ᠰᠢ ᠶᠢᠨ ᠫᠢᠩ ᠴᠢᠯᠦᠭᠡᠯᠡᠬᠦ ᠴᠡᠷᠢᠭ ᠪᠤᠯᠤᠨ ᠵᠡᠪᠰᠡᠭᠳᠦ ᠴᠠᠭᠳᠠᠭᠠᠨ ᠤ ᠴᠡᠷᠢᠭ ᠠᠩᠭᠢ ᠶᠢᠨ ᠲᠦᠯᠦᠭᠡᠯᠡᠭᠴᠢᠳ ᠤᠨ ᠪᠦᠯᠬᠦᠮ ᠤᠨ ᠪᠦᠭᠦᠳᠡ ᠬᠤᠷᠠᠯ ᠳᠤ ᠤᠷᠤᠯᠴᠠᠪᠠ
ᠨᠡᠶᠢᠲᠡᠯᠡᠭᠰᠡᠨ ᠴᠠᠭ᠄
2018/3/13
      3 ᠳ᠋ᠤᠭᠠᠷ ᠰᠠᠷ᠎ᠠ ᠶᠢᠨ 12᠎ ᠤᠨ ᠡᠳᠦᠷ ᠤᠨ ᠦᠳᠡ ᠶᠢᠨ ᠡᠮᠤᠨ᠎ᠠ᠂ ᠨᠠᠮ ᠤᠨ ᠲᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠡᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯ ᠳᠤ ᠤᠷᠤᠯᠴᠠᠵᠤ ᠪᠠᠶᠢᠭ᠎ᠠ ᠴᠢᠯᠦᠭᠡᠯᠡᠬᠦ ᠴᠡᠷᠢᠭ ᠪᠤᠯᠤᠨ ᠵᠡᠪᠰᠡᠭᠳᠦ ᠴᠠᠭᠳᠠᠭᠠᠨ ᠤ ᠴᠡᠷᠢᠭ ᠠᠩᠭᠢ ᠶᠢᠨ ᠲᠦᠯᠦᠭᠡᠯᠡᠭᠴᠢᠳ ᠤᠨ ᠪᠦᠯᠬᠦᠮ ᠤᠨ ᠪᠦᠭᠦᠳᠡ ᠬᠤᠷᠠᠯ ᠳᠤ ᠤᠷᠤᠯᠴᠠᠭᠰᠠᠨ ᠪᠦᠭᠡᠳ ᠶᠠᠷᠢᠶ᠎ᠠ ᠲᠠᠯᠪᠢᠵᠠᠢ᠃
     3 ᠳ᠋ᠤᠭᠠᠷ ᠰᠠᠷ᠎ᠠ ᠶᠢᠨ 12᠎ ᠤᠨ ᠡᠳᠦᠷ ᠤᠨ ᠦᠳᠡ ᠶᠢᠨ ᠡᠮᠤᠨ᠎ᠠ᠂ ᠨᠠᠮ ᠤᠨ ᠲᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠡᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯ ᠳᠤ ᠤᠷᠤᠯᠴᠠᠵᠤ ᠪᠠᠶᠢᠭ᠎ᠠ ᠴᠢᠯᠦᠭᠡᠯᠡᠬᠦ ᠴᠡᠷᠢᠭ ᠪᠤᠯᠤᠨ ᠵᠡᠪᠰᠡᠭᠳᠦ ᠴᠠᠭᠳᠠᠭᠠᠨ ᠤ ᠴᠡᠷᠢᠭ ᠠᠩᠭᠢ ᠶᠢᠨ ᠲᠦᠯᠦᠭᠡᠯᠡᠭᠴᠢᠳ ᠤᠨ ᠪᠦᠯᠬᠦᠮ ᠤᠨ ᠪᠦᠭᠦᠳᠡ ᠬᠤᠷᠠᠯ ᠳᠤ ᠤᠷᠤᠯᠴᠠᠪᠠ᠃ ᠵᠢᠷᠤᠭ ᠪᠤᠯ ᠬᠤᠷᠠᠯ ᠠᠴᠠ ᠡᠮᠤᠨ᠎ᠠ᠂ ᠰᠢ ᠶᠢᠨ ᠫᠢᠩ ᠬᠤᠷᠠᠯ ᠳᠤ ᠤᠷᠤᠯᠴᠠᠭᠰᠠᠨ ᠲᠦᠯᠤᠬᠡᠯᠡᠭᠴᠢᠳ ᠢ ᠲᠤᠳᠤᠨᠤ ᠪᠠᠷ ᠬᠦᠯᠢᠶᠡᠨ ᠠᠪᠴᠤ ᠠᠭᠤᠯᠵᠠᠵᠤ ᠪᠠᠶᠢᠭ᠎ᠠ ᠨᠢ᠃      ᠨᠠᠮ ᠤᠨ ᠲᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ 12᠎ ᠤᠨ ᠡᠳᠦᠷ ᠤᠨ ᠦᠳᠡ ᠶᠢᠨ ᠡᠮᠦᠨ᠎ᠠ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠡᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯ ᠳᠤ ᠤᠷᠤᠯᠴᠠᠵᠤ ᠪᠠᠶᠢᠭ᠎ᠠ ᠴᠢᠯᠦᠭᠡᠯᠡᠬᠦ ᠴᠡᠷᠢᠭ ᠪᠤᠯᠤᠨ ᠵᠡᠪᠰᠡᠭᠳᠦ ᠴᠠᠭᠳᠠᠭᠠᠨ ᠤ ᠴᠡᠷᠢᠭ ᠠᠩᠭᠢ ᠶᠢᠨ ᠲᠦᠯᠦᠭᠡᠯᠡᠭᠴᠢᠳ ᠤᠨ ᠪᠦᠯᠬᠦᠮ ᠤᠨ ᠪᠦᠭᠦᠳᠡ ᠬᠤᠷᠠᠯ ᠳᠤ ᠤᠷᠤᠯᠴᠠᠬᠤ ᠳᠠᠭᠠᠨ᠂ ᠴᠡᠷᠢᠭ ᠠᠷᠠᠳ ᠎ ᠤᠨ ᠬᠡᠷᠡᠭᠯᠡᠭᠡ ᠶᠢ ᠠᠭᠤᠰᠤᠯᠴᠠᠭᠤᠯᠤᠨ ᠬᠦᠭᠵᠢᠭᠦᠯᠬᠦ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠬᠦ ᠪᠤᠯ ᠨᠢᠭᠡ ᠴᠤᠭᠴᠠᠵᠢᠭᠤᠯᠤᠭᠰᠠᠨ ᠤᠯᠤᠰ ᠤᠨ ᠪᠠᠶᠢᠯᠳᠤᠬᠤ ᠪᠤᠳᠤᠯᠭ᠎ᠠ ᠶᠢᠨ ᠰᠢᠰᠲ᠋ᠧᠮᠵᠢ ᠪᠠ ᠴᠢᠳᠠᠪᠤᠷᠢ ᠶᠢ ᠪᠠᠶᠢᠭᠤᠯᠬᠤ ᠶᠢᠨ ᠵᠠᠶᠢᠯᠠᠰᠢ ᠦᠭᠡᠢ ᠰᠤᠩᠭᠤᠯᠳᠠ ᠮᠦᠨ᠂ ᠮᠦᠨᠴᠤ ᠨᠠᠮ ᠤᠨ ᠰᠢᠨ᠎ᠠ ᠴᠠᠭ ᠦᠶ᠎ᠠ ᠶᠢᠨ ᠴᠡᠷᠢᠭ ᠢ ᠬᠦᠴᠦᠷᠬᠡᠭᠵᠢᠭᠦᠯᠬᠦ ᠬᠠᠷᠠᠯᠳᠠ ᠶᠢ ᠪᠡᠶᠡᠯᠡᠭᠦᠯᠬᠦ ᠶᠢᠨ ᠵᠠᠶᠢᠯᠠᠰᠢ ᠦᠭᠡᠢ ᠰᠤᠩᠭᠤᠯᠳᠠ ᠮᠦᠨ᠂ ᠪᠠᠶᠢᠯᠳᠤᠬᠤ ᠪᠤᠳᠤᠯᠭ᠎ᠠ ᠶᠢᠨ ᠵᠢᠯᠤᠭᠤᠳᠤᠯᠭ᠎ᠠ ᠶᠢ ᠴᠢᠩᠭᠠᠳᠬᠠᠵᠤ᠂ ᠦᠭᠡᠷᠡᠴᠢᠯᠡᠯᠳᠡ ᠬᠢᠵᠤ ᠰᠢᠨ᠎ᠠ ᠶᠢ ᠡᠭᠦᠳᠬᠦ ᠶᠢ ᠴᠢᠩᠭᠠᠳᠬᠠᠵᠤ᠂ ᠴᠡᠷᠢᠭ ᠠᠩᠭᠢ ᠬᠢᠭᠡᠳ ᠤᠷᠤᠨ ᠨᠤᠲᠤᠭ ᠤᠨ ᠬᠠᠮᠵᠢᠯᠴᠠᠭ᠎ᠠ ᠶᠢ ᠴᠢᠩᠭᠠᠳᠬᠠᠵᠤ᠂ ᠡᠭᠦᠷᠭᠡ ᠶᠢᠨ ᠨᠠᠶᠢᠳᠠᠪᠤᠷᠢᠵᠢᠭᠤᠯᠤᠯᠲᠠ ᠎ ᠶᠢ ᠴᠢᠩᠭᠠᠳᠬᠠᠵᠤ᠂ ᠰᠢᠨ᠎ᠠ ᠴᠠᠭ ᠦᠶ᠎ᠠ ᠶᠢᠨ ᠴᠡᠷᠢᠭ ᠠᠷᠠᠳ ᠤᠨ ᠬᠡᠷᠡᠭᠯᠡᠭᠡ ᠶᠢᠨ ᠠᠭᠤᠰᠤᠯᠴᠠᠯ ᠤᠨ ᠬᠦᠨᠵᠡᠬᠡᠢ ᠬᠦᠭᠵᠢᠯᠳᠡ ᠶᠢᠨ ᠰᠢᠨ᠎ᠠ ᠪᠠᠶᠢᠳᠠᠯ ᠢ ᠴᠢᠷᠮᠠᠶᠢᠨ ᠡᠭᠦᠳᠴᠤ᠂ ᠴᠡᠷᠢᠭ ᠢ ᠬᠦᠴᠦᠷᠬᠡᠭᠵᠢᠭᠦᠯᠬᠦ ᠳᠤᠮᠳᠠᠳᠤ ᠶᠢᠨ ᠵᠡᠭᠦᠳᠦ ᠶᠢ ᠲᠡᠷᠭᠡᠯᠰᠢᠭᠦᠯᠬᠦ ᠳᠤ ᠬᠦᠴᠦᠷᠬᠡᠭ ᠶᠡᠭᠡ ᠬᠦᠳᠡᠯᠭᠡᠬᠦ ᠬᠦᠴᠦᠨ ᠪᠤᠯᠤᠨ ᠪᠠᠶᠢᠯᠳᠤᠬᠤ ᠪᠤᠳᠤᠯᠭ᠎ᠠ ᠶᠢᠨ ᠲᠤᠯᠭᠠᠭᠤᠷᠢᠯᠠᠯ ᠬᠠᠩᠭᠠᠬᠤ ᠬᠡᠷᠡᠭᠲᠠᠢ ᠭᠡᠵᠤ ᠴᠢᠬᠤᠯᠠᠴᠢᠯᠠᠪᠠ᠃      ᠰᠢ ᠶᠢᠨ ᠫᠢᠩ ᠬᠤᠷᠠᠯ ᠤᠨ ᠲᠠᠯᠠᠪᠠᠢ ᠳᠤ ᠠᠯᠬᠤᠨ ᠤᠷᠤᠬᠤ ᠦᠶᠡᠰ ᠠᠬᠤᠢ ᠲᠠᠯᠠᠪᠠᠢ ᠳᠤ ᠠᠯᠠᠭ᠎ᠠ ᠲᠠᠰᠢᠯᠳᠠ ᠶᠢᠨ ᠳᠠᠭᠤᠨ ᠨᠢᠵᠢᠭᠢᠨᠡᠪᠡ᠃ ᠰᠢ ᠶᠢᠨ ᠫᠢᠩ ᠤᠯᠠᠨ ᠲᠠᠢ ᠳᠤᠳᠤᠨᠤᠰᠤᠬ ᠢᠶᠠᠷ ᠭᠠᠷ ᠠᠳᠬᠤᠵᠤ᠂ ᠴᠢᠯᠦᠭᠡᠯᠡᠬᠦ ᠴᠡᠷᠢᠭ ᠪᠤᠯᠤᠨ ᠵᠡᠪᠰᠡᠭᠳᠦ ᠴᠠᠭᠳᠠᠭᠠᠨ ᠤ ᠴᠡᠷᠢᠭ ᠠᠩᠭᠢ ᠶᠢᠨ ᠲᠦᠯᠦᠭᠡᠯᠡᠭᠴᠢᠳ ᠤᠨ ᠪᠦᠯᠬᠦᠮ ᠳᠤ ᠢᠷᠡᠵᠤ ᠡᠯ᠎ᠠ ᠲᠦᠯᠦᠭᠡᠯᠡᠭᠴᠢᠳ ᠲᠠᠢ ᠲᠦᠷᠦ ᠶᠢᠨ ᠶᠠᠪᠤᠳᠠᠯ ᠢ ᠬᠠᠮᠳᠤᠪᠡᠷ ᠵᠦᠪᠳᠡᠯᠴᠡᠬᠦ ᠪᠤᠯᠤᠭᠰᠠᠨ ᠳᠠᠭᠠᠨ ᠪᠠᠶᠠᠷᠯᠠᠵᠤ ᠪᠠᠶᠢᠬᠤ ᠪᠠᠨ ᠢᠯᠡᠳᠭᠡᠵᠡᠢ᠃      ᠬᠤᠷᠠᠯ ᠳᠡᠭᠡᠷ᠎ᠠ᠂ ᠯᠢ ᠾᠦᠸᠧ ᠬᠤᠢ᠂ ᠭᠦᠸᠧ ᠫᠦ᠋ ᠰᠢᠶᠤᠤ᠂ ᠵᠠᠩ ᠰᠢᠤᠸᠠᠢ ᠢᠤᠢ᠂ ᠸᠠᠩ ᠬᠤᠢ ᠴᠢᠩ᠂ ᠶᠠᠩᠴᠤᠬᠭᠧᠵᠢᠳ᠂ ᠯᠢ ᠸᠧᠢ᠂ ᠵᠦ ᠴᠧᠩ᠂ ᠸᠠᠩ ᠨᠢᠩ ᠵᠡᠷᠭᠡ 8 ᠲᠦᠯᠦᠭᠡᠯᠡᠭᠴᠢ ᠴᠡᠷᠢᠭ ᠠᠷᠠᠳ ᠤᠨ ᠬᠡᠷᠡᠭᠯᠡᠭᠡ ᠶᠢ ᠠᠭᠤᠰᠤᠯᠴᠠᠭᠤᠯᠬᠤ ᠶᠢ ᠠᠬᠢᠭᠤᠯᠬᠤ᠂ ᠪᠤᠳᠠᠳᠤ ᠳᠠᠶᠢᠨᠴᠢᠯᠠᠭᠰᠠᠨ ᠪᠤᠯᠪᠠᠰᠤᠷᠠᠯ ᠢ ᠴᠢᠩᠭᠠᠳᠬᠠᠬᠤ᠂ ᠰᠠᠨᠰᠠᠷ ᠤᠨ ᠬᠦᠷᠢᠶᠠᠨ ᠤ ᠬᠦᠭᠵᠢᠯᠳᠡ ᠶᠢ ᠲᠦᠷᠭᠡᠳᠭᠡᠬᠦ᠂ ᠲᠦᠷᠦ ᠶᠢᠨ ᠪᠤᠳᠤᠯᠭ᠎ᠠ ᠶᠢᠨ ᠳᠦᠷᠢᠮ ᠤᠨ ᠦᠭᠡᠷᠡᠴᠢᠯᠡᠯᠳᠡ ᠶᠢ ᠭᠦᠨᠵᠡᠭᠡᠶᠢᠷᠡᠭᠦᠯᠬᠦ᠂ ᠵᠡᠪᠰᠡᠭᠳᠦ ᠴᠠᠭᠳᠠᠭᠠᠨ ᠤ ᠴᠡᠷᠢᠭ ᠠᠩᠭᠢ ᠶᠢᠨ ᠦᠭᠡᠷᠡᠴᠢᠯᠡᠯᠳᠡ ᠶᠢ ᠰᠠᠶᠢᠲᠤᠷ ᠬᠢᠬᠦ᠂ ᠴᠡᠷᠢᠭ ᠤᠨ ᠠᠯᠪᠠᠨ ᠠᠴᠠ ᠪᠠᠭᠤᠭᠰᠠᠳ ᠤᠨ ᠬᠠᠮᠢᠶᠠᠷᠤᠯᠳᠠ ᠪᠠ ᠪᠠᠲᠤᠯᠠᠭ᠎ᠠ ᠶᠢ ᠲᠡᠭᠦᠯᠳᠡᠷᠵᠢᠭᠦᠯᠬᠦ ᠵᠡᠷᠭᠡ ᠠᠰᠠᠭᠤᠳᠠᠯ ᠤᠨ ᠲᠤᠭᠤᠷᠢᠨ ᠳᠤ ᠰᠠᠨᠠᠯ ᠰᠠᠨᠠᠭᠤᠯᠭ᠎ᠠ ᠳᠤᠷᠠᠳᠴᠠᠢ᠃ ᠰᠢ ᠶᠢᠨ ᠫᠢᠩ ᠲᠦᠯᠦᠭᠡᠯᠡᠭᠴᠢᠳ ᠲᠠᠢ ᠪᠤᠳᠤᠯ ᠰᠠᠨᠠᠯ ᠢᠶᠠᠨ ᠭᠦᠨᠵᠡᠭᠡᠢ ᠰᠤᠯᠢᠯᠴᠠᠨ ᠬᠤᠯᠪᠤᠭᠳᠠᠯ ᠪᠦᠬᠦᠢ ᠪᠠᠶᠢᠳᠠᠯ ᠢ ᠨᠠᠷᠢᠨ ᠬᠢᠨᠠᠮᠠᠭᠠᠢ ᠠᠰᠠᠭᠤᠪᠠ᠂ ᠤᠯᠠᠨ ᠢᠶᠠᠷ ᠢᠶᠠᠨ ᠢᠳᠡᠪᠬᠢᠲᠠᠢ ᠪᠠᠷ ᠦᠭᠡ ᠬᠡᠯᠡᠵᠤ᠂ ᠬᠤᠷᠠᠯ ᠤᠨ ᠲᠠᠯᠠᠪᠠᠢ ᠳᠤ ᠬᠦᠷ ᠬᠦᠭᠵᠢᠶᠡᠨ ᠪᠢᠯᠬᠠᠵᠤ ᠪᠠᠶᠢᠯ᠎ᠠ᠃      ᠲᠦᠯᠦᠭᠡᠯᠡᠭᠴᠢᠳ ᠦᠭᠡ ᠬᠡᠯᠡᠭᠰᠡᠨ ᠤ ᠳᠠᠷᠠᠭ᠎ᠠ ᠰᠢ ᠶᠢᠨ ᠫᠢᠩ ᠴᠢᠬᠤᠯᠠ ᠶᠠᠷᠢᠶ᠎ᠠ ᠲᠠᠯᠪᠢᠵᠠᠢ᠃ ᠲᠡᠷᠡ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ᠨᠠᠰᠢ᠂ ᠪᠦᠬᠦ ᠴᠡᠷᠢᠭ ᠠᠩᠭᠢ ᠶᠢᠨ ᠬᠢᠨ ᠨᠠᠮ ᠤᠨ ᠲᠦᠪ ᠬᠤᠷᠢᠶ᠎ᠠ ᠪᠤᠯᠤᠨ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠰᠢᠢᠳᠪᠦᠷᠢᠳᠤ ᠪᠤᠳᠤᠯᠭ᠎ᠠ ᠵᠢᠭᠠᠪᠤᠷᠢ ᠶᠢ ᠡᠷᠡᠰ ᠲᠤᠤᠱᠯᠠᠭᠤᠯᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠨ ᠲᠤᠤᠱᠯᠠᠭᠤᠯᠵᠤ᠂ ᠨᠠᠮ ᠤᠨ ᠰᠢᠨ᠎ᠠ ᠴᠠᠭ ᠦᠶ᠎ᠠ ᠶᠢᠨ ᠴᠡᠷᠢᠭ ᠢ ᠬᠦᠴᠦᠷᠬᠡᠭᠵᠢᠭᠦᠯᠬᠦ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠨᠠᠮ ᠤᠨ ᠰᠢᠨ᠎ᠠ ᠴᠠᠭ ᠦᠶ᠎ᠠ ᠶᠢᠨ ᠴᠡᠷᠢᠭ ᠢ ᠬᠦᠴᠦᠷᠬᠡᠭᠵᠢᠭᠦᠯᠬᠦ ᠬᠠᠷᠠᠯᠳᠠ ᠶᠢ ᠪᠡᠶᠡᠯᠡᠭᠦᠯᠬᠦ᠂ ᠠᠷᠠᠳ ᠤᠨ ᠴᠡᠷᠢᠭ ᠠᠩᠭᠢ ᠶᠢ ᠪᠦᠬᠦ ᠲᠠᠯ᠎ᠠ ᠪᠠᠷ ᠳᠡᠯᠡᠬᠡᠢ ᠶᠢᠨ ᠲᠡᠷᠢᠭᠦᠨ ᠵᠡᠷᠭᠡ ᠶᠢᠨ ᠴᠡᠷᠢᠭ ᠠᠩᠭᠢ ᠪᠤᠯᠭᠠᠨ ᠪᠦᠳᠦᠬᠡᠨ ᠪᠠᠶᠢᠭᠤᠯᠬᠤ ᠲᠤᠭᠤᠷᠢᠨ ᠳᠤ ᠴᠡᠷᠢᠭ ᠢ ᠪᠤᠯᠪᠠᠰᠤᠷᠠᠭᠤᠯᠵᠤ ᠳᠠᠶᠢᠨ ᠳᠤ ᠪᠡᠯᠡᠳᠭᠡᠬᠦ ᠶᠢ ᠴᠢᠩᠭᠠᠳᠬᠠᠵᠤ᠂ ᠤᠯᠤᠰ ᠤᠨ ᠪᠠᠲᠤᠯᠠᠨ ᠬᠠᠮᠠᠭᠠᠯᠠᠯᠳᠠ ᠪᠤᠯᠤᠨ ᠴᠡᠷᠢᠭ ᠠᠩᠭᠢ ᠶᠢᠨ ᠦᠭᠡᠷᠡᠴᠢᠯᠡᠯᠳᠡ ᠶᠢ ᠭᠦᠨᠵᠡᠭᠡᠶᠢᠷᠡᠭᠦᠯᠵᠦ᠂ ᠪᠦᠬᠦ ᠲᠠᠯ᠎ᠠ ᠪᠠᠷ ᠴᠡᠷᠢᠭ ᠢ ᠴᠢᠩᠭ᠎ᠠ ᠵᠠᠰᠠᠬᠤ ᠶᠢ ᠬᠦᠴᠦᠳᠠᠢ ᠠᠳᠬᠤᠵᠤ᠂ ᠤᠯᠤᠰ ᠤᠨ ᠪᠠᠲᠤᠯᠠᠨ ᠬᠠᠮᠠᠭᠠᠯᠠᠯᠳᠠ ᠪᠤᠯᠤᠨ ᠴᠡᠷᠢᠭ ᠠᠩᠭᠢ ᠶᠢᠨ ᠤᠳᠤᠬᠢᠴᠢᠯᠠᠯᠳᠠ ᠶᠢᠨ ᠪᠠᠶᠢᠭᠤᠯᠤᠯᠲᠠ ᠶᠢ ᠲᠦᠷᠭᠡᠳᠭᠡᠵᠤ᠂ ᠴᠡᠷᠢᠭ ᠢ ᠬᠦᠴᠦᠷᠬᠡᠭᠵᠢᠭᠦᠯᠬᠦ ᠦᠢᠯᠡᠰ ᠲᠤ ᠰᠢᠨ᠎ᠠ ᠠᠯᠬᠤᠮ ᠢ ᠠᠯᠬᠤᠵᠤ᠂ ᠰᠢᠨ᠎ᠠ ᠪᠠᠶᠢᠳᠠᠯ ᠲᠠᠢ ᠪᠤᠯᠵᠠᠢ ᠭᠡᠵᠤ ᠵᠢᠭᠠᠵᠤ ᠭᠠᠷᠭᠠᠪᠠ᠃      ᠰᠢ ᠶᠢᠨ ᠫᠢᠩ ᠴᠡᠷᠢᠭ ᠠᠷᠠᠳ ᠤᠨ ᠬᠡᠷᠡᠭᠯᠡᠭᠡ ᠶᠢ ᠠᠭᠤᠰᠤᠯᠴᠠᠭᠤᠯᠤᠨ ᠬᠦᠭᠵᠢᠭᠦᠯᠬᠦ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠬᠦ᠂ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠬᠢ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠬᠦ ᠲᠤᠬᠠᠢ ᠱᠠᠭᠠᠷᠳᠠᠯᠭ᠎ᠠ ᠳᠤᠷᠠᠳᠪᠠ᠃ ᠲᠡᠷᠡ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠶᠢ ᠴᠢᠩᠭᠠᠳᠬᠠᠵᠤ᠂ ᠴᠡᠷᠢᠭ ᠠᠷᠠᠳ ᠎ ᠤᠨ ᠬᠡᠷᠡᠭᠯᠡᠭᠡ ᠶᠢᠨ ᠠᠭᠤᠰᠤᠯᠴᠠᠯ ᠤᠨ ᠰᠢᠨ᠎ᠡ ᠶᠢ ᠡᠭᠦᠳᠬᠦ ᠰᠢᠰᠲ᠋ᠧᠮᠵᠢ ᠶᠢ ᠲᠦᠷᠭᠡᠳᠬᠡᠨ ᠪᠠᠶᠢᠭᠤᠯᠵᠤ᠂ ᠤᠯᠤᠰ ᠎ ᠤᠨ ᠪᠠᠲᠤᠯᠠᠨ ᠬᠠᠮᠠᠭᠠᠯᠠᠯᠲᠠ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠪᠡᠶ᠎ᠡ ᠪᠠᠨ ᠳᠠᠭᠠᠭᠠᠨ ᠰᠢᠨ᠎ᠡ ᠶᠢ ᠡᠭᠦᠳᠬᠦ ᠴᠢᠳᠠᠪᠤᠷᠢ ᠶᠢ ᠬᠦᠴᠦᠯᠡᠨ ᠳᠡᠭᠡᠭᠰᠢᠯᠡᠭᠦᠯᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠲᠡᠷᠢᠭᠦᠨ ᠤ ᠦᠷ᠎ᠡ ᠪᠦᠲᠦᠭᠡᠯ ᠢ ᠤᠯᠠᠷᠢᠭᠤᠯᠤᠨ ᠠᠰᠢᠬᠯᠠᠬᠤ ᠡᠷᠴᠢᠮ ᠢ ᠴᠢᠩᠭᠠᠷᠠᠭᠤᠯᠵᠤ᠂ ᠮᠠᠨ ᠤ ᠴᠡᠷᠢᠭ ᠤᠨ ᠪᠦᠲᠦᠭᠡᠨ ᠪᠠᠶᠢᠭᠤᠯᠤᠯᠲᠠ ᠶᠢ ᠶᠠᠰᠤ ᠴᠢᠨᠠᠷ ᠦᠢᠯᠡᠳᠦᠯᠲᠤ ᠬᠡᠯᠪᠡᠷᠢ ᠪᠠ ᠰᠢᠨᠵᠢᠯᠡᠬᠦ ᠤᠬᠠᠭᠠᠨ ᠮᠡᠷᠭᠡᠵᠢᠯ ᠤᠨ ᠨᠢᠬᠲᠠᠴᠠᠳᠤ ᠬᠡᠯᠪᠡᠷᠢ ᠲᠡᠰᠢ ᠬᠤᠪᠢᠷᠠᠭᠤᠯᠬᠤ ᠶᠢ ᠠᠬᠢᠭᠤᠯᠬᠤ ᠬᠡᠷᠡᠭᠲᠡᠢ᠃ ᠳᠡᠯᠡᠬᠡᠢ ᠶᠢᠨ ᠴᠡᠷᠢᠭ ᠤᠨ ᠶᠠᠪᠤᠳᠠᠯ ᠤᠨ ᠰᠢᠨᠵᠢᠯᠡᠬᠦ ᠤᠬᠠᠭᠠᠨ ᠮᠡᠷᠭᠡᠵᠢᠯ ᠪᠤᠯᠤᠨ ᠵᠡᠪᠰᠡᠭ ᠲᠤᠨᠤᠬᠯᠠᠯ ᠤᠨ ᠬᠦᠭᠵᠢᠯᠲᠡ ᠶᠢᠨ ᠬᠠᠨᠳᠤᠰᠢ ᠶᠢ ᠨᠢᠬᠲᠠ ᠠᠩᠬᠠᠷᠴᠤ᠂ ᠭᠤᠤᠯᠳᠠᠯᠭ᠎ᠠ ᠲᠠᠢ ᠬᠦᠷᠢᠶᠡᠨ ᠳᠠᠬᠢ ᠴᠡᠷᠢᠭ ᠠᠷᠠᠳ ᠤᠨ ᠬᠡᠷᠡᠭᠯᠡᠭᠡ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠬᠠᠮᠵᠢᠯᠴᠠᠨ ᠰᠢᠨ᠎ᠡ ᠶᠢ ᠡᠭᠦᠳᠬᠦ ᠶᠢ ᠳᠤᠪᠤᠶᠢᠯᠭᠠᠨ ᠰᠠᠶᠢᠲᠤᠷ ᠠᠳᠬᠤᠵᠤ᠂ ᠴᠢᠬᠤᠯᠠ ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠲᠦᠷᠦᠯ ᠵᠦᠢᠯ ᠢ ᠨᠢᠭᠡ ᠴᠤᠬᠴᠠᠵᠢᠭᠤᠯᠤᠨ ᠨᠤᠲᠠᠯᠠᠬᠤ ᠪᠠ ᠬᠡᠷᠡᠭᠵᠢᠭᠦᠯᠬᠦ ᠶᠢ ᠠᠬᠢᠭᠤᠯᠵᠤ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠠᠶᠢᠯᠳᠤᠬᠤ ᠪᠤᠳᠤᠯᠭ᠎ᠠ ᠶᠢᠨ ᠠᠰᠢᠬᠲᠠᠢ ᠪᠠᠶᠢᠷᠢ ᠶᠢ ᠴᠢᠷᠮᠠᠶᠢᠨ ᠡᠵᠡᠯᠡᠬᠦ ᠬᠡᠷᠡᠭᠲᠡᠢ᠃ ᠨᠡᠭᠡᠭᠡᠯᠲᠡᠲᠡᠢ ᠬᠠᠮᠲᠤᠪᠡᠷ ᠬᠦᠷᠲᠡᠬᠦ ᠤᠨᠤᠯᠵᠢᠬᠤᠨ ᠢ ᠴᠢᠩᠭᠠᠳᠬᠠᠵᠤ᠂ ᠪᠢᠲᠡᠭᠦᠮᠵᠢᠯᠡᠯ ᠭᠠᠭᠴᠠᠭᠠᠷ ᠡᠵᠡᠮᠰᠢᠯ ᠢ ᠡᠷᠡᠰ ᠡᠪᠳᠡᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠡᠬᠢ ᠪᠠᠶᠠᠯᠢᠬ ᠢ ᠰᠢᠯᠢᠳᠡᠭᠵᠢᠭᠦᠯᠦᠨ ᠳᠤᠬᠢᠷᠠᠭᠤᠯᠬᠤ ᠶᠢ ᠴᠢᠩᠭᠠᠳᠬᠠᠵᠤ᠂ ᠪᠦᠬᠦ ᠨᠡᠶᠢᠭᠡᠮ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠰᠢᠨ᠎ᠡ ᠳᠠᠯᠳᠠ ᠬᠦᠴᠦᠨ ᠢ ᠠᠭᠤᠳᠠᠯᠵᠦ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠳᠤ ᠵᠠᠭᠤᠨ ᠬᠦᠯᠭᠡ ᠦᠷᠢᠰᠦᠯᠳᠦᠨ ᠲᠤᠪᠳᠤᠯᠵᠤ᠂ ᠮᠢᠩᠭᠠᠨ ᠲᠠᠷᠪᠠᠭᠤᠯ ᠮᠦᠴᠡᠭᠡᠷᠬᠡᠨ ᠤᠷᠤᠬᠰᠢᠯᠠᠬᠰᠠᠨ ᠠᠮᠢᠳᠤᠯᠢᠬ ᠪᠠᠶᠢᠳᠠᠯ ᠢ ᠪᠦᠷᠢᠯᠳᠦᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃      ᠰᠢ ᠶᠢᠨ ᠫᠢᠩ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠬᠢ ᠶᠢᠨ ᠦᠭᠡᠷᠡᠴᠢᠯᠡᠯᠲᠡ ᠶᠢ ᠭᠦᠨᠵᠡᠭᠡᠶᠢᠷᠡᠭᠦᠯᠬᠦ ᠳᠡᠭᠡᠨ ᠡᠷᠬᠡ ᠶᠢ ᠲᠠᠯᠪᠢᠬᠤ ᠶᠢ ᠨᠢ ᠲᠠᠯᠪᠢᠨ ᠬᠤᠷᠢᠶᠠᠬᠤ ᠶᠢ ᠨᠢ ᠬᠤᠷᠢᠶᠠᠵᠤ᠂ ᠬᠠᠭᠤᠴᠢᠨ ᠢ ᠡᠪᠳᠡᠨ ᠰᠢᠨ᠎ᠠ ᠶᠢ ᠪᠠᠶᠢᠭᠤᠯᠵᠤ᠂ ᠲᠦᠷᠭᠡᠨ ᠮᠦᠷᠲᠡᠭᠡᠨ ᠯᠠᠪᠳᠠᠭᠤᠨ ᠢᠶᠠᠷ ᠶᠠᠪᠤᠬᠳᠠᠭᠤᠯᠵᠤ᠂ ᠮᠠᠨ ᠤ ᠴᠡᠷᠢᠭ ᠤᠨ ᠵᠤᠬᠢᠶᠠᠨ ᠪᠠᠶᠢᠭᠤᠯᠤᠯᠲᠠ ᠶᠢᠨ ᠪᠦᠷᠢᠯᠳᠦᠴᠡ ᠪᠠ ᠬᠦᠴᠦᠨ ᠴᠢᠳᠠᠯ ᠤᠨ ᠰᠢᠰᠲ᠋ᠧᠮᠵᠢ ᠶᠢᠨ ᠪᠦᠬᠦ ᠴᠤᠬᠴᠠᠲᠤ ᠴᠢᠨᠠᠷ᠂ ᠬᠤᠪᠢᠰᠬᠠᠯᠲᠤ ᠴᠢᠨᠠᠷ ᠢ ᠳᠠᠬᠢᠨ ᠪᠦᠲᠦᠭᠡᠵᠦ᠂ ᠮᠠᠨ ᠤ ᠴᠡᠷᠢᠭ ᠤᠨ ᠪᠦᠲᠦᠭᠡᠨ ᠪᠠᠶᠢᠭᠤᠯᠤᠯᠲᠠ ᠶᠢ ᠬᠠᠷᠰᠢᠯᠠᠵᠤ ᠪᠠᠶᠢᠭ᠎ᠠ ᠪᠠᠶᠢᠭᠤᠯᠤᠮᠵᠢ ᠶᠢᠨ ᠴᠢᠨᠠᠷᠲᠠᠢ ᠰᠠᠭᠠᠳ᠂ ᠪᠦᠲᠦᠴᠡ ᠶᠢᠨ ᠴᠢᠨᠠᠷᠲᠠᠢ ᠵᠦᠷᠢᠴᠡᠯ ᠢ ᠪᠦᠲᠦᠮᠵᠢᠲᠡᠢ ᠰᠢᠢᠳᠪᠦᠷᠢᠯᠡᠪᠡ᠃ ᠲᠦᠷᠦ ᠶᠢᠨ ᠪᠤᠳᠤᠯᠭ᠎ᠠ ᠳᠦᠷᠢᠮ ᠤᠨ ᠦᠭᠡᠷᠡᠴᠢᠯᠡᠯᠲᠡ ᠶᠢ ᠯᠠᠪᠳᠠᠭᠤᠨ ᠠᠬᠢᠭᠤᠯᠵᠤ᠂ ᠤᠳᠤᠬᠢᠴᠢᠯᠠᠬᠰᠠᠨ ᠴᠡᠷᠢᠭ ᠤᠨ ᠶᠠᠪᠤᠳᠠᠯ ᠤᠨ ᠲᠦᠷᠦ ᠶᠢᠨ ᠪᠤᠳᠤᠯᠭ᠎ᠠ ᠳᠦᠷᠢᠮ ᠤᠨ ᠰᠢᠰᠲ᠋ᠧᠮᠵᠢ ᠶᠢ ᠲᠦᠷᠭᠡᠳᠭᠡᠨ ᠪᠠᠶᠢᠭᠤᠯᠵᠤ᠂ ᠡᠯ᠎ᠡ ᠲᠠᠯ᠎ᠠ ᠶᠢᠨ ᠪᠠᠶᠢᠭᠤᠯᠤᠮᠵᠢ ᠲᠤᠬᠲᠠᠴᠠ ᠶᠢᠨ ᠭᠡᠮ ᠰᠤᠭᠤᠬ ᠢ ᠡᠷᠡᠰ ᠠᠷᠢᠯᠭᠠᠨ᠂ ᠦᠭᠡᠷᠡᠴᠢᠯᠡᠯᠲᠡ ᠶᠢ ᠡᠷᠡᠰ ᠭᠤᠶᠢᠪᠢᠰᠢ ᠦᠭᠡᠢ ᠪᠠᠷ ᠡᠴᠦᠰ ᠎ ᠲᠤᠨᠢ ᠲᠤᠯᠲᠠᠯ᠎ᠠ ᠬᠢᠬᠦ ᠬᠡᠷᠡᠭᠲᠡᠢ᠃ ᠦᠭᠡᠷᠡᠴᠢᠯᠡᠯᠲᠡ ᠶᠢᠨ ᠰᠡᠳᠬᠢᠬᠦᠢ ᠪᠠ ᠠᠷᠭ᠎ᠠ ᠪᠠᠷ ᠴᠡᠷᠢᠭ ᠪᠤᠯᠪᠠᠰᠤᠷᠠᠭᠤᠯᠤᠨ ᠳᠠᠶᠢᠨ ᠳᠤ ᠪᠡᠯᠡᠳᠬᠡᠬᠦ ᠠᠵᠢᠯ ᠤᠨ ᠳᠤᠮᠳᠠ ᠤᠷᠤᠰᠢᠵᠤ ᠪᠠᠶᠢᠭ᠎ᠠ ᠳᠤᠪᠤᠶᠢᠮ᠎ᠠ ᠠᠰᠠᠭᠤᠳᠠᠯ ᠢ ᠰᠢᠢᠳᠪᠦᠷᠢᠯᠡᠬᠦ ᠶᠢ ᠪᠠᠷᠢᠮᠲᠠᠯᠠᠵᠤ᠂ ᠪᠤᠳᠠᠳᠤ ᠳᠠᠶᠢᠨᠴᠢᠯᠠᠭᠰᠠᠨ ᠴᠡᠷᠢᠭ ᠤᠨ ᠰᠤᠷᠢᠯᠲᠠ ᠶᠢ ᠰᠠᠶᠢᠲᠤᠷ ᠠᠳᠬᠤᠨ ᠮᠠᠨ ᠤ ᠴᠡᠷᠢᠭ ᠤᠨ ᠪᠠᠶᠢᠯᠳᠤᠬᠤ ᠬᠦᠴᠦᠨ ᠢ ᠲᠦᠷᠭᠡᠨ ᠳᠡᠭᠡᠭᠰᠢᠯᠡᠭᠦᠯᠬᠦ ᠬᠡᠷᠡᠭᠲᠡᠢ᠃ ᠪᠦᠬᠦ ᠴᠡᠷᠢᠭ ᠢᠶᠠᠷ ᠢᠶᠠᠨ ᠨᠠᠮ ᠪᠤᠯᠤᠨ ᠲᠦᠷᠦ ᠶᠢᠨ ᠪᠠᠶᠢᠭᠤᠯᠤᠮᠵᠢ ᠶᠢᠨ ᠦᠭᠡᠷᠡᠴᠢᠯᠡᠯᠲᠡ ᠶᠢ ᠭᠦᠨᠵᠡᠭᠡᠶᠢᠷᠡᠭᠦᠯᠬᠦ ᠶᠢ ᠡᠷᠡᠰ ᠬᠦᠷᠢᠶᠡᠯᠡᠨ ᠳᠡᠮᠵᠢᠵᠦ᠂ ᠬᠤᠯᠪᠤᠬᠳᠠᠯ ᠪᠦᠬᠦᠢ ᠲᠠᠯ᠎ᠠ ᠯᠤᠭ᠎ᠠ ᠵᠤᠬᠢᠴᠠᠭᠤᠯᠤᠨ ᠬᠠᠮᠵᠢᠯᠴᠠᠬᠤ ᠪᠠᠨ ᠴᠢᠩᠭᠠᠳᠬᠠᠨ ᠴᠡᠷᠢᠭ ᠠᠩᠬᠢ ᠪᠠ ᠭᠠᠵᠠᠷ ᠤᠷᠤᠨ ᠠᠯᠤᠰᠯᠠᠬᠰᠠᠨ ᠦᠭᠡᠷᠡᠴᠢᠯᠡᠯᠲᠡ ᠶᠢᠨ ᠡᠭᠦᠷᠭᠡ ᠶᠢ ᠬᠠᠮᠲᠤᠪᠡᠷ ᠰᠠᠶᠢᠲᠤᠷ ᠨᠠᠶᠢᠳᠠᠪᠤᠷᠢᠵᠢᠭᠤᠯᠬᠤ ᠬᠡᠷᠡᠭᠲᠡᠢ᠃ ᠴᠡᠷᠢᠭ ᠤᠨ ᠠᠯᠪᠠᠨ ᠠᠴᠠ ᠪᠠᠭᠤᠭᠰᠠᠳ ᠢ ᠬᠠᠮᠢᠶᠠᠷᠤᠨ ᠪᠠᠲᠤᠯᠠᠬᠤ ᠪᠠᠶᠢᠭᠤᠯᠤᠮᠵᠢ ᠶᠢ ᠪᠠᠶᠢᠭᠤᠯᠬᠤ ᠨᠢ ᠴᠡᠷᠢᠭ ᠤᠨ ᠠᠯᠪᠠᠨ ᠠᠴᠠ ᠪᠠᠭᠤᠭᠰᠠᠳ ᠲᠤ ᠨᠡᠩ ᠰᠠᠶᠢᠲᠤᠷ ᠦᠢᠯᠡᠴᠢᠯᠡᠬᠦ᠂ ᠴᠡᠷᠢᠭ ᠢ ᠪᠦᠬᠦ ᠨᠡᠶᠢᠭᠡᠮ ᠢᠶᠠᠷ ᠢᠶᠠᠨ ᠬᠦᠨᠳᠦᠳᠬᠡᠳᠡᠭ ᠠᠵᠢᠯ ᠮᠡᠷᠭᠡᠵᠢᠯ ᠪᠤᠯᠭᠠᠬᠤ ᠳᠤ ᠴᠢᠬᠤᠯᠠ ᠠᠴᠢ ᠬᠤᠯᠪᠤᠬᠳᠠᠯ ᠲᠠᠢ ᠶᠤᠮ᠂ ᠰᠠᠶᠢᠨ ᠶᠠᠪᠤᠳᠠᠯ ᠢ ᠰᠠᠶᠢᠬᠠᠨ ᠪᠦᠭᠡᠳ ᠯᠠᠪᠳᠠᠭᠤᠨ ᠪᠤᠳᠠᠳᠠᠢ ᠬᠢᠬᠦ ᠬᠡᠷᠡᠭᠲᠡᠢ ᠭᠡᠵᠦ ᠵᠢᠭᠠᠵᠤ ᠭᠠᠷᠭᠠᠪᠠ᠃      ᠰᠢ ᠶᠢᠨ ᠫᠢᠩ᠂ ᠬᠠᠤᠯᠢ ᠪᠠᠷ ᠴᠡᠷᠢᠭ ᠢ ᠵᠠᠰᠠᠬᠤ ᠠᠵᠢᠯ ᠤᠨ ᠡᠷᠴᠢᠮ ᠢ ᠴᠢᠩᠭᠠᠷᠠᠭᠤᠯᠤᠨ ᠬᠠᠤᠯᠢᠵᠢᠯ ᠤᠨ ᠢᠳᠡᠬᠡᠯ ᠪᠤᠯᠤᠨ ᠬᠠᠤᠯᠢᠵᠢᠯ ᠤᠨ ᠰᠡᠳᠬᠢᠬᠦᠢ ᠶᠢ ᠴᠢᠩᠭᠠᠳᠬᠠᠵᠤ᠂ ᠳᠤᠮᠳᠠᠳᠤ ᠤᠯᠤᠰ ᠤᠨ ᠤᠨᠴᠠᠯᠢᠬ ᠲᠠᠢ ᠨᠡᠶᠢᠭᠡᠮ ᠵᠢᠷᠤᠮ ᠤᠨ ᠴᠡᠷᠢᠭ ᠤᠨ ᠶᠠᠪᠤᠳᠠᠯ ᠤᠨ ᠬᠠᠤᠯᠢᠵᠢᠯ ᠤᠨ ᠰᠢᠰᠲ᠋ᠧᠮᠵᠢ ᠶᠢ ᠲᠦᠷᠬᠡᠳᠭᠡᠨ ᠪᠠᠶᠢᠭᠤᠯᠵᠤ᠂ ᠴᠡᠷᠢᠭ ᠢ ᠵᠠᠰᠠᠬᠤ ᠠᠷᠭ᠎ᠠ ᠶᠢᠨ ᠦᠨᠳᠤᠰᠤᠨ ᠴᠢᠨᠠᠷᠳᠠᠢ ᠬᠤᠪᠢᠷᠠᠯᠳᠠ ᠶᠢ ᠲᠦᠷᠬᠡᠳᠭᠡᠨ ᠠᠬᠢᠭᠤᠯᠬᠤ ᠭᠡᠷᠡᠭᠳᠠᠢ᠃ ᠪᠦᠬᠦ ᠴᠡᠷᠢᠭ ᠢᠶᠠᠷ ᠢᠶᠠᠨ ᠦᠨᠳᠤᠰᠤᠨ ᠬᠠᠤᠯᠢ ᠶᠢᠨ ᠤᠬᠠᠮᠰᠠᠷ ᠢᠶᠠᠨ ᠲᠡᠭᠡᠭᠰᠢᠯᠡᠬᠦᠯᠵᠤ᠂ ᠦᠨᠳᠤᠰᠤᠨ ᠬᠠᠤᠯᠢ ᠶᠢᠨ ᠵᠤᠷᠢᠬ ᠰᠠᠨᠠᠭ᠎ᠠ ᠶᠢ ᠪᠠᠳᠠᠷᠠᠭᠤᠯᠵᠤ᠂ ᠦᠨᠳᠤᠰᠤᠨ ᠬᠠᠤᠯᠢ ᠶᠢᠨ ᠰᠢᠳᠤᠷᠭᠤ ᠡᠷᠬᠢᠮᠯᠡᠭᠴᠢ᠂ ᠤᠬᠠᠮᠰᠠᠷ ᠠᠴᠠ ᠪᠠᠨ ᠵᠢᠷᠤᠮᠯᠠᠬᠴᠢ ᠪᠤᠯᠤᠨ ᠪᠠᠳᠤ ᠬᠠᠮᠠᠭᠠᠯᠠᠬᠴᠢ ᠪᠤᠯᠬᠤ ᠭᠡᠷᠡᠭᠳᠠᠢ᠃ ᠨᠠᠮ ᠤᠨ ᠰᠠᠬᠢᠯᠭ᠎ᠠ ᠪᠠᠳᠤ ᠪᠠᠶᠢᠴᠠᠭᠠᠬᠤ ᠪᠠᠶᠢᠭᠤᠯᠤᠮᠵᠢ ᠪᠤᠯᠤᠨ ᠤᠯᠤᠰ ᠤᠨ ᠬᠢᠨᠠᠨ ᠪᠠᠶᠢᠴᠠᠭᠠᠬᠤ ᠪᠠᠶᠢᠭᠤᠯᠤᠮᠵᠢ ᠶᠢᠨ ᠦᠬᠡᠷᠡᠴᠢᠯᠠᠯᠳᠠ ᠶᠢᠨ ᠱᠠᠭᠠᠷᠳᠠᠯᠭ᠎ᠠ ᠳᠤ ᠵᠤᠬᠢᠴᠠᠵᠤ᠂ ᠴᠡᠷᠢᠭ ᠠᠩᠬᠢ ᠶᠢᠨ ᠪᠤᠳᠠᠳᠠᠢ ᠲᠠᠢ ᠤᠶᠠᠯᠳᠤᠭᠤᠯᠵᠤ ᠬᠤᠯᠪᠤᠬᠳᠠᠯ ᠪᠦᠬᠦᠢ ᠠᠵᠢᠯ ᠢ ᠰᠠᠶᠢᠲᠤᠷ ᠬᠢᠬᠦ ᠭᠡᠷᠡᠭᠳᠠᠢ᠃ ᠤᠯᠤᠰ ᠤᠨ ᠬᠠᠤᠯᠢ ᠲᠤᠭᠳᠠᠭᠠᠬᠤ ᠠᠵᠢᠯ ᠯᠤᠭ᠎ᠠ ᠵᠤᠯᠭᠠᠭᠤᠯᠬᠤ ᠶᠢ ᠴᠢᠩᠭᠠᠳᠬᠠᠨ ᠳᠠᠶᠢᠨ ᠤ ᠪᠡᠯᠡᠳᠬᠡᠯ ᠤᠨ ᠪᠠᠴᠢᠮ ᠭᠡᠷᠡᠭᠴᠡᠭᠡ᠂ ᠦᠬᠡᠷᠡᠴᠢᠯᠠᠯᠳᠠ ᠶᠢᠨ ᠪᠠᠴᠢᠮ ᠭᠡᠷᠡᠭᠴᠡᠭᠡ᠂ ᠲᠠᠷᠤᠭ᠎ᠠ ᠪᠠᠶᠢᠯᠳᠤᠭᠴᠢ ᠶᠢᠨ ᠲᠤᠯᠭᠠᠮ᠎ᠠ ᠡᠷᠡᠮᠡᠯᠵᠡᠯ ᠢ ᠴᠢᠩᠭᠠᠳᠬᠠᠬᠤ ᠴᠡᠷᠢᠭ ᠤᠨ ᠶᠠᠪᠤᠳᠠᠯ ᠤᠨ ᠬᠠᠤᠯᠢ ᠲᠦᠷᠢᠮ ᠤᠨ ᠪᠠᠶᠢᠭᠤᠯᠤᠯᠲᠠ ᠶᠢ ᠳᠤᠪᠤᠶᠢᠯᠭᠠᠬᠤ ᠭᠡᠷᠡᠭᠳᠠᠢ᠃ ᠴᠢᠩᠭ᠎ᠠ ᠪᠠᠶᠢᠬᠤ ᠶᠢ ᠲᠡᠷᠢᠭᠦᠨ ᠳᠤ ᠲᠠᠯᠪᠢᠬᠤ ᠶᠢ ᠪᠠᠷᠢᠮᠳᠠᠯᠠᠵᠤ᠂ ᠰᠠᠬᠢᠯᠭ᠎ᠠ ᠪᠠᠳᠤ ᠭᠡᠷᠡᠭᠵᠢᠬᠦᠯᠬᠦ ᠪᠠ ᠬᠠᠤᠯᠢ ᠭᠡᠷᠡᠭᠵᠢᠬᠦᠯᠬᠦ ᠳᠤ ᠬᠢᠨᠠᠯᠳᠠ ᠲᠠᠯᠪᠢᠬᠤ ᠪᠠᠨ ᠴᠢᠩᠭᠠᠳᠬᠠᠨ ᠬᠠᠷᠢᠭᠤᠴᠠᠯᠭ᠎ᠠ ᠨᠡᠬᠡᠮᠵᠢᠯᠡᠬᠦ ᠬᠠᠷᠢᠭᠤᠴᠠᠯᠭ᠎ᠠ ᠲᠤᠯᠭᠠᠬᠤ ᠶᠢ ᠴᠢᠩᠭᠠᠳᠬᠠᠵᠤ᠂ ᠬᠠᠤᠯᠢ ᠶᠤᠰᠤᠭᠠᠷ ᠴᠢᠩᠭ᠎ᠠ ᠪᠠᠶᠢᠯᠭᠠᠬᠤ ᠶᠢ ᠤᠯᠤᠰ ᠤᠨ ᠪᠠᠳᠤᠯᠠᠨ ᠬᠠᠮᠠᠭᠠᠯᠠᠯᠳᠠ ᠪᠤᠯᠤᠨ ᠴᠡᠷᠢᠭ ᠠᠩᠬᠢ ᠶᠢᠨ ᠪᠦᠳᠦᠬᠡᠨ ᠪᠠᠶᠢᠭᠤᠯᠤᠯᠲᠠ ᠶᠢᠨ ᠡᠯ᠎ᠠ ᠬᠦᠷᠢᠶᠡᠨ ᠤ ᠪᠦᠬᠦ ᠶᠠᠪᠤᠴᠠ ᠳᠤ ᠲᠤᠤᠱᠯᠠᠭᠤᠯᠬᠤ ᠭᠡᠷᠡᠭᠳᠠᠢ ᠬᠡᠵᠤ ᠴᠢᠬᠤᠯᠠᠴᠢᠯᠠᠪᠠ᠃      ᠰᠢ ᠶᠢᠨ ᠫᠢᠩ᠂ ᠤᠯᠤᠰ ᠤᠨ ᠪᠠᠳᠤᠯᠠᠨ ᠬᠠᠮᠠᠭᠠᠯᠠᠯᠳᠠ ᠪᠤᠯᠤᠨ ᠴᠡᠷᠢᠭ ᠠᠩᠬᠢ ᠶᠢᠨ ᠪᠦᠳᠦᠬᠡᠨ ᠪᠠᠶᠢᠭᠤᠯᠤᠯᠲᠠ ᠪᠤᠯ ᠪᠦᠬᠦ ᠨᠠᠮ ᠪᠦᠬᠦ ᠴᠡᠷᠢᠭ ᠪᠦᠬᠦ ᠤᠯᠤᠰ ᠤᠨ ᠦᠨᠳᠤᠰᠤᠳᠠᠨ ᠨᠦᠭᠦᠳ ᠤᠨ ᠠᠷᠠᠳ ᠲᠦᠮᠡᠨ ᠤ ᠬᠠᠮᠳᠤ ᠶᠢᠨ ᠦᠢᠯᠡᠰ ᠪᠤᠯᠤᠨ᠎ᠠ᠃ ᠲᠦᠪ ᠬᠤᠷᠢᠶ᠎ᠠ ᠪᠤᠯᠤᠨ ᠲᠦᠷᠦ ᠶᠢᠨ ᠪᠠᠶᠢᠭᠤᠯᠭ᠎ᠠ᠂ ᠤᠷᠤᠨ ᠨᠤᠳᠤᠬ ᠤᠨ ᠡᠯ᠎ᠠ ᠱᠠᠳᠤᠨ ᠤ ᠨᠠᠮ ᠤᠨ ᠬᠤᠷᠢᠶ᠎ᠠ ᠪᠤᠯᠤᠨ ᠵᠠᠰᠠᠬ ᠤᠨ ᠤᠷᠳᠤᠨ ᠴᠦᠮ ᠤᠯᠤᠰ ᠤᠨ ᠪᠠᠳᠤᠯᠠᠨ ᠬᠠᠮᠠᠭᠠᠯᠠᠯᠳᠠ ᠪᠤᠯᠤᠨ ᠴᠡᠷᠢᠭ ᠠᠩᠬᠢ ᠶᠢᠨ ᠪᠦᠳᠦᠬᠡᠨ ᠪᠠᠶᠢᠭᠤᠯᠤᠯᠲᠠ ᠶᠢ ᠶᠡᠬᠡᠪᠡᠷ ᠲᠡᠮᠵᠢᠵᠤ᠂ ᠪᠦᠬᠦ ᠴᠡᠷᠢᠭ ᠤᠨ ᠬᠢᠨ ᠤᠷᠤᠨ ᠨᠤᠳᠤᠬ ᠎ ᠤᠨ ᠠᠵᠤ ᠠᠬᠤᠢ ᠨᠡᠶᠢᠭᠡᠮ ᠤᠨ ᠬᠦᠭᠵᠢᠯᠳᠠ ᠶᠢ ᠢᠳᠡᠪᠬᠢᠳᠠᠢ ᠲᠡᠮᠵᠢᠬᠦ ᠭᠡᠷᠡᠭᠳᠠᠢ᠃ ᠴᠡᠷᠢᠭ ᠠᠩᠭᠢ ᠤᠷᠤᠨ ᠨᠤᠳᠤᠬ ᠬᠤᠶᠠᠷ ᠲᠠᠯ᠎ᠠ ᠪᠠᠷ ᠢᠶᠠᠨ ᠴᠡᠷᠢᠭ ᠨᠢ ᠠᠷᠠᠳ ᠢᠶᠠᠨ ᠬᠠᠶᠢᠷᠠᠯᠠᠬᠤ᠂ ᠠᠷᠠᠳ ᠨᠢ ᠴᠡᠷᠢᠭ ᠢᠶᠠᠨ ᠬᠦᠷᠢᠶᠡᠯᠡᠬᠦ ᠦᠩᠬᠡ ᠬᠡᠷᠡᠯᠳᠤ ᠤᠯᠠᠮᠵᠢᠯᠠᠯ ᠢᠶᠠᠨ ᠪᠠᠳᠠᠷᠠᠭᠤᠯᠵᠤ᠂ ᠴᠡᠷᠢᠭ ᠵᠠᠰᠠᠬ ᠠᠷᠠᠳ ᠤᠨ ᠬᠠᠷᠢᠴᠠᠭ᠎ᠠ ᠶᠢ ᠲᠠᠰᠤᠷᠠᠯᠳᠠ ᠦᠬᠡᠢ ᠪᠠᠳᠤᠳᠬᠠᠵᠤ᠂ ︽ᠬᠤᠶᠠᠷ ᠵᠠᠭᠤᠨ ᠵᠢᠯ︾᠎ ᠤᠨ ᠲᠡᠮᠡᠴᠡᠬᠦ ᠬᠠᠷᠠᠯᠳᠠ ᠶᠢ ᠪᠡᠶᠡᠯᠡᠬᠦᠯᠬᠦ᠂ ᠳᠤᠮᠳᠠᠳᠤ ᠶᠢᠨ ᠦᠨᠳᠤᠰᠤᠳᠠᠨ ᠤ ᠠᠭᠤᠤ ᠶᠡᠭᠡ ᠰᠡᠷᠬᠦᠨ ᠮᠠᠨᠳᠤᠯᠳᠠ ᠶᠢᠨ ᠳᠤᠮᠳᠠᠳᠤ ᠶᠢᠨ ᠵᠡᠬᠦᠳᠤ ᠶᠢ ᠲᠡᠷᠬᠡᠯᠰᠢᠬᠦᠯᠬᠦ ᠶᠢᠨ ᠲᠦᠯᠤᠬᠡ ᠬᠠᠮᠳᠤᠪᠡᠷ ᠲᠡᠮᠡᠴᠡᠬᠦ ᠭᠡᠷᠡᠭᠳᠠᠢ ᠭᠡᠵᠤ ᠵᠢᠭᠠᠵᠤ ᠭᠠᠷᠠᠭᠠᠪᠠ᠃      ᠬᠤᠷᠠᠯ ᠠᠴᠠ ᠡᠮᠤᠨ᠎ᠠ᠂ ᠰᠢ ᠶᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠎ ᠤᠨ ᠲᠦᠯᠤᠬᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯ ᠳᠤ ᠤᠷᠤᠯᠴᠠᠵᠤ ᠪᠠᠶᠢᠭ᠎ᠠ ᠴᠢᠯᠤᠬᠡᠯᠡᠬᠦ ᠴᠡᠷᠢᠭ ᠪᠤᠯᠤᠨ ᠵᠡᠪᠰᠡᠭᠳᠤ ᠴᠠᠬᠳᠠᠭ᠎ᠠ ᠶᠢᠨ ᠴᠡᠷᠢᠭ ᠠᠩᠬᠢ ᠶᠢᠨ ᠲᠦᠯᠤᠬᠡᠯᠡᠭᠴᠢᠳ ᠤᠨ ᠪᠦᠯᠬᠦᠮ ᠤᠨ ᠪᠦᠬᠦ ᠲᠦᠯᠤᠬᠡᠯᠡᠭᠴᠢ ᠲᠠᠢ ᠠᠭᠤᠯᠵᠠᠵᠤ᠂ ᠤᠯᠠᠨ ᠲᠠᠢ ᠭᠡᠷᠡᠯ ᠵᠢᠷᠤᠬ ᠲᠠᠳᠠᠭᠤᠯᠵᠤ ᠳᠤᠷᠠᠰᠬᠠᠯ ᠦᠯᠡᠳᠡᠭᠡᠪᠡ᠃      ᠨᠠᠮ ᠤᠨ ᠲᠦᠪ ᠬᠤᠷᠢᠶᠠᠨ ᠤ ᠤᠯᠤᠰ ᠲᠦᠷᠤ ᠶᠢᠨ ᠲᠤᠪᠴᠢᠶᠠᠨ ᠤ ᠬᠡᠰᠢᠬᠦᠨ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠳ᠋ ᠲᠡᠷᠢᠬᠦᠯᠡᠭᠴᠢ ᠰᠢᠤᠢ ᠴᠢ ᠯᠢᠶᠠᠩ ᠬᠤᠷᠠᠯ ᠢ ᠡᠷᠬᠢᠯᠠᠵᠤ᠂ ᠨᠠᠮ ᠤᠨ ᠲᠦᠪ ᠬᠤᠷᠢᠶᠠᠨ ᠤ ᠤᠯᠤᠰ ᠲᠦᠷᠦ ᠶᠢᠨ ᠲᠤᠪᠴᠢᠶᠠᠨ ᠤ ᠬᠡᠰᠢᠬᠦᠨ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠳ᠋ ᠲᠡᠷᠢᠬᠦᠯᠡᠭᠴᠢ ᠵᠠᠩ ᠶᠢᠤ ᠰᠢᠶᠠ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠬᠡᠰᠢᠬᠦᠨ ᠸᠧᠢ ᠹᠧᠩ ᠡᡁᠧ᠂ ᠯᠢ ᠽᠦᠸᠧ ᠴᠧᠩ᠂ ᠮᠢᠶᠤᠤ ᠬᠤᠸᠠ᠂ ᠵᠠᠩ ᠱᠧᠩ ᠮᠢᠨ ᠬᠤᠷᠠᠯ ᠳᠤ ᠤᠷᠤᠯᠴᠠᠪᠠ᠃
 
ᠢᠷᠡᠯᠲᠡ᠄ ᠥᠪᠥᠷ ᠮᠣᠩᠭᠤᠯ ᠤᠨ ᠡᠳᠦᠷ ᠎ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号