ᠦᠩᠭᠡᠷᠡᠭᠰᠡᠨ ᠵᠢᠯ ᠳᠤ ᠮᠠᠨ ᠤ ᠣᠷᠣᠨ 5 ᠲᠦᠮᠡᠨ ᠶᠠᠳᠠᠭᠤ ᠬᠦᠴᠢᠷᠳᠡᠯᠲᠡᠶ ᠬᠥᠮᠦᠨ ᠠᠮᠠ ᠶᠢ ᠣᠨᠳᠣᠣ ᠭᠠᠵᠠᠷ ᠨᠡᠭᠦᠯᠭᠡᠵᠦ ᠶᠠᠳᠠᠭᠤ ᠶᠢ ᠲᠡᠳᠬᠦᠪᠡ
ᠨᠡᠶᠢᠲᠡᠯᠡᠭᠰᠡᠨ ᠴᠠᠭ᠄
2018/2/22
      ᠥᠪᠡᠷᠲᠡᠭᠡᠨ ᠵᠠᠰᠠᠬᠤ ᠣᠷᠣᠨ ᠤ ᠶᠠᠳᠠᠭᠤ ᠶᠢ ᠲᠡᠳᠬᠦᠬᠦ ᠠᠯᠪᠠᠨ ᠭᠡᠷ ᠠᠴᠠ ᠣᠶᠢᠯᠠᠭᠠᠭᠰᠠᠨ ᠢᠶᠠᠷ᠂ 2017 ᠣᠨ ᠳᠤ᠂ ᠮᠠᠨ ᠤ ᠣᠷᠣᠨ ᠡᠯ᠎ᠡ ᠲᠦᠷᠦᠯ ᠤᠨ ᠪᠡᠯᠡ ᠮᠥᠩᠭᠦ 33 ᠳ᠋ᠦᠩᠰᠢᠭᠤᠷ ᠲᠥᠭᠦᠷᠢᠭ ᠲᠣᠬᠢᠷᠠᠭᠤᠯᠤᠨ᠂ ᠲᠥᠪᠬᠢᠨᠡᠭᠦᠯᠬᠦ ᠴᠢᠭ᠋ 641 ᠶᠢ ᠲᠥᠪᠯᠡᠷᠡᠭᠦᠯᠦᠨ ᠪᠠᠶᠢᠭᠤᠯᠵᠤ᠂ ᠳᠠᠩᠰᠠ ᠡᠪᠬᠡᠮᠡᠯ ᠪᠠᠶᠢᠭᠤᠯᠤᠨ ᠺᠠᠷᠲ ᠠᠪᠤᠭᠰᠠᠨ 5 ᠲᠦᠮᠡᠨ ᠶᠠᠳᠠᠭᠤ ᠬᠦᠴᠢᠷᠳᠡᠯᠲᠡᠢ ᠬᠥᠮᠦᠨ ᠠᠮᠠ ᠶᠢ ᠣᠨᠳᠣᠣ ᠭᠠᠵᠠᠷ ᠨᠡᠭᠦᠯᠭᠡᠵᠦ ᠶᠠᠳᠠᠭᠤ ᠶᠢ ᠲᠡᠳᠬᠦᠪᠡ᠃      ᠣᠨᠳᠣᠣ ᠭᠠᠵᠠᠷ ᠨᠡᠭᠦᠯᠭᠡᠵᠦ ᠶᠠᠳᠠᠭᠤ ᠶᠢ ᠲᠡᠳᠬᠦᠬᠦ ᠢᠨᠵᠧᠨᠧᠷᠢᠩ ᠢ ᠬᠡᠷᠡᠭᠵᠢᠭᠦᠯᠬᠦ ᠶᠠᠪᠤᠴᠠ ᠳᠤ᠂ ᠮᠠᠨ ᠤ ᠣᠷᠣᠨ ︽ᠬᠠᠮᠢᠭ᠎ᠠ ᠠᠵᠤ ᠦᠢᠯᠡᠰ ᠪᠠᠶᠢᠪᠠᠯ ᠲᠡᠰᠢ ᠨᠡᠭᠦᠯᠭᠡᠬᠦ᠂ ᠬᠠᠮᠢᠭ᠎ᠠ ᠠᠵᠢᠯ ᠣᠯᠭᠤᠯᠲᠠ ᠪᠠᠶᠢᠪᠠᠯ ᠲᠡᠰᠢ ᠨᠡᠭᠦᠯᠭᠡᠬᠦ︾ ᠵᠠᠷᠴᠢᠮ ᠢᠶᠠᠷ᠂ ᠰᠡᠯᠭᠦᠬᠦ ᠬᠥᠭᠵᠢᠯᠲᠡ ᠶᠢ ᠰᠢᠶᠳᠪᠦᠷᠢᠯᠡᠬᠦ ᠶᠢ ᠴᠢᠬᠤᠯᠠ ᠠᠴᠠ ᠴᠢᠬᠤᠯᠠ ᠵᠦᠢᠯ ᠪᠣᠯᠭᠠᠬᠤ ᠶᠢ ᠪᠠᠷᠢᠮᠲᠠᠯᠠᠪᠠ᠃ ︽ᠠᠵᠤ ᠦᠢᠯᠡᠰ ᠢᠶᠠᠷ ᠨᠡᠭᠦᠯᠲᠡ ᠶᠢ ᠲᠣᠭᠲᠠᠭᠠᠬᠤ︾ ᠰᠡᠳᠬᠢᠴᠡ ᠪᠠᠷ᠂ ᠬᠤᠲᠠ ︵ᠪᠠᠯᠭᠠᠰᠤ︶ ᠲᠣᠭᠤᠷᠢᠭ᠂ ᠠᠵᠤ ᠦᠢᠯᠡᠳᠪᠦᠷᠢ ᠶᠢᠨ ᠣᠷᠣᠨ ᠲᠣᠭᠤᠷᠢᠭ᠂ ᠪᠡᠯᠡᠳᠬᠡᠮᠵᠢᠲᠦ ᠲᠠᠷᠢᠶᠠᠯᠠᠩ ᠮᠠᠯ ᠠᠵᠤ ᠠᠬᠤᠶ ᠶᠢᠨ ᠬᠦᠷᠢᠶᠡᠯᠡᠩ ᠲᠣᠭᠤᠷᠢᠭ ᠪᠣᠯᠤᠨ ᠵᠢᠭᠤᠯᠴᠢᠯᠠᠯ ᠤᠨ ᠬᠦᠷᠢᠶᠡᠯᠡᠩ ᠲᠣᠭᠤᠷᠢᠭ ᠤᠨ ᠣᠷᠣᠨ ᠪᠦᠰᠡ ᠲᠠᠢ ᠣᠶᠢᠷᠠᠯᠴᠠᠭ᠎ᠠ ᠲᠥᠪᠬᠢᠨᠡᠭᠦᠯᠬᠦ ᠴᠢᠭ᠋ ᠪᠠᠶᠢᠭᠤᠯᠪᠠ᠃ ᠡᠭᠦᠨ ᠤ ᠬᠠᠮᠲᠤ᠂ ᠰᠢᠯᠵᠢᠭᠦᠯᠦᠨ ᠨᠡᠭᠦᠯᠭᠡᠵᠦ ᠣᠷᠣᠯᠭ᠎ᠠ ᠶᠢ ᠨᠡᠮᠡᠭᠳᠡᠭᠦᠯᠬᠦ ᠲᠥᠷᠥᠯ ᠵᠦᠢᠯ ᠤᠨ ᠪᠡᠯᠡ ᠮᠥᠩᠭᠦ ᠶᠢ ᠡᠮᠬᠢᠯᠡᠨ ᠨᠡᠶᠢᠯᠡᠭᠦᠯᠬᠦ ᠲᠣᠭᠤᠷᠢᠨ ᠳᠤ᠂ ᠨᠡᠶᠢᠲᠡ ᠶᠢᠨ ᠠᠰᠠᠷᠠᠮᠵᠢ ᠶᠢᠨ ᠠᠵᠢᠯ ᠤᠨ ᠪᠠᠶᠢᠷᠢ ᠬᠠᠩᠭᠠᠬᠤ ᠂ ᠠᠵᠢᠯ ᠲᠠᠨᠢᠯᠴᠠᠭᠤᠯᠵᠤ ᠥᠭᠬᠦ᠂ ︽ᠲᠣᠪᠶᠤᠭ ᠮᠠᠶ᠋ᠢᠭ︾ ᠤᠨ ᠶᠠᠳᠠᠭᠤ ᠶᠢ ᠲᠡᠳᠬᠦᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠰᠢᠯᠵᠢᠨ ᠨᠡᠭᠦᠭᠰᠡᠳ ᠤᠨ ᠠᠵᠤ ᠦᠢᠯᠡᠰ ᠤᠨ ᠬᠡᠯᠬᠢᠶ᠎ᠡ ᠳᠡᠭᠡᠷ᠎ᠡ ᠦᠷᠭᠦᠯᠵᠢᠯᠡᠨ ᠯᠠᠪᠳᠠᠭᠤᠨ ᠢᠶᠠᠷ ᠣᠷᠣᠯᠭ᠎ᠠ ᠶᠢ ᠨᠢ ᠨᠡᠮᠡᠭᠳᠡᠭᠦᠯᠪᠡ᠃ ᠰᠢᠯᠵᠢᠭᠦᠯᠦᠨ ᠨᠡᠭᠦᠯᠭᠡᠭᠰᠡᠨ ᠤ ᠳᠠᠷᠠᠭ᠎ᠠ᠂ ᠰᠢᠯᠵᠢᠨ ᠨᠡᠭᠦᠭᠰᠡᠳ ᠤᠨ ᠤᠤᠯ ᠤᠨ ᠳᠠᠭᠠᠭᠠᠴᠢᠯᠠᠵᠤ ᠪᠠᠶᠢᠭᠰᠠᠨ ᠲᠠᠷᠢᠶᠠᠨ ᠭᠠᠵᠠᠷ᠂ ᠪᠡᠯᠴᠢᠭᠡᠷ ᠬᠠᠳᠤᠯᠠᠩ᠂ ᠣᠶᠢᠲᠤ ᠭᠠᠵᠠᠷ ᠤᠨ ᠡᠵᠡᠩᠨᠡᠬᠦ ᠡᠷᠬᠡ ᠠᠰᠢᠭ ᠬᠦᠷᠲᠡᠬᠦ ᠡᠷᠬᠡ᠂ ᠦᠷ᠎ᠡ ᠬᠡᠦᠬᠡᠳ ᠨᠢ ᠬᠤᠲᠠ ᠣᠷᠣᠵᠤ ᠰᠤᠷᠭᠠᠭᠤᠯᠢ ᠳᠤ ᠰᠠᠭᠤᠬᠤ ᠳᠤ ︽ᠬᠤᠶᠠᠷ ᠢ ᠬᠡᠯᠲᠦᠷᠢᠭᠦᠯᠵᠦ ᠨᠢᠭᠡ ᠶᠢ ᠨᠥᠬᠦᠪᠥᠷᠢᠯᠡᠬᠦ︾᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠵᠡᠷᠭᠡ ᠲᠥᠷᠥ ᠶᠢᠨ ᠪᠤᠳᠤᠯᠭ᠎ᠠ ᠨᠤᠭᠤᠳ ᠢ ᠬᠤᠪᠢᠷᠠᠭᠤᠯᠤᠯ ᠦᠭᠡᠢ ᠪᠠᠷ᠂ ᠦᠷ᠎ᠡ ᠬᠡᠦᠬᠡᠳ ᠨᠢ ᠰᠤᠷᠭᠠᠭᠤᠯᠢ ᠳᠤ ᠣᠷᠣᠬᠤ ᠪᠠ ᠠᠵᠢᠯ ᠣᠯᠬᠤ ᠳᠤ ᠬᠤᠲᠠ ᠪᠠᠯᠭᠠᠰᠤᠨ ᠤ ᠰᠠᠭᠤᠭᠠᠯᠢ ᠠᠷᠠᠳ ᠲᠠᠢ ᠠᠳᠠᠯᠢᠬᠠᠨ ᠬᠠᠷᠠᠭᠠᠯᠵᠠᠯ ᠬᠦᠷᠲᠡᠭᠡᠪᠡ᠃ ᠡᠨᠡ ᠬᠦ ᠠᠷᠭ᠎ᠠ ᠬᠡᠮᠵᠢᠶ᠎ᠡ ᠨᠢ ᠰᠢᠯᠵᠢᠨ ᠨᠡᠭᠦᠭᠰᠡᠳ ᠤᠨ ᠬᠤᠵᠢᠮ ᠤᠨ ᠵᠣᠪᠠᠯᠠᠩ ᠢ ᠨᠢ ᠬᠠᠮᠤᠭ ᠤᠨ ᠶᠡᠭᠡ ᠬᠡᠮᠵᠢᠶ᠎ᠡ ᠪᠠᠷ ᠰᠢᠢᠳᠪᠦᠷᠢᠯᠡᠵᠦ᠂ ︽ᠶᠠᠳᠠᠭᠤ ᠭᠠᠵᠠᠷ ᠠᠴᠠ ᠰᠢᠯᠵᠢᠭᠦᠯᠬᠦ︾ ᠬᠢᠭᠡᠳ ︽ᠶᠠᠳᠠᠭᠤ ᠠᠵᠢᠯ ᠦᠢᠯᠡᠰ ᠢ ᠨᠢ ᠬᠤᠪᠢᠷᠠᠭᠤᠯᠬᠤ︾ ᠶᠢ ᠵᠡᠷᠭᠡ ᠪᠠᠷ ᠠᠳᠬᠤᠬᠤ᠂ ᠲᠠᠭᠠᠲᠠᠶᠢᠬᠠᠨ ᠠᠮᠢᠳᠤᠷᠠᠭᠤᠯᠬᠤ ᠬᠢᠭᠡᠳ ᠪᠠᠶᠠᠷ ᠬᠦᠷ ᠲᠠᠢ ᠬᠥᠳᠡᠯᠮᠦᠷᠢᠯᠡᠭᠦᠯᠬᠦ ᠶᠢ ᠵᠡᠷᠭᠡ ᠪᠠᠷ ᠴᠢᠬᠤᠯᠠᠴᠢᠯᠠᠬᠤ᠂ ᠰᠢᠯᠵᠢᠭᠦᠯᠦᠨ ᠨᠡᠭᠦᠯᠭᠡᠬᠦ ᠬᠢᠭᠡᠳ ᠶᠠᠳᠠᠭᠤ ᠠᠴᠠ ᠠᠩᠭᠢᠵᠢᠷᠠᠭᠤᠯᠬᠤ ᠶᠢ ᠵᠡᠷᠭᠡ ᠪᠠᠷ ᠶᠠᠪᠤᠭᠳᠠᠭᠤᠯᠬᠤ ᠶᠢ ᠪᠡᠶᠡᠯᠡᠭᠦᠯᠪᠡ᠃      ᠰᠢᠯᠵᠢᠭᠦᠯᠦᠨ ᠨᠡᠭᠦᠯᠭᠡᠭᠳᠡᠭᠰᠡᠳ ᠤᠨ ᠲᠥᠪᠬᠢᠨᠡᠭᠦᠯᠬᠦ ᠴᠢᠬᠤᠯᠠᠲᠠᠢ ᠶᠢ ᠨᠢ ᠪᠦᠷ ᠲᠥᠪᠬᠢᠨᠡᠭᠦᠯᠵᠦ᠂ ᠨᠡᠭᠦᠯᠭᠡᠬᠦ ᠴᠢᠬᠤᠯᠠᠲᠠᠢ ᠶᠢ ᠨᠢ ᠪᠦᠷ ᠨᠡᠭᠦᠯᠭᠡᠬᠦ ᠶᠢ ᠪᠠᠲᠤᠯᠠᠬᠤ ᠶᠢᠨ ᠲᠤᠰᠠᠳᠠ᠂ ᠮᠠᠨ ᠤ ᠣᠷᠣᠨ ᠲᠡᠳᠬᠦᠬᠦᠯᠦᠭᠰᠡᠳ ᠤᠨ ᠬᠥᠳᠡᠯᠦᠩᠭᠦᠶ ᠪᠠᠶᠢᠳᠠᠯ ᠲᠠᠢ ᠤᠶᠠᠯᠳᠤᠭᠤᠯᠤᠨ ᠠᠵᠢᠯ ᠢᠶᠠᠨ ᠲᠣᠬᠢᠷᠠᠭᠤᠯᠵᠦ᠂ ᠤᠳᠤ ᠪᠠᠶᠢᠭ᠎ᠠ ᠳᠠᠩᠰᠠ ᠡᠪᠬᠡᠮᠡᠯ ᠪᠠᠶᠢᠭᠤᠯᠤᠨ ᠺᠠᠷᠲ ᠠᠪᠤᠭᠰᠠᠨ ᠶᠠᠳᠠᠭᠤ ᠬᠦᠴᠢᠷᠳᠡᠯᠲᠡᠶ ᠬᠥᠮᠦᠨ ᠠᠮᠠ ᠶᠢ ᠪᠦᠬᠦ ᠲᠠᠯ᠎ᠠ ᠪᠠᠷ ᠪᠠᠶᠢᠴᠠᠭᠠᠨ ᠣᠶᠢᠯᠠᠭᠠᠵᠤ᠂ ᠨᠡᠭᠦᠯᠭᠡᠬᠦ ᠬᠡᠪᠴᠢᠶ᠎ᠡ ᠶᠢ ᠲᠣᠭᠲᠠᠭᠠᠪᠠ᠃ ᠲᠥᠷᠥᠯ ᠵᠦᠢᠯ ᠢ ᠬᠡᠷᠡᠭᠵᠢᠭᠦᠯᠵᠦ ᠪᠠᠶᠢᠭ᠎ᠠ ᠪᠣᠢ ᠪᠦᠬᠦᠢ ᠬᠤᠰᠢᠭᠤ ᠰᠢᠶᠠᠨ ᠳᠤ ᠴᠥᠮ ᠣᠨᠳᠣᠣ ᠭᠠᠵᠠᠷ ᠨᠡᠭᠦᠯᠭᠡᠵᠦ ᠶᠠᠳᠠᠭᠤ ᠶᠢ ᠲᠡᠳᠬᠦᠬᠦ ᠡᠷᠦᠬᠡ ᠪᠣᠯᠣᠨ ᠵᠡᠷᠭᠡ ᠳᠤᠨᠢ ᠨᠡᠭᠦᠯᠭᠡᠬᠦ ᠡᠷᠦᠬᠡ ᠶᠢᠨ ᠣᠨ ᠤ ᠡᠯᠧᠺᠲᠷᠣᠨ ᠮᠡᠳᠡᠭᠡ ᠵᠠᠩᠭᠢ ᠶᠢᠨ ᠲᠠᠩᠰᠠ ᠡᠪᠬᠡᠮᠡᠯ ᠢ ᠪᠠᠶᠢᠭᠤᠯᠵᠤ᠂ ᠳᠠᠩᠰᠠ ᠡᠪᠬᠡᠮᠡᠯ ᠪᠠᠶᠢᠭᠤᠯᠤᠨ ᠺᠠᠷᠲ ᠠᠪᠤᠭᠰᠠᠳ ᠤᠨ ᠰᠢᠰᠲ᠋ᠧᠮ ᠳᠤ ᠨᠡᠭᠦᠯᠭᠡᠬᠦ ᠬᠦᠮᠦᠰ ᠢ ᠲᠦᠢᠯ ᠤᠨ ᠣᠨᠤᠪᠴᠢᠲᠠᠢ ᠪᠠᠷ ᠵᠡᠭᠦᠯᠳᠡ ᠬᠠᠳᠠᠵᠦ᠂ ᠰᠢᠯᠵᠢᠭᠦᠯᠦᠨ ᠨᠡᠭᠦᠯᠭᠡᠬᠦ ᠨᠦᠭᠦᠴᠡᠯ ᠳᠤ ᠨᠡᠶᠢᠴᠡᠬᠦ ᠪᠦᠭᠡᠳ ᠰᠢᠯᠵᠢᠨ ᠨᠡᠭᠦᠬᠦ ᠬᠦᠰᠡᠯ ᠡᠷᠡᠮᠡᠯᠵᠡᠯ ᠲᠠᠢ ᠶᠠᠳᠠᠭᠤ ᠬᠦᠴᠢᠷᠳᠡᠯᠲᠡᠶ ᠬᠥᠮᠦᠨ ᠠᠮᠠ ᠶᠢ ᠨᠢᠭᠡ ᠡᠷᠦᠬᠡ ᠨᠢᠭᠡ ᠬᠦᠮᠦᠨ ᠢ ᠴᠦ ᠣᠷᠬᠢᠭᠳᠠᠯ ᠦᠭᠡᠢ ᠨᠡᠭᠦᠯᠭᠡᠬᠦ ᠶᠢ ᠪᠡᠶᠡᠯᠡᠭᠦᠯᠪᠡ᠃      ᠣᠶᠢᠯᠠᠭᠠᠭᠰᠠᠨ ᠢᠶᠠᠷ᠂ ︽13 · 5︾ ᠶᠢᠨ ᠲᠥᠯᠥᠪᠵᠢᠭᠦᠯᠭᠡ ᠶᠢᠨ ᠬᠤᠭᠤᠴᠠᠭᠠᠨ ᠳᠤ᠂ ᠮᠠᠨ ᠤ ᠣᠷᠣᠨ 146 ᠳ᠋ᠦᠩᠰᠢᠭᠤᠷ ᠲᠥᠭᠦᠷᠢᠭ ᠵᠠᠷᠤᠴᠠᠭᠤᠯᠵᠤ ᠪᠠᠶᠢᠭᠠᠳ 30 ᠲᠦᠮᠡᠨ ᠬᠥᠮᠦᠨ ᠢ ᠨᠡᠭᠦᠯᠭᠡᠬᠦ ᠡᠭᠦᠷᠭᠡ ᠶᠢ ᠪᠡᠶᠡᠯᠡᠭᠦᠯᠬᠦ ᠪᠠᠷ ᠲᠥᠯᠥᠪᠯᠡᠵᠦ ᠪᠣᠢ᠃ ᠡᠭᠦᠨ ᠳᠤ᠂ ᠳᠠᠩᠰᠠ ᠡᠪᠬᠡᠮᠡᠯ ᠪᠠᠶᠢᠭᠤᠯᠤᠨ ᠺᠠᠷᠲ ᠠᠪᠤᠭᠰᠠᠨ 20 ᠲᠦᠮᠡᠨ ᠶᠠᠳᠠᠭᠤ ᠬᠦᠴᠢᠷᠳᠡᠯᠲᠡᠢ ᠬᠥᠮᠦᠨ ᠠᠮᠠ ᠪᠠ ᠵᠡᠷᠭᠡ ᠳᠤᠨᠢ ᠨᠡᠭᠦᠯᠭᠡᠬᠦ 10 ᠲᠦᠮᠡᠨ ᠬᠥᠮᠦᠨ ᠠᠮᠠ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号