎ᠠ᠃      ︵ᠲᠦᠷᠪᠡ︶ ᠵᠠᠰᠠᠭ ᠤᠨ ᠶᠠᠪᠤᠳᠠᠯ ᠢ ᠢᠯᠡ ᠪᠤᠯᠭᠠᠬᠤ ᠠᠷᠭ᠎ᠠ ᠮᠠᠶ᠋ᠢᠬ ᠢ ᠲᠡᠭᠦᠯᠳᠡᠷᠵᠢᠭᠦᠯᠦᠨ᠎ᠠ᠃ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠤᠨ ︽ᠵᠠᠰᠠᠭ ᠤᠨ ᠤᠷᠳᠤᠨ ᠤ ᠰᠦᠯᠵᠢᠶᠡᠨ ᠦᠷᠳᠡᠭᠡ ᠶᠢᠨ ᠭᠦᠭᠵᠢᠯᠳᠡ ᠶᠢᠨ ᠵᠢᠯᠤᠭᠤᠳᠤᠮᠵᠢ︾ ︵ᠲᠦᠷᠦ ᠠᠯᠪᠠᠨ ᠲᠠᠷᠬᠠᠭᠠᠨᠨᠰᠠᠨ ﹇2017﹈ 47 ᠳ᠋ᠤᠭᠠᠷ ᠲᠤᠭᠠᠳᠤ ᠪᠢᠴᠢᠭ ᠮᠠᠲ᠋ᠧᠷᠢᠶᠠᠯ︶ ᠵᠡᠷᠬᠡ ᠬᠠᠮᠢᠶ᠎ᠠ ᠪᠦᠭᠦᠢ ᠱᠠᠭᠠᠷᠳᠠᠯᠭ᠎ᠠ ᠶᠤᠰᠤᠭᠠᠷ᠂ ᠵᠠᠰᠠᠭ ᠤᠨ ᠶᠠᠪᠤᠳᠠᠯ ᠢ ᠢᠯᠡ ᠪᠤᠯᠭᠠᠬᠤ ᠲᠡᠪᠴᠡᠩ ᠢ ᠪᠠᠷᠢᠮᠵᠢᠶᠠᠵᠢᠭᠤᠯᠵᠦ ᠵᠢᠷᠤᠮᠵᠢᠭᠤᠯᠬᠤ ᠶᠢ ᠲᠦᠷᠬᠡᠳᠬᠡᠨ ᠠᠬᠢᠭᠤᠯᠵᠦ᠂ ᠵᠠᠰᠠᠭ ᠤᠨ ᠤᠷᠳᠤᠨ ᠤ ᠰᠦᠯᠵᠢᠶᠡᠨ ᠦᠷᠳᠡᠬᠡᠨ ᠤ ᠠᠭᠤᠯᠭ᠎ᠠ ᠶᠢᠨ ᠪᠠᠶᠢᠭᠤᠯᠤᠯᠳᠠ ᠪᠠ ᠬᠠᠮᠢᠶᠠᠷᠤᠯᠳᠠ ᠶᠢ ᠴᠢᠩᠭᠠᠳᠬᠠᠨ᠂ ᠵᠠᠰᠠᠭ ᠤᠨ ᠤᠷᠳᠤᠨ ᠤ ᠰᠦᠯᠵᠢᠶᠡᠨ ᠦᠷᠳᠡᠭᠡ ᠶᠢᠨ ᠮᠡᠳᠡᠭᠡ ᠵᠠᠩᠬᠢ ᠶᠢ ᠢᠯᠡ ᠪᠤᠯᠭᠠᠬᠤ ᠲᠡᠷᠢᠬᠦᠨ ᠲᠡᠪᠴᠡᠩ ᠤᠨ ᠦᠢᠯᠡᠳᠦᠯ ᠢ ᠪᠠᠳᠠᠷᠠᠭᠤᠯᠤᠨ᠎ᠠ᠃ ᠦᠨᠳᠦᠰᠦᠨ ᠱᠠᠳᠤᠨ ᠤ ᠪᠤᠳᠠᠳᠠᠢ ᠪᠠᠶᠢᠳᠠᠯ ᠢ ᠦᠨᠳᠦᠰᠦᠯᠡᠵᠦ᠂ ᠵᠠᠰᠠᠭ ᠤᠨ ᠶᠠᠪᠤᠳᠠᠯ ᠤᠨ ᠰᠢᠨ᠎ᠠ ᠵᠠᠭᠤᠴᠢᠯᠠᠭᠤᠷ᠂ ᠷᠠᠳᠢᠤ᠋᠂ ᠲᠧᠯᠸᠢᠰ᠂ ᠰᠤᠨᠢᠨ᠂ ᠢᠯᠡ ᠪᠠᠷ ᠵᠠᠷᠯᠠᠬᠤ ᠰᠠᠮᠪᠠᠷ᠎ᠠ ᠵᠡᠷᠬᠡ ᠲᠡᠪᠴᠡᠩ ᠪᠠ ᠠᠵᠢᠯ ᠶᠠᠪᠤᠳᠠᠯ ᠭᠦᠢᠴᠡᠳᠬᠡᠬᠦ ᠲᠢᠩᠬᠢᠮ᠂ ᠠᠷᠠᠳ ᠲᠤ ᠲᠦᠭᠦᠮ ᠦᠵᠡᠬᠦᠯᠬᠦ ᠴᠤᠩᠬᠤᠪᠴᠢ ᠵᠡᠷᠬᠡ ᠲᠠᠯᠠᠪᠤᠷ ᠭᠠᠵᠠᠷ ᠢ ᠶᠡᠷᠦᠩᠬᠡᠶᠢᠯᠡᠨ ᠠᠰᠢᠨᠨᠯᠠᠵᠦ᠂ ᠵᠠᠰᠠᠭ ᠤᠨ ᠶᠠᠪᠤᠳᠠᠯ ᠤᠨ ᠮᠡᠳᠡᠭᠡ ᠵᠠᠩᠬᠢ ᠶᠢ ᠤᠯᠠᠨ ᠠᠷᠭ᠎ᠠ ᠵᠠᠮ ᠢᠶᠠᠷ ᠨᠡᠶᠢᠳᠡᠯᠡᠨ᠂ ᠨᠡᠶᠢᠳᠡ ᠤᠯᠠᠨ ᠤ ᠬᠠᠶᠢᠵᠦ ᠯᠠᠪᠯᠠᠬᠤ ᠪᠠ ᠤᠯᠵᠦ ᠭᠦᠷᠳᠡᠬᠦ ᠳᠤ ᠲᠦᠭᠦᠮ ᠦᠵᠡᠬᠦᠯᠦᠨ᠎ᠠ᠃     ᠵᠢᠷᠭᠤᠭ᠎ᠠ᠂ ᠠᠵᠢᠯ ᠤᠨ ᠠᠬᠢᠴᠠ      ︵ᠨᠢᠬᠡ︶ ᠬᠡᠷᠡᠭᠵᠢᠬᠦᠯᠬᠦ ᠲᠦᠰᠦᠯ ᠢ ᠲᠤᠨᠨᠳᠠᠭᠠᠨ᠎ᠠ᠃ ᠡᠯ᠎ᠡ ᠲᠤᠷᠰᠢᠯᠳᠠ ᠶᠢᠨ ᠨᠢᠬᠡᠴᠡ ᠨᠢ ᠪᠤᠳᠠᠳᠠᠢ ᠲᠠᠢ ᠪᠠᠨ ᠤᠶᠠᠯᠳᠤᠭᠤᠯᠤᠨ ᠪᠤᠳᠠᠳᠠᠢ ᠬᠡᠷᠡᠭᠵᠢᠬᠦᠯᠬᠦ ᠲᠦᠰᠦᠯ ᠢ ᠱᠠᠯᠠᠪᠳᠠᠨ ᠲᠤᠨᠨᠳᠠᠭᠠᠵᠦ᠂ ᠡᠭᠦᠷᠬᠡ ᠪᠠ ᠠᠷᠭ᠎ᠠ ᠠᠪᠴᠢᠯ ᠢ ᠨᠠᠷᠢᠯᠢᠨᠨᠵᠢᠭᠤᠯᠬᠤ ᠶᠢᠨ ᠬᠠᠮᠳᠤ᠂ 2017 ᠤᠨ ᠤ 9 ᠳ᠋ᠤᠬᠡᠷ ᠰᠠᠷ᠎ᠠ ᠶᠢᠨ ᠰᠡᠬᠦᠯᠴᠢ ᠠᠴᠠ ᠡᠮᠤᠨ᠎ᠠ ᠲᠦᠰᠦᠯ ᠢ ᠪᠠᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠳᠤ ᠭᠦᠷᠬᠡᠨ ᠮᠡᠳᠡᠬᠦᠯᠵᠦ ᠪᠦᠷᠢᠳᠬᠡᠨ ᠲᠠᠩᠰᠠᠯᠠᠭᠤᠯᠤᠨ᠎ᠠ᠃      ︵ᠬᠤᠶᠠᠷ︶ ᠲᠤᠷᠰᠢᠯᠳᠠ ᠶᠢ ᠵᠤᠬᠢᠶᠠᠨ ᠪᠠᠶᠢᠭᠤᠯᠵᠦ ᠦᠷᠨᠢᠬᠦᠯᠦᠨ᠎ᠠ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠨᠢ ᠲᠤᠷᠰᠢᠯᠳᠠ ᠶᠢᠨ ᠨᠢᠬᠡᠴᠡ ᠶᠢ ᠵᠤᠬᠢᠶᠠᠨ ᠪᠠᠶᠢᠭᠤᠯᠵᠦ ᠵᠢᠭᠠᠨ ᠵᠢᠯᠤᠭᠤᠳᠴᠤ ᠪᠠᠶᠢᠭᠠᠳ ᠲᠤᠷᠰᠢᠯᠳᠠ ᠶᠢᠨ ᠴᠠᠷᠠᠭᠠᠨ ᠤ ᠲᠤᠭᠤᠷᠢᠨ ᠳᠤ᠂ ᠲᠤᠷᠰᠢᠯᠳᠠ ᠶᠢ ᠯᠠᠪᠳᠠᠭᠤᠨ ᠪᠦᠬᠡᠳ ᠡᠮᠬᠢ ᠵᠢᠷᠤᠮ ᠲᠠᠢ ᠦᠷᠨᠢᠭᠦᠯᠦᠨ᠎ᠠ᠃ ᠲᠤᠷᠰᠢᠯᠳᠠ ᠶᠢᠨ ᠴᠠᠭ ᠬᠤᠭᠤᠴᠠᠭ᠎ᠠ ᠨᠢ 1 ᠵᠢᠯ ᠪᠠᠶᠢᠵᠦ᠂ 2018 ᠤᠨ ᠤ 8 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠤᠨ᠎ᠠ ᠲᠤᠷᠰᠢᠯᠳᠠ ᠶᠢᠨ ᠡᠯ᠎ᠡ ᠵᠦᠢᠯ ᠤᠨ ᠡᠭᠦᠷᠬᠡ ᠶᠢ ᠪᠡᠶᠡᠯᠡᠭᠦᠯᠦᠨ᠎ᠠ᠃      ︵ᠭᠤᠷᠪᠠ︶ ᠲᠤᠷᠰᠢᠯᠳᠠ ᠶᠢ ᠰᠢᠯᠭᠠᠨ ᠬᠤᠷᠢᠶᠠᠨ ᠠᠪᠬᠤ ᠶᠢ ᠵᠤᠬᠢᠶᠠᠨ ᠪᠠᠶᠢᠭᠤᠯᠤᠨ᠎ᠠ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠨᠢ 2018 ᠤᠨ ᠤ 9 ᠳ᠋ᠤᠬᠡᠷ ᠰᠠᠷ᠎ᠠ ᠶᠢᠨ ᠰᠡᠭᠦᠯᠴᠢ ᠠᠴᠠ ᠡᠮᠤᠨ᠎ᠠ᠂ ᠲᠤᠷᠰᠢᠯᠳᠠ ᠶᠢᠨ 7 ᠨᠢᠬᠡᠴᠡ ᠶᠢᠨ ᠠᠵᠢᠯ ᠤᠨ ᠶᠡᠷᠦᠩᠬᠡᠢ ᠪᠠᠶᠢᠳᠠᠯ᠂ ᠭᠤᠤᠯ ᠠᠷᠭ᠎ᠠ ᠬᠢᠳᠡᠯ ᠪᠠ ᠦᠷ᠎ᠡ ᠪᠦᠳᠦᠮᠵᠢ᠂ ᠤᠷᠤᠰᠢᠵᠦ ᠪᠠᠶᠢᠭ᠎ᠠ ᠠᠰᠠᠭᠤᠳᠠᠯ ᠵᠢᠴᠢ ᠰᠠᠨᠠᠭᠤᠯᠭ᠎ᠠ ᠶᠢ ᠳ᠋ᠦᠩᠨᠡᠵᠦ᠂ ᠲᠤᠷᠰᠢᠯᠳᠠ ᠶᠢᠨ ᠠᠵᠢᠯ ᠤᠨ ᠶᠡᠷᠦᠩᠬᠡᠢ ᠮᠡᠳᠡᠭᠦᠯᠦᠯᠳᠡ ᠶᠢ ᠪᠤᠢ ᠪᠤᠯᠭᠠᠨ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠳᠤ ᠮᠡᠳᠡᠭᠦᠯᠦᠨ ᠭᠦᠷᠬᠡᠨ᠎ᠠ᠃      ᠲᠤᠯᠤᠭ᠎ᠠ᠂ ᠪᠠᠳᠤᠯᠠᠭ᠎ᠠ ᠶᠢᠨ ᠠᠷᠭ᠎ᠠ ᠬᠡᠮᠵᠢᠶ᠎ᠡ      ︵ᠨᠢᠬᠡ︶ ᠵᠤᠬᠢᠶᠠᠨ ᠪᠠᠶᠢᠭᠤᠯᠤᠯᠳᠠ ᠶᠢᠨ ᠤᠳᠤᠷᠢᠳᠤᠯᠭ᠎ᠠ ᠶᠢ ᠴᠢᠩᠭᠠᠳᠬᠠᠨ᠎ᠠ᠃ ᠲᠤᠷᠰᠢᠯᠳᠠ ᠶᠢᠨ ᠠᠵᠢᠯ ᠢ ᠨᠢᠬᠡᠳᠦᠯᠳᠡᠢ ᠲᠦᠯᠦᠪᠵᠢᠬᠦᠯᠦᠨ ᠵᠤᠬᠢᠴᠠᠭᠤᠯᠬᠤ ᠶᠢᠨ ᠲᠤᠰᠠᠳᠠ᠂ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠤᠳᠤᠷᠢᠳᠤᠬᠤ ᠲᠤᠭᠤᠶᠢᠯᠠᠩ ᠳᠤ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠶᠢ ᠪᠠᠷᠢᠮᠵᠢᠶᠠᠵᠢᠭᠤᠯᠵᠦ ᠵᠢᠷᠤᠮᠵᠢᠭᠤᠯᠬᠤ ᠲᠤᠷᠰᠢᠯᠳᠠ ᠶᠢᠨ ᠠᠵᠢᠯ ᠤᠨ ᠠᠬᠢᠭᠤᠯᠬᠤ ᠲᠤᠭᠤᠶᠢᠯᠠᠩ ᠲᠤᠬᠢᠷᠠᠭᠤᠯᠵᠦ᠂ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠤᠳᠤᠷᠢᠳᠬᠤ ᠲᠤᠭᠤᠶᠢᠯᠠᠩ ᠤᠨ ᠬᠠᠷᠢᠭᠤᠴᠠᠯᠭᠠᠳᠠᠨ ᠨᠦᠭᠦᠷ ᠨᠢ ᠲᠤᠭᠤᠶᠢᠯᠠᠩ ᠤᠨ ᠲᠠᠷᠤᠭ᠎ᠠ ᠶᠢᠨ ᠲᠤᠰᠢᠶᠠᠯ ᠢ ᠡᠭᠦᠷᠬᠡᠯᠡᠵᠦ᠂ ᠦᠪᠡᠷᠳᠡᠬᠡᠨ ᠵᠠᠰᠠᠬᠤ ᠤᠷᠤᠨ ᠤ ᠭᠦᠭᠵᠢᠬᠦᠯᠦᠯᠳᠡ ᠦᠬᠡᠷᠡᠴᠢᠯᠡᠯᠳᠡ ᠶᠢᠨ ᠵᠦᠪᠯᠡᠯ᠂ ᠬᠠᠤᠯᠢ ᠴᠠᠭᠠᠵᠠ ᠶᠢᠨ ᠲᠢᠩᠬᠢᠮ᠂ ᠡᠳ᠋ ᠤᠨ ᠵᠠᠰᠠᠭ ᠤᠨ ᠲᠢᠩᠬᠢᠮ᠂ ᠤᠷᠤᠨ ᠰᠠᠭᠤᠴᠠ ᠬᠤᠳᠠ ᠭᠦᠳᠡᠭᠡ ᠶᠢᠨ ᠪᠦᠳᠦᠬᠡᠨ ᠪᠠᠶᠢᠭᠤᠯᠤᠯᠳᠠ ᠶᠢᠨ ᠲᠢᠩᠬᠢᠮ᠂ ᠤᠷᠴᠢᠨ ᠲᠤᠭᠤᠷᠢᠨ ᠤ ᠬᠠᠮᠠᠭᠠᠯᠠᠯᠳᠠ ᠶᠢᠨ ᠲᠢᠩᠬᠢᠮ᠂ ᠰᠤᠶᠤᠯ ᠤᠨ ᠲᠢᠩᠬᠢᠮ᠂ ᠤᠷᠤᠨ ᠨᠤᠳᠤᠭ ᠤᠨ ᠭᠠᠶᠢᠯᠢ ᠶᠢᠨ ᠶᠠᠪᠤᠳᠠᠯ ᠤᠨ ᠲᠤᠪᠴᠢᠶ᠎ᠠ᠂ ᠠᠶᠤᠯ ᠦᠬᠡᠢ ᠦᠢᠯᠡᠳᠪᠦᠷᠢᠯᠡᠯ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ᠂ ᠢᠳᠡᠬᠡᠨ ᠪᠠ ᠡᠮ ᠤᠨ ᠵᠦᠢᠯ ᠤᠨ ᠬᠢᠨᠠᠯᠳᠠ ᠬᠠᠮᠢᠶᠠᠷᠤᠯᠳᠠ ᠶᠢᠨ ᠲᠤᠪᠴᠢᠶ᠎ᠠ ᠶᠢᠨ ᠬᠠᠮᠢᠶ᠎ᠠ ᠪᠦᠭᠦᠢ ᠭᠠᠵᠠᠷ ᠲᠠᠰᠤᠭ ᠤᠨ ᠬᠠᠷᠢᠭᠤᠴᠠᠯᠭᠠᠳᠠᠨ ᠨᠦᠭᠦᠳ ᠨᠢ ᠪᠦᠷᠢᠯᠳᠦᠬᠦᠨ ᠬᠡᠰᠢᠬᠦᠨ ᠤ ᠲᠤᠰᠢᠶᠠᠯ ᠢ ᠡᠭᠦᠷᠬᠡᠯᠡᠨ᠎ᠠ᠃      ᠲᠤᠷᠰᠢᠯᠳᠠ ᠶᠢᠨ ᠨᠢᠬᠡᠴᠡ ᠶᠢᠨ ᠭᠤᠤᠯ ᠤᠳᠤᠷᠢᠳᠤᠯᠭ᠎ᠠ ᠨᠢ ᠪᠡᠶᠡᠴᠢᠯᠡᠨ ᠠᠳᠬᠤᠵᠦ᠂ ᠶᠡᠷᠦᠩᠬᠡᠢ ᠬᠠᠷᠢᠭᠤᠴᠠᠯᠭ᠎ᠠ ᠡᠭᠦᠷᠬᠡᠯᠡᠵᠦ᠂ ᠲᠤᠷᠰᠢᠯᠳᠠ ᠶᠢᠨ ᠠᠵᠢᠯ ᠢ ᠵᠤᠬᠢᠶᠠᠨ ᠪᠠᠶᠢᠭᠤᠯᠵᠦ ᠠᠬᠢᠭᠤᠯᠬᠤ ᠪᠠ ᠡᠭᠦᠷᠬᠡ ᠶᠢ ᠨᠠᠶᠢᠳᠠᠪᠤᠷᠢᠵᠢᠭᠤᠯᠬᠤ ᠶᠢ ᠦᠨᠡᠨᠬᠦ ᠰᠠᠶᠢᠳᠤᠷ ᠬᠢᠬᠦ ᠬᠡᠷᠡᠭᠳᠡᠢ᠃ ᠡᠯ᠎ᠡ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠤᠳᠤᠷᠢᠳᠬᠤ ᠲᠤᠭᠤᠶᠢᠯᠠᠩ ᠨᠢ ᠨᠢᠬᠡᠳᠦᠯᠳᠡᠢ ᠲᠦᠯᠦᠪᠵᠢᠬᠦᠯᠦᠨ ᠵᠤᠬᠢᠴᠠᠭᠤᠯᠬᠤ ᠦᠢᠯᠡᠳᠦᠯ ᠢ ᠪᠠᠳᠠᠷᠠᠭᠤᠯᠵᠦ᠂ ᠲᠤᠷᠰᠢᠯᠳᠠ ᠶᠢᠨ ᠠᠵᠢᠯ ᠤᠨ ᠶᠠᠪᠤᠴᠠ ᠳᠠᠬᠢ ᠭᠦᠴᠢᠷᠳᠡᠯ ᠪᠠ ᠠᠰᠠᠭᠤᠳᠠᠯ ᠢ ᠴᠠᠭ ᠲᠤᠬᠠᠢ ᠳᠤᠨᠢ ᠰᠤᠳᠤᠯᠤᠨ ᠰᠶᠢᠳᠪᠦᠷᠢᠯᠡᠵᠦ᠂ ᠲᠤᠷᠰᠢᠯᠳᠠ ᠶᠢᠨ ᠠᠵᠢᠯ ᠢ ᠤᠷᠤᠨᠨᠰᠢᠳᠠᠢ ᠦᠷᠨᠢᠬᠦᠯᠵᠦ᠂ ᠪᠤᠳᠠᠳᠠᠢ ᠦᠷ᠎ᠡ ᠪᠦᠳᠦᠮᠵᠢ ᠤᠯᠬᠤ ᠶᠢ ᠪᠠᠳᠤᠯᠠᠬᠤ ᠬᠡᠷᠡᠭᠳᠡᠢ︔ ᠲᠤᠷᠰᠢᠯᠳᠠ ᠶᠢᠨ ᠨᠢᠬᠡᠴᠡ ᠨᠢ ᠪᠠᠶᠢᠭᠤᠯᠤᠮᠵᠢ᠂ ᠠᠵᠢᠯᠳᠠᠨ ᠪᠠ ᠵᠠᠷᠤᠳᠠᠯ ᠤᠨ ᠪᠠᠳᠤᠯᠠᠭ᠎ᠠ ᠶᠢ ᠤᠯᠠᠮ ᠨᠢᠬᠡ ᠠᠯᠬᠤᠮ ᠴᠢᠩᠭᠠᠷᠠᠭᠤᠯᠵᠦ᠂ ᠲᠤᠰᠬᠠᠢ ᠠᠵᠢᠯᠳᠠᠨ ᠢᠶᠠᠷ ᠬᠠᠷᠢᠴᠠᠭᠤᠯᠵᠦ ᠪᠠᠶᠢᠭᠠᠳ ᠲᠤᠷᠰᠢᠯᠳᠠ ᠶᠢᠨ ᠬᠠᠮᠢᠶ᠎ᠠ ᠪᠦᠭᠦᠢ ᠠᠵᠢᠯ ᠢ ᠠᠬᠢᠭᠤᠯᠬᠤ ᠶᠢ ᠦᠨᠡᠨᠬᠦ ᠪᠠᠳᠤᠯᠠᠬᠤ ᠬᠡᠷᠡᠭᠳᠡᠢ᠃ ᠦᠪᠡᠷᠳᠡᠬᠡᠨ ᠵᠠᠰᠠᠬᠤ ᠤᠷᠤᠨ ᠤ ᠬᠤᠯᠪᠤᠨᠨᠳᠠᠯ ᠪᠦᠭᠦᠢ ᠰᠠᠯᠠᠭ᠎ᠠ ᠮᠦᠴᠢᠷ ᠨᠢ ᠲᠤᠰ ᠰᠠᠯᠠᠭ᠎ᠠ ᠮᠦᠴᠢᠷ ᠲᠤᠰ ᠰᠢᠰᠲ᠋ᠧᠮ ᠤᠨ ᠰᠠᠨᠠᠭᠠᠴᠢᠯᠠᠭ᠎ᠠ ᠠᠴᠠ ᠪᠠᠨ ᠢᠯᠡ ᠪᠤᠯᠭᠠᠬᠤ ᠵᠦᠢᠯᠡᠰ ᠤᠨ ᠦᠨᠳᠦᠰᠦᠨ ᠭᠠᠷᠴᠠᠭ ᠢ ᠲᠠᠷᠦ᠋ᠢᠬᠠᠨ ᠨᠠᠶᠢᠷᠠᠭᠤᠯᠤᠨ ᠵᠤᠬᠢᠶᠠᠵᠦ ᠲᠠᠭᠤᠰᠬᠠᠬᠤ ᠶᠢᠨ ᠬᠠᠮᠳᠤ᠂ ᠲᠤᠷᠰᠢᠯᠳᠠ ᠶᠢᠨ ᠠᠵᠢᠯ ᠳᠤ ᠴᠢᠬᠤᠯᠠ ᠪᠦᠭᠦᠢ ᠵᠢᠯᠤᠭᠤᠳᠤᠯᠭ᠎ᠠ ᠪᠠ ᠲᠡᠮᠵᠢᠯᠬᠡ ᠬᠠᠩᠭᠠᠬᠤ ᠬᠡᠷᠡᠭᠳᠡᠢ᠃      ︵ᠬᠤᠶᠠᠷ︶ ᠰᠦᠪᠡᠭᠴᠢᠯᠡᠯᠳᠡ ᠬᠢᠵᠦ ᠰᠢᠨ᠎ᠠ ᠡᠭᠦᠳᠦᠯᠳᠡ ᠲᠠᠢ ᠪᠠᠶᠢᠬᠤ ᠶᠢ ᠵᠤᠷᠢᠨᠨᠵᠢᠭᠤᠯᠤᠨ᠎ᠠ᠃ ᠲᠤᠷᠰᠢᠯᠳᠠ ᠶᠢᠨ ᠨᠢᠬᠡᠴᠡ ᠨᠢ ᠲᠤᠷᠰᠢᠯᠳᠠ ᠶᠢᠨ ᠠᠵᠢᠯ ᠤᠨ ᠴᠢᠬᠤᠯᠠ ᠠᠴᠢ ᠬᠤᠯᠪᠤᠨᠨᠳᠠᠯ ᠢ ᠭᠦᠢᠴᠡᠳ ᠲᠠᠨᠢᠵᠦ᠂ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠵᠤᠬᠢᠴᠠᠭᠤᠯᠭ᠎ᠠ ᠪᠠ ᠵᠢᠯᠤᠭᠤᠳᠤᠯᠭ᠎ᠠ ᠲᠤᠤᠷ᠎ᠠ᠂ ᠪᠤᠳᠠᠳᠠᠢ ᠲᠠᠢ ᠪᠠᠨ ᠤᠶᠠᠯᠳᠤᠭᠤᠯᠤᠨ ᠲᠤᠷᠰᠢᠯᠳᠠ ᠶᠢ ᠦᠷᠨᠢᠬᠦᠯᠵᠦ᠂ ᠠᠵᠢᠯ ᠤᠨ ᠲᠤᠨᠨᠳᠠᠴᠠ ᠪᠠ ᠠᠷᠭ᠎ᠠ ᠬᠡᠯᠪᠡᠷᠢ ᠠᠷᠭ᠎ᠠ ᠮᠠᠶ᠋ᠢᠭ ᠲᠤ ᠰᠢᠨ᠎ᠠ ᠡᠭᠦᠳᠦᠯᠳᠡ ᠶᠢ ᠢᠳᠡᠪᠬᠢᠳᠡᠢ ᠰᠦᠪᠡᠭᠴᠢᠯᠡᠨ᠂ ︽ᠲᠠᠪᠤ ᠶᠢ ᠢᠯᠡ ᠪᠤᠯᠭᠠᠬᠤ︾ ᠪᠠ ᠲᠦᠷᠦ ᠶᠢᠨ ᠪᠤᠳᠤᠯᠭ᠎ᠠ ᠶᠢᠨ ᠲᠠᠶᠢᠯᠤᠮᠵᠢ᠂ ᠬᠠᠯᠠᠮᠵᠢᠯᠠᠨ ᠠᠩᠬᠠᠷᠴᠤ ᠪᠠᠶᠢᠭ᠎ᠠ ᠵᠦᠢᠯ ᠳᠤ ᠬᠠᠷᠢᠭᠤ ᠦᠭᠭᠦ᠂ ᠨᠡᠶᠢᠳᠡ ᠤᠯᠠᠨ ᠤ ᠤᠷᠤᠯᠴᠠᠯᠭ᠎ᠠ ᠵᠡᠷᠬᠡ ᠠᠵᠢᠯ ᠤᠨ ᠪᠠᠷᠢᠮᠵᠢᠶᠠᠵᠢᠭᠤᠯᠵᠦ ᠵᠢᠷᠤᠮᠵᠢᠭᠤᠯᠬᠤ ᠶᠢ ᠭᠦᠨᠵᠡᠬᠡᠢ ᠠᠬᠢᠭᠤᠯᠬᠤ ᠬᠡᠷᠡᠭᠳᠡᠢ᠃ ᠨᠡᠶᠢᠬᠡᠮ ᠤᠨ ᠦᠨᠡᠯᠡᠯᠳᠡ ᠪᠤᠶᠤ ᠭᠤᠷᠪᠠᠳᠠᠬᠢ ᠡᠳᠡᠬᠡᠳ ᠤᠨ ᠦᠨᠡᠯᠡᠨ ᠵᠢᠱᠢᠯᠳᠡ ᠶᠢ ᠦᠷᠨᠢᠬᠦᠯᠬᠦ ᠪᠠᠷ ᠲᠠᠮᠵᠢᠭᠤᠯᠵᠦ᠂ ᠲᠤᠷᠰᠢᠯᠳᠠ ᠶᠢᠨ ᠠᠵᠢᠯ ᠵᠢᠴᠢ ᠦᠷ᠎ᠡ ᠪᠦᠳᠦᠮᠵᠢ ᠳᠤ ᠨᠡᠶᠢᠳᠡ ᠤᠯᠠᠨ ᠤ ᠦᠨᠡᠯᠡᠭᠰᠡᠨ ᠰᠠᠨᠠᠯ ᠢ ᠦᠷᠬᠡᠨ ᠢᠶᠠᠷ ᠬᠤᠷᠢᠶᠠᠨ ᠴᠤᠨᠨᠯᠠᠭᠤᠯᠵᠦ᠂ ᠠᠵᠢᠯ ᠢᠶᠠᠨ ᠦᠷᠭᠦᠯᠵᠢᠯᠡᠨ ᠬᠠᠯᠠᠨ ᠰᠠᠶᠢᠵᠢᠷᠠᠭᠤᠯᠵᠦ᠂ ᠨᠡᠶᠢᠳᠡ ᠤᠯᠠᠨ ᠤ ᠰᠡᠳᠬᠢᠯ ᠬᠠᠨᠤᠮᠵᠢᠳᠠᠢ ᠬᠡᠮᠵᠢᠶ᠎ᠡ ᠪᠠ ᠭᠦᠷᠳᠡᠬᠡᠮᠵᠢᠳᠦ ᠲᠦᠷᠦᠭᠳᠡᠯ ᠢ ᠲᠠᠰᠤᠷᠠᠯᠳᠠ ᠦᠬᠡᠢ ᠲᠡᠬᠡᠭᠰᠢᠯᠡᠬᠦᠯᠦᠨ᠎ᠠ᠃      ︵ᠭᠤᠷᠪᠠ︶ ᠠᠵᠢᠯ ᠤᠨ ᠰᠤᠯᠢᠯᠴᠠᠭ᠎ᠠ ᠶᠢ ᠴᠢᠩᠭᠠᠳᠬᠠᠨ᠎ᠠ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠫᠤᠷᠲ᠋ᠧᠯ ᠰᠦᠯᠵᠢᠶ᠎ᠡ ᠪᠠ ᠲᠤᠷᠰᠢᠯᠳᠠ ᠶᠢᠨ ᠨᠢᠬᠡᠴᠡ ᠵᠢᠴᠢ ᠲᠡᠳᠡᠬᠡᠷ ᠤᠨ ᠪᠠᠶᠢᠭ᠎ᠠ ᠠᠶᠢᠮᠠᠭ ᠬᠤᠳᠠ ᠨᠢ ᠫᠤᠷᠲ᠋ᠧᠯ ᠰᠦᠯᠵᠢᠶᠡᠨ ᠤ ᠪᠠᠨ ᠲᠡᠷᠢᠬᠦᠨ ᠨᠢᠭᠤᠷ ᠲᠤ ᠲᠤᠷᠰᠢᠯᠳᠠ ᠶᠢᠨ ᠠᠵᠢᠯ ᠤᠨ ᠲᠤᠰᠬᠠᠢ ᠪᠤᠯᠤᠩ ᠲᠤᠬᠢᠷᠠᠭᠤᠯᠵᠦ᠂ ᠡᠯ᠎ᠡ ᠲᠤᠷᠰᠢᠯᠳᠠ ᠶᠢᠨ ᠨᠢᠬᠡᠴᠡ ᠶᠢᠨ ᠲᠤᠷᠰᠢᠯᠳᠠ ᠶᠢᠨ ᠠᠵᠢᠯ ᠤᠨ ᠪᠠᠶᠢᠳᠠᠯ ᠢ ᠲᠦᠪᠯᠡᠷᠡᠭᠦᠯᠦᠨ ᠲᠡᠯᠬᠡᠨ ᠦᠵᠡᠬᠦᠯᠬᠦ ᠶᠢᠨ ᠬᠠᠮᠳᠤ᠂ ᠤᠯᠠᠨ ᠵᠦᠢᠯ ᠤᠨ ᠠᠷᠭ᠎ᠠ ᠬᠡᠯᠪᠡᠷᠢ ᠶᠢ ᠬᠡᠷᠡᠭᠯᠡᠵᠦ ᠪᠠᠶᠢᠭᠠᠳ ᠰᠤᠯᠢᠯᠴᠠᠭ᠎ᠠ ᠪᠠᠨ ᠴᠢᠩᠭᠠᠳᠬᠠᠨ᠂ ᠬᠠᠷᠢᠯᠴᠠᠨ ᠰᠤᠷᠤᠯᠴᠠᠵᠦ ᠲᠤᠯᠢᠳᠠᠬᠤ ᠶᠢ ᠠᠬᠢᠭᠤᠯᠤᠨ᠎ᠠ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠨᠢ ᠲᠤᠷᠰᠢᠯᠳᠠ ᠶᠢᠨ ᠠᠵᠢᠯ ᠤᠨ ᠠᠬᠢᠴᠠ ᠶᠢᠨ ᠪᠠᠶᠢᠳᠠᠯ ᠢ ᠮᠦᠷᠳᠡᠨ ᠤᠶᠢᠯᠠᠭᠠᠵᠦ᠂ ᠲᠤᠷᠰᠢᠯᠭ᠎ᠠ ᠪᠠᠨ ᠰᠤᠯᠢᠯᠴᠠᠬᠤ ᠠᠵᠢᠯᠯᠠᠭ᠎ᠠ ᠶᠢ ᠴᠠᠭ ᠲᠤᠨᠢ ᠲᠤᠬᠢᠷᠠᠭᠤᠯᠵᠦ ᠵᠤᠬᠢᠶᠠᠨ ᠪᠠᠶᠢᠭᠤᠯᠵᠦ ᠦᠷᠨᠢᠬᠦᠯᠦᠨ᠎ᠠ᠃      ︵ᠲᠦᠷᠪᠡ︶ ᠰᠢᠯᠭᠠᠨ ᠬᠢᠨᠠᠵᠦ ᠦᠨᠡᠯᠡᠨ ᠵᠢᠱᠢᠬᠦ ᠠᠵᠢᠯ ᠢ ᠰᠠᠶᠢᠳᠤᠷ ᠬᠢᠨ᠎ᠠ᠃ ᠲᠤᠷᠰᠢᠯᠳᠠ ᠶᠢᠨ ᠨᠢᠬᠡᠴᠡ ᠶᠢᠨ ᠪᠠᠶᠢᠭ᠎ᠠ ᠠᠶᠢᠮᠠᠭ ᠬᠤᠳᠠ ᠨᠢ ᠤᠷᠮᠠᠰᠢᠭᠤᠯᠬᠤ ᠲᠤᠨᠨᠳᠠᠴᠠ ᠪᠠᠶᠢᠭᠤᠯᠵᠦ᠂ ᠰᠢᠮᠳᠠᠭᠤᠯᠵᠦ ᠪᠠᠶᠢᠴᠠᠭᠠᠬᠤ ᠶᠢ ᠴᠢᠩᠭᠠᠳᠬᠠᠨ᠂ ᠲᠤᠷᠰᠢᠯᠳᠠ ᠶᠢᠨ ᠡᠭᠦᠷᠬᠡ ᠶᠢ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠠᠮᠵᠢᠯᠳᠠ ᠪᠦᠳᠦᠮᠵᠢ ᠶᠢ ᠰᠢᠯᠭᠠᠨ ᠬᠢᠨᠠᠬᠤ ᠳᠤ ᠤᠷᠤᠭᠤᠯᠬᠤ ᠬᠡᠷᠡᠭᠳᠡᠢ᠃ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠤᠳᠤᠷᠢᠳᠬᠤ ᠲᠤᠭᠤᠶᠢᠯᠠᠩ ᠨᠢ ᠲᠤᠷᠰᠢᠯᠳᠠ ᠶᠢᠨ ᠠᠵᠢᠯ ᠤᠨ ᠦᠷ᠎ᠡ ᠪᠦᠳᠦᠮᠵᠢ ᠪᠠᠷ ᠲᠤᠪᠤᠶᠢᠮ᠎ᠠ ᠨᠢᠬᠡᠴᠡ ᠶᠢ ᠰᠠᠶᠢᠰᠢᠶᠠᠨ ᠮᠡᠳᠡᠬᠡᠯᠡᠨ᠎ᠠ᠃      ᠲᠠᠭᠠᠯᠳᠤᠭᠤᠯᠤᠯ ᠲᠦᠷᠢᠮ᠄ ᠦᠨᠳᠦᠰᠦᠨ ᠱᠠᠳᠤᠨ ᠤ ᠵᠠᠰᠠᠭ ᠤᠨ ᠶᠠᠪᠤᠳᠠᠯ ᠢ ᠢᠯᠡ ᠪᠤᠯᠭᠠᠬᠤ ᠵᠦᠢᠯᠡᠰ ᠤᠨ ᠪᠠᠷᠢᠮᠵᠢᠶ᠎ᠠ ᠶᠢᠨ ᠭᠠᠷᠴᠠᠭ ᠤᠨ ᠵᠢᠯᠤᠭᠤᠳᠤᠮᠵᠢ ᠲᠠᠭᠠᠯᠳᠤᠭᠤᠯᠤᠯ ᠬᠦᠰᠦᠨᠦᠭᠲᠦ ᠨᠢᠭᠡ ᠬᠦᠰᠦᠨᠦᠭᠲᠦ ᠬᠤᠶᠠᠷᠬᠦᠰᠦᠨᠦᠭᠲᠦ ᠭᠤᠷᠪᠠᠬᠦᠰᠦᠨᠦᠭᠲᠦ ᠳᠥᠷᠪᠡ                                            ︵ᠲᠤᠰ ᠪᠢᠴᠢᠭ ᠮᠠᠲ᠋ᠧᠷᠢᠶᠠᠯ ᠢ ᠢᠯᠡ ᠨᠡᠶᠢᠳᠡᠯᠡᠨ᠎ᠠ︶  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号