内蒙古自治区政府门户网站
 
ᠦᠪᠡᠷᠳᠡᠭᠡᠨ ᠵᠠᠰᠬᠠᠥ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ ᠬᠤᠳᠠᠯᠳᠣᠭᠠᠨ ᠤ ᠶᠠᠪᠤᠳᠡᠯ ᠤᠨ ᠳᠢᠩᠬᠢᠮ ᠠᠷᠡᠳ ᠤᠨ ᠪᠠᠩᠬᠢ ᠶᠢᠨ ᠬᠦᠬᠡᠬᠤᠳᠡ ᠶᠢᠨ ᠲᠥᠪ ᠰᠠᠯᠪᠤᠷᠢ ᠪᠠᠩᠬᠢ ᠭᠠᠳᠠᠭᠠᠳᠣ ᠶᠠᠪᠤᠳᠡᠯ ᠤᠨ ᠠᠯᠪᠠᠨ ᠭᠡᠷ ᠤᠨ ᠮᠠᠨ ᠤ ᠣᠷᠣᠨ ᠤ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠴᠢᠭᠯᠡᠯ ᠢ ᠣᠯᠡᠮ ᠨᠢᠭᠡ ᠠᠯᠬᠤᠮ ᠬᠦᠳᠦᠯᠥᠨ ᠵᠢᠯᠥᠭᠤᠳᠬᠤ ᠪᠠ ᠵᠢᠷᠣᠮᠵᠢᠭᠤᠯᠬᠤ ᠶᠢᠨ ᠭᠡᠷᠡᠭᠵᠢᠬᠦᠯᠬᠦ ᠰᠠᠨᠠᠯ ᠢ ᠣᠯᠠᠮᠵᠢᠯᠠᠨ ᠶᠠᠪᠤᠭᠤᠯᠬᠤ ᠲᠣᠬᠠᠢ ᠦᠪᠣᠷ ᠮᠤᠩᠭᠤᠯ ᠤᠨ ᠦᠪᠡᠷᠳᠡᠭᠡᠨ ᠵᠠᠰᠬᠠᠥ ᠣᠷᠣᠨ ᠤ ᠠᠷᠡᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2018-05-31
                   ᠦᠪᠣᠷ ᠵᠠᠰᠠᠭ ᠠᠯᠪᠠᠨ ᠲᠠᠷᠬᠠᠭᠠᠭᠰᠠᠨ ﹇2018﹈ 8 ᠳ᠋ᠤᠭᠠᠷ ᠲᠤᠭᠠᠳᠤ                              2018 ᠣᠨ ᠤ 1 ᠳ᠋ᠣᠭᠡᠷ ᠰᠡᠷ᠎ᠠ ᠶᠢᠨ 13᠎ ᠤ ᠡᠳᠣᠷ ᠡᠯ᠎ᠡ ᠠᠶᠢᠮᠠᠭ ᠤᠨ ᠵᠠᠬᠢᠷᠭ᠎ᠠ᠂ ᠬᠤᠳᠡ ᠶᠢᠨ ᠠᠷᠡᠳ ᠤᠨ ᠵᠠᠰᠠᠭ ᠤᠨ ᠣᠷᠳᠣᠨ᠂ ᠦᠪᠡᠷᠳᠡᠭᠡᠨ ᠵᠠᠰᠬᠠᠥ ᠣᠷᠣᠨ ᠤ ᠡᠯ᠎ᠡ ᠵᠦᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠥ ᠠᠵᠦ ᠠᠬᠤᠶᠢᠯᠠᠯ᠂ ᠠᠵᠢᠯ ᠦᠢᠯᠡᠰ ᠤᠨ ᠨᠢᠭᠡᠴᠡ ᠳᠤ᠄      ᠦᠪᠡᠷᠳᠡᠭᠡᠨ ᠵᠠᠰᠬᠠᠥ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ ᠬᠤᠳᠠᠯᠳᠣᠭᠠᠨ ᠤ ᠶᠠᠪᠤᠳᠡᠯ ᠤᠨ ᠳᠢᠩᠬᠢᠮ ᠠᠷᠡᠳ ᠤᠨ ᠪᠠᠩᠬᠢ ᠶᠢᠨ ᠬᠦᠬᠡᠬᠤᠳᠡ ᠶᠢᠨ ᠲᠥᠪ ᠰᠠᠯᠪᠤᠷᠢ ᠪᠠᠩᠬᠢ᠂ ᠭᠠᠳᠠᠭᠠᠳᠣ ᠶᠠᠪᠤᠳᠡᠯ ᠤᠨ ᠠᠯᠪᠠᠨ ᠭᠡᠷ ᠤᠨ ︽ᠮᠠᠨ ᠤ ᠣᠷᠣᠨ ᠤ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠴᠢᠭᠯᠡᠯ ᠢ ᠣᠯᠡᠮ ᠨᠢᠭᠡ ᠠᠯᠬᠤᠮ ᠬᠦᠳᠦᠯᠥᠨ ᠵᠢᠯᠥᠭᠤᠳᠬᠤ ᠪᠠ ᠵᠢᠷᠣᠮᠵᠢᠭᠤᠯᠬᠤ ᠲᠤᠬᠠᠢ ᠭᠡᠷᠡᠭᠵᠢᠬᠦᠯᠬᠦ ᠰᠠᠨᠠᠯ︾᠎ ᠢ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠢᠶᠠᠷ ᠵᠦᠪᠰᠢᠶᠡᠷᠡᠬᠦᠯᠥᠭᠡᠳ᠂ ᠡᠳᠦᠬᠡ ᠳᠡᠨᠡᠷ ᠲᠤ ᠣᠯᠠᠮᠵᠢᠯᠠᠨ ᠶᠠᠪᠤᠭᠤᠯᠥᠯ᠎ᠠ᠂ ᠬᠢᠨᠠᠮᠠᠭᠠᠢ ᠳᠤᠤᠱᠯᠠᠭᠤᠯᠤᠨ ᠬᠡᠷᠡᠭᠵᠢᠬᠦᠯᠳᠦᠬᠡᠢ᠃          ᠮᠠᠨ ᠤ ᠣᠷᠣᠨ ᠤ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ          ᠣᠷᠣᠭᠤᠯᠬᠤ ᠴᠢᠭᠯᠡᠯ ᠢ ᠣᠯᠡᠮ ᠨᠢᠭᠡ ᠠᠯᠬᠤᠮ ᠬᠦᠳᠦᠯᠥᠨ          ᠵᠢᠯᠥᠭᠤᠳᠬᠤ ᠪᠠ ᠵᠢᠷᠣᠮᠵᠢᠭᠤᠯᠬᠤ ᠲᠤᠬᠠᠢ ᠭᠡᠷᠡᠭᠵᠢᠬᠦᠯᠬᠦ ᠰᠠᠨᠠᠯ          ᠦᠪᠡᠷᠳᠡᠭᠡᠨ ᠵᠠᠰᠬᠠᠥ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠥᠪᠯᠡᠯ ᠬᠤᠳᠠᠯᠳᠤᠭᠠᠨ ᠤ ᠶᠠᠪᠤᠳᠡᠯ ᠤᠨ ᠳᠢᠩᠬᠢᠮ   ᠠᠷᠡᠳ ᠤᠨ ᠪᠠᠩᠬᠢ ᠶᠢᠨ ᠬᠦᠬᠡᠬᠤᠳᠡ ᠶᠢᠨ ᠲᠥᠪ ᠰᠠᠯᠪᠤᠷᠢ ᠪᠠᠩᠬᠢ     ᠭᠠᠳᠠᠭᠠᠳᠣ ᠶᠠᠪᠤᠳᠡᠯ ᠤᠨ ᠠᠯᠪᠠᠨ ᠭᠡᠷ      ︽ᠣᠯᠥᠰ ᠤᠨ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ    ᠬᠤᠳᠠᠯᠳᠣᠭᠠᠨ ᠤ ᠶᠠᠪᠤᠳᠡᠯ ᠤᠨ ᠳᠢᠩᠬᠢᠮ   ᠠᠷᠡᠳ ᠤᠨ ᠪᠠᠩᠬᠢ   ᠭᠠᠳᠠᠭᠠᠳᠣ ᠶᠠᠪᠤᠳᠡᠯ ᠤᠨ ᠠᠯᠪᠠᠨ ᠭᠡᠷ ᠤᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠴᠢᠭᠯᠡᠯ ᠢ ᠣᠯᠡᠮ ᠨᠢᠭᠡ ᠠᠯᠬᠤᠮ ᠬᠦᠳᠥᠯᠥᠨ ᠵᠢᠯᠥᠭᠤᠳᠬᠤ ᠪᠠ ᠵᠢᠷᠣᠮᠵᠢᠭᠤᠯᠬᠤ ᠶᠢᠨ ᠵᠢᠯᠥᠭᠤᠳᠬᠤ ᠰᠠᠨᠠᠯ ᠢ ᠣᠯᠡᠯᠮᠵᠢᠯᠠᠨ ᠶᠠᠪᠤᠭᠤᠯᠬᠤ ᠲᠣᠬᠠᠢ ᠳᠥᠷᠥ ᠶᠢᠨ ᠶᠠᠪᠤᠳᠡᠯ ᠤᠨ ᠬᠤᠷᠢᠶ᠎ᠠ ᠶᠢᠨ ᠠᠯᠪᠠᠨ ᠳᠢᠩᠬᠢᠮ ᠤᠨ ᠮᠠᠳᠡᠭᠳᠡᠯ︾ ︵ᠳᠥᠷᠥ ᠠᠯᠪᠠᠨ ᠲᠠᠷᠬᠠᠭᠠᠠᠠᠰᠠᠨ ﹇2017﹈ 74 ᠳ᠋ᠣᠭᠡᠷ ᠲᠣᠭᠠᠳᠣ︶᠎ ᠤᠨ ᠵᠤᠷᠢᠭ ᠰᠠᠨᠠᠭ᠎ᠠ ᠶᠢ ᠲᠣᠣᠱᠯᠠᠭᠤᠯᠥᠨ ᠨᠠᠶᠢᠳᠡᠪᠦᠷᠢᠵᠢᠭᠤᠯᠵᠦ᠂ ᠮᠠᠨ ᠤ ᠣᠷᠣᠨ ᠤ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢ ᠦᠷᠬᠦᠯᠵᠢᠯᠡᠨ ᠵᠦᠢ ᠵᠤᠬᠢᠰᠳᠡᠢ ᠡᠮᠬᠢ ᠵᠢᠷᠣᠮ ᠲᠠᠢ ᠡᠷᠡᠬᠦᠯ ᠢᠶᠠᠷ ᠬᠦᠭᠵᠢᠬᠦᠯᠬᠦ ᠶᠢ ᠠᠬᠢᠭᠤᠯᠥᠨ᠂ ᠭᠠᠳᠠᠭᠠᠳᠣ ᠳᠤ ᠪᠡᠯᠡ ᠣᠷᠣᠭᠤᠯᠬᠤ ᠶᠢᠨ ᠲᠦᠭᠰᠢᠭᠦᠷᠢ ᠶᠢ ᠪᠦᠳᠦᠮᠵᠢᠳᠡᠢ ᠰᠡᠷᠭᠡᠶᠢᠯᠡᠵᠦ᠂ ︽ᠨᠢᠭᠡ ᠪᠦᠰᠡ ᠨᠢᠭᠡ ᠵᠠᠮ︾ ᠪᠤᠯᠥᠨ ︽ᠲᠣᠮᠳᠠᠳᠣ ᠮᠣᠩᠭᠤᠯ ᠣᠷᠣᠰ ᠤᠨ ᠠᠵᠦ ᠠᠬᠤᠢ ᠶᠢᠨ ᠬᠤᠩᠬᠢᠯ︾᠎ ᠤᠨ ᠪᠦᠳᠦᠭᠡᠨ ᠪᠠᠶᠢᠭᠤᠯᠥᠯᠳᠡ ᠶᠢ ᠨᠡᠩ ᠰᠠᠶᠢᠨ ᠠᠬᠢᠭᠤᠯᠥᠨ᠂ ᠣᠯᠡᠨ ᠣᠯᠥᠰ ᠤᠨ ᠦᠢᠯᠡᠳᠪᠦᠷᠢᠯᠡᠯ ᠤᠨ ᠴᠢᠳᠡᠪᠦᠷᠢ ᠶᠢᠨ ᠬᠠᠮᠳᠣᠷᠡᠯᠴᠠᠭ᠎ᠠ ᠶᠢᠨ ᠬᠢᠷᠢ ᠭᠡᠮᠵᠢᠶ᠎ᠠ ᠶᠢ ᠳᠡᠭᠡᠭᠰᠢᠯᠡᠬᠦᠯᠬᠦ ᠶᠢᠨ ᠲᠣᠰᠡᠳᠡ᠂ ᠦᠪᠡᠷᠳᠡᠭᠡᠨ ᠵᠠᠰᠠᠬᠤ ᠣᠷᠣᠨ ᠤ ᠪᠤᠳᠡᠳᠡᠢ ᠲᠠᠢ ᠣᠶᠠᠯᠳᠣᠭᠤᠯᠥᠨ᠂ ᠲᠣᠰ ᠰᠠᠨᠠᠯ ᠢ ᠲᠣᠠᠠᠳᠠᠪᠠ᠃      ᠨᠢᠭᠡ᠂ ᠶᠡᠷᠦᠩᠭᠡᠢ ᠱᠠᠭᠠᠷᠳᠡᠯᠭ᠎ᠠ      ᠨᠠᠮ ᠤᠨ ᠠᠷᠪᠠ ᠶᠢᠰᠣᠳᠣᠭᠡᠷ ᠶᠡᠭᠡ ᠬᠤᠷᠡᠯ ᠤᠨ ᠵᠣᠷᠢᠭ ᠰᠠᠨᠠᠭ᠎ᠠ ᠶᠢ ᠪᠦᠬᠦ ᠳᠡᠯ᠎ᠠ ᠪᠠᠷ ᠲᠣᠣᠱᠯᠠᠭᠤᠯᠵᠦ᠂ ᠰᠢ ᠶᠢᠨ ᠫᠢᠡᠭ ᠤᠨ ᠰᠢᠨ᠎ᠡ ᠴᠠᠭ ᠦᠶ᠎ᠠ ᠶᠢᠨ ᠲᠣᠮᠳᠠᠳᠣ ᠣᠯᠥᠰ ᠤᠨ ᠣᠨᠴᠠᠯᠢᠭ ᠪᠦᠬᠦᠢ ᠨᠡᠶᠢᠭᠡᠮ ᠵᠢᠷᠣᠮ ᠤᠨ ᠦᠵᠡᠯ ᠰᠠᠨᠠᠭ᠎ᠠ ᠶᠢ ᠬᠦᠨᠵᠡᠭᠡᠢ ᠲᠣᠣᠱᠯᠠᠭᠤᠯᠥᠨ᠂ ᠣᠯᠥᠰ ᠤᠨ ︽ᠨᠢᠭᠡ ᠪᠦᠰᠡ ᠨᠢᠭᠡ ᠵᠠᠮ︾᠎ ᠤᠨ ᠪᠦᠳᠦᠭᠡᠨ ᠪᠠᠶᠢᠭᠤᠯᠥᠯᠳᠡ ᠳᠤ ᠢᠳᠡᠪᠬᠢᠳᠡᠢ ᠪᠠᠷ ᠠᠭᠤᠰᠣᠯᠴᠠᠵᠦ᠂ ᠣᠮᠡᠷᠡᠰᠢ ᠨᠡᠭᠡᠭᠡᠯᠳᠡ ᠬᠢᠬᠦ ᠴᠢᠬᠤᠯᠡ ᠴᠣᠩᠬᠤᠪᠴᠢ ᠶᠢ ᠡᠭᠦᠳᠦᠨ ᠪᠠᠶᠢᠭᠤᠯᠵᠤ᠂ ᠣᠯᠡᠨ ᠣᠯᠥᠰ ᠤᠨ ᠪᠠ ᠣᠯᠥᠰ ᠤᠨ ᠲᠣᠳᠣᠭᠠᠳᠣ ᠶᠢᠨ ᠰᠢᠨ᠎ᠡ ᠪᠠᠶᠢᠳᠡᠯ ᠳᠤ ᠵᠤᠬᠢᠴᠠᠭᠤᠯᠥᠨ᠂ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢᠨ ᠬᠤᠷᠸ᠎ᠠ ᠵᠢᠯᠥᠭᠤᠳᠣᠯᠭ᠎ᠠ ᠶᠢ ᠴᠢᠩᠭᠠᠳᠬᠠᠵᠦ᠂ ᠠᠵᠦ ᠠᠬᠤᠶᠢᠯᠠᠯ ᠤᠨ ᠭᠤᠤᠯ ᠴᠣᠠᠠᠴᠠ᠂ ᠵᠠᠬ᠎ᠠ ᠳᠡᠯᠭᠡᠬᠦᠷ ᠤᠨ ᠣᠳᠣᠷᠢᠮᠳᠣᠵᠢ ᠶᠢ ᠪᠡᠷᠢᠮᠳᠡᠯᠡᠨ᠂ ᠬᠤᠳᠠᠯᠳᠣᠭᠠᠨ ᠤ ᠵᠠᠷᠴᠢᠮ ᠪᠠ ᠣᠯᠡᠨ ᠣᠯᠥᠰ ᠤᠨ ᠵᠤᠷᠰᠢᠯ ᠶᠣᠰᠣᠭᠠᠷ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢ ᠦᠷᠨᠢᠬᠦᠯᠥᠨ᠎ᠠ︔ ᠵᠠᠰᠠᠭ ᠢ ᠴᠣᠮᠬᠠᠳᠬᠠᠨ ᠡᠷᠬᠡ ᠶᠢ ᠲᠣᠷᠣᠠᠠᠰᠢ ᠪᠠᠭᠤᠯᠭᠠᠬᠤ᠂ ᠦᠢᠯᠡᠴᠢᠯᠡᠭᠡᠨ ᠢ ᠰᠢᠯᠢᠳᠡᠭᠵᠢᠬᠦᠯᠬᠦ ᠶᠢ ᠪᠡᠷᠢᠮᠳᠡᠯᠡᠵᠦ᠂ ᠪᠦᠷᠢᠳᠭᠡᠨ ᠳᠡᠩᠰᠡᠯᠡᠭᠤᠯᠬᠤ ᠪᠠᠷ ᠭᠤᠤᠯ ᠪᠤᠯᠭᠠᠠᠠᠰᠠᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢᠨ ᠬᠠᠮᠢᠶᠡᠷᠦᠯᠳᠡ ᠶᠢᠨ ᠠᠷᠭ᠎ᠠ ᠮᠠᠶ᠋ᠢᠭ ᠢ ᠭᠡᠷᠡᠭᠵᠢᠬᠦᠯᠦᠨ᠎ᠡ︔ ᠬᠠᠷᠢᠯᠴᠠᠨ ᠠᠰᠢᠭ ᠣᠯᠭᠤᠵᠦ ᠬᠠᠷᠢᠯᠴᠠᠨ ᠣᠯᠵᠠᠪᠦᠷᠢ ᠬᠦᠷᠳᠡᠭᠡᠬᠦ᠂ ᠳᠥᠭᠰᠢᠬᠦᠷᠢ ᠶᠢ ᠰᠠᠷᠭᠡᠶᠢᠯᠡᠬᠦ ᠶᠢ ᠪᠡᠷᠢᠮᠳᠡᠯᠡᠨ᠂ ᠬᠠᠦᠯᠢ ᠲᠣᠠᠠᠳᠠᠭᠠᠯ ᠶᠣᠰᠣᠭᠠᠷ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢᠨ ᠭᠡᠷᠩ ᠤᠨ ᠡᠮᠤᠨᠡᠬᠢ᠂ ᠲᠣᠮᠳᠡᠬᠢ᠂ ᠬᠤᠶᠢᠨᠡᠬᠢ ᠬᠢᠨᠡᠯᠳᠡ ᠬᠠᠮᠢᠶᠡᠷᠥᠯᠳᠡ ᠶᠢ ᠰᠠᠶᠢᠳᠣᠷ ᠬᠢᠵᠦ᠂ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠴᠢᠭᠯᠡᠯ ᠢ ᠲᠣᠳᠣᠷᠬᠠᠶᠢᠯᠡᠨ᠂ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢᠨ ᠳᠥᠭᠰᠢᠬᠦᠷᠢ ᠶᠢ ᠰᠡᠷᠭᠡᠶᠢᠯᠡᠵᠦ᠂ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢᠨ ᠦᠷᠬᠦᠯᠵᠢᠯᠡᠨ ᠡᠷᠡᠬᠦᠯ ᠢᠶᠠᠷ ᠬᠦᠭᠵᠢᠬᠦ ᠶᠢ ᠠᠬᠢᠭᠤᠯᠥᠨ᠎ᠠ᠃      ᠬᠤᠶᠠᠷ᠂ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢ ᠬᠦᠳᠥᠯᠥᠨ ᠵᠢᠯᠥᠭᠤᠳᠬᠤ ᠪᠠ ᠵᠢᠷᠣᠮᠵᠢᠭᠤᠯᠥᠨ᠎ᠠ      ︵ᠨᠢᠭᠡ︶ ᠳᠡᠪᠡᠭᠤᠯᠢᠭ ᠦᠢᠯᠡᠳᠪᠦᠷᠢᠯᠡᠯ ᠤᠨ ᠴᠢᠳᠡᠪᠦᠷᠢ ᠪᠠ ᠳᠡᠭᠡᠳᠦ ᠰᠢᠨ᠎ᠡ ᠮᠡᠷᠭᠡᠵᠢᠯ ᠤᠨ ᠬᠦᠷᠢᠶ᠎ᠡ ᠴᠡᠷᠠᠭ᠎ᠠ ᠶᠢᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢ ᠵᠣᠷᠢᠠᠠᠵᠢᠭᠤᠯᠥᠨ᠎ᠠ᠃ ᠣᠷᠣᠨ ᠤ ᠳᠣᠳᠣᠷᠡᠬᠢ ᠴᠢᠳᠡᠪᠦᠷᠢ ᠲᠠᠢ᠂ ᠨᠦᠬᠦᠴᠡᠯ ᠲᠠᠢ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠠᠵᠢᠯᠯᠠᠭ᠎ᠠ ᠶᠢ ᠢᠳᠡᠪᠬᠢᠳᠡᠢ ᠪᠦᠭᠡᠳ ᠯᠠᠪᠳᠠᠭᠤᠨ ᠢᠶᠠᠷ ᠦᠷᠨᠢᠬᠦᠯᠬᠦ ᠶᠢ ᠳᠡᠮᠵᠢᠵᠦ᠂ ︽ᠨᠢᠭᠡ ᠪᠦᠰᠡ ᠨᠢᠭᠡ ᠵᠠᠮ︾ ᠪᠤᠯᠥᠨ ︽ᠲᠣᠮᠳᠠᠳᠣ ᠮᠣᠩᠭᠤᠯ ᠣᠷᠣᠰ ᠤᠨ ᠠᠵᠦ ᠠᠬᠤᠢ ᠶᠢᠨ ᠬᠤᠩᠬᠢᠯ︾᠎ ᠤᠨ ᠪᠦᠳᠦᠭᠡᠨ ᠪᠠᠶᠢᠭᠤᠯᠥᠯᠳᠡ ᠶᠢ ᠠᠬᠢᠭᠤᠯᠥᠨ᠂ ᠤᠯᠠᠨ ᠤᠯᠤᠰ ᠤᠨ ᠦᠢᠯᠡᠳᠪᠦᠷᠢᠯᠡᠯ ᠤᠨ ᠴᠢᠳᠠᠪᠤᠷᠢ ᠶᠢᠨ ᠬᠠᠮᠳᠤᠷᠠᠯᠴᠠᠭ᠎ᠠ ᠶᠢ ᠭᠦᠨᠵᠡᠭᠡᠶᠢᠷᠡᠭᠦᠯᠵᠦ᠂ ᠮᠠᠨ ᠤ ᠣᠷᠣᠨ ᠤ ᠳᠡᠪᠡᠭᠤᠯᠢᠭ ᠦᠢᠯᠡᠳᠪᠦᠷᠢᠯᠡᠯ ᠤᠨ ᠴᠢᠳᠡᠪᠦᠷᠢ᠂ ᠴᠢᠨᠡᠷ ᠰᠠᠶᠢᠳᠡᠢ ᠲᠤᠨᠤᠭ ᠳᠥᠬᠦᠭᠡᠷᠦᠮᠵᠢ᠂ ᠭᠡᠷᠡᠭᠯᠡᠭᠡᠨ ᠤ ᠮᠡᠷᠭᠡᠵᠢᠯ ᠢ ᠭᠠᠳ᠋ᠬᠠᠰᠢ ᠭᠠᠷᠭᠠᠬᠤ ᠶᠢ ᠳᠡᠶᠢᠴᠢᠯᠡᠵᠦ᠂ ᠮᠠᠨ ᠤ ᠣᠷᠣᠨ ᠤ ᠮᠡᠷᠭᠡᠵᠢᠯ ᠤᠨ ᠰᠣᠳᠣᠯᠭᠠᠨ ᠪᠠ ᠦᠢᠯᠡᠳᠪᠦᠷᠢᠯᠡᠵᠦ ᠦᠢᠯᠡᠳᠬᠦ ᠴᠢᠳᠡᠪᠦᠷᠢ ᠶᠢ ᠳᠡᠭᠡᠭᠰᠢᠯᠡᠬᠦᠯᠥᠨ᠂ ᠮᠠᠨ ᠤ ᠣᠷᠣᠨ ᠤ ᠬᠠᠮᠢᠶ᠎ᠠ ᠪᠦᠬᠦᠢ ᠠᠵᠦ ᠦᠢᠯᠡᠰ ᠤᠨ ᠶᠠᠰᠣ ᠴᠢᠨᠡᠷ ᠢ ᠳᠡᠭᠡᠭᠰᠢᠯᠡᠬᠦᠯᠵᠦ ᠳᠠᠰ ᠳᠡᠪᠰᠢᠬᠦᠯᠬᠦ ᠶᠢ ᠠᠬᠢᠭᠤᠯᠥᠨ᠎ᠠ᠃      1. ︽ᠨᠢᠭᠡ ᠪᠦᠰᠡ ᠨᠢᠭᠡ ᠵᠠᠮ︾᠂ ︽ᠲᠣᠮᠳᠠᠳᠣ ᠮᠣᠩᠭᠤᠯ ᠣᠷᠣᠰ ᠤᠨ ᠠᠵᠦ ᠠᠬᠤᠢ ᠶᠢᠨ ᠬᠤᠩᠬᠢᠯ︾᠎ ᠤᠨ ᠪᠦᠳᠦᠭᠡᠨ ᠪᠠᠶᠢᠭᠤᠯᠥᠯᠳᠡ ᠪᠤᠯᠥᠨ ᠡᠷᠭᠢᠨ ᠲᠤᠭᠤᠷᠢᠨ ᠤ ᠰᠠᠭᠤᠷᠢ ᠪᠡᠯᠡᠳᠭᠡᠮᠵᠢ ᠶᠢᠨ ᠬᠠᠷᠢᠯᠴᠠᠨ ᠬᠤᠯᠪᠤᠭᠠᠯᠠᠵᠦ ᠬᠠᠷᠢᠯᠴᠠᠨ ᠨᠡᠪᠳᠡᠷᠡᠯᠴᠡᠬᠦ ᠳᠤ ᠠᠰᠢᠠᠠᠳᠡᠢ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢ ᠭᠤᠤᠯᠳᠡᠯᠭ᠎ᠠ ᠲᠠᠢ ᠪᠠᠷ ᠠᠬᠢᠭᠤᠯᠥᠨ᠎ᠠ᠃      2. ᠪᠤᠯᠥᠳ ᠳᠡᠮᠥᠷ᠂ ᠦᠩᠭᠡᠳᠦ ᠳᠡᠮᠦᠷᠯᠢᠭ᠂ ᠪᠡᠷᠢᠯᠭ᠎ᠠ ᠶᠢᠨ ᠮᠠᠲ᠋ᠧᠷᠢᠶᠡᠯ᠂ ᠴᠠᠬᠢᠯᠭᠠᠨ ᠬᠦᠴᠣᠨ᠂ ᠬᠢᠮᠢ ᠶᠢᠨ ᠠᠵᠦ ᠦᠢᠯᠡᠳᠪᠦᠷᠢ᠂ ᠬᠦᠩᠬᠡᠨ ᠠᠵᠦ ᠦᠢᠯᠡᠳᠪᠦᠷᠢ ᠨᠡᠭᠡᠮᠡᠯ ᠤᠨ ᠠᠵᠦ ᠦᠢᠯᠡᠳᠪᠦᠷᠢ᠂ ᠮᠣᠩᠭᠤᠯ ᠡᠮ ᠡᠮᠨᠡᠯᠬᠡ ᠵᠡᠷᠭᠡ ᠳᠡᠪᠡᠭᠤᠯᠢᠭ ᠦᠢᠯᠡᠳᠪᠦᠷᠢᠯᠡᠯ ᠤᠨ ᠴᠢᠳᠡᠪᠦᠷᠢ᠂ ᠴᠢᠨᠡᠷ ᠰᠠᠶᠢᠳᠡᠢ ᠲᠤᠨᠤᠭ ᠳᠥᠬᠦᠭᠡᠷᠦᠮᠵᠢ ᠪᠠ ᠮᠡᠷᠭᠡᠵᠢᠯ ᠤᠨ ᠪᠡᠷᠢᠮᠵᠢᠶ᠎ᠠ ᠶᠢ ᠭᠠᠳ᠋ᠬᠠᠰᠢ ᠭᠠᠷᠭᠠᠬᠰᠠᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢ ᠯᠠᠪᠳᠠᠭᠤᠨ ᠢᠶᠠᠷ ᠦᠷᠨᠢᠬᠦᠯᠦᠨ᠎ᠠ᠃      3. ᠨᠦᠬᠦᠴᠡᠯ ᠲᠠᠢ ᠠᠵᠦ ᠠᠬᠤᠶᠢᠯᠠᠯ ᠤᠨ ᠬᠢᠯᠢ ᠠᠯᠥᠰᠯᠬᠠᠰᠠᠨ ᠬᠠᠮᠳᠣᠷᠡᠯᠴᠠᠭ᠎ᠠ ᠶᠢᠨ ᠣᠷᠣᠨ ᠪᠠ ᠬᠢᠯᠢ ᠶᠢᠨ ᠭᠠᠳᠠᠨᠠᠬᠢ ᠠᠵᠦ ᠦᠢᠯᠡᠰ ᠤᠨ ᠬᠦᠷᠢᠶᠡᠯᠡᠩ ᠲᠤᠭᠤᠷᠢᠭ ᠤᠨ ᠪᠦᠳᠦᠭᠡᠨ ᠪᠠᠶᠢᠭᠤᠯᠥᠯᠳᠡ ᠳᠤ ᠯᠠᠪᠳᠠᠭᠤᠨ ᠡᠮᠬᠢ ᠵᠢᠷᠣᠮ ᠲᠠᠢ ᠣᠷᠣᠯᠴᠠᠬᠤ ᠶᠢ ᠳᠡᠮᠵᠢᠨ᠎ᠠ᠃      4. ᠬᠢᠯᠢ ᠶᠢᠨ ᠭᠠᠳᠠᠨᠠᠬᠢ ᠳᠡᠭᠡᠳᠦ ᠰᠢᠨ᠎ᠡ ᠮᠡᠷᠭᠡᠵᠢᠯ ᠪᠤᠯᠥᠨ ᠳᠡᠷᠢᠬᠦᠨ ᠤ ᠦᠢᠯᠡᠳᠬᠦ ᠦᠢᠯᠡᠰ ᠤᠨ ᠠᠵᠦ ᠠᠬᠤᠶᠢᠯᠠᠯ ᠤᠨ ᠪᠡᠯᠡ ᠣᠷᠣᠭᠤᠯᠥᠯᠳᠡ ᠶᠢᠨ ᠬᠠᠮᠳᠣᠷᠡᠯᠴᠠᠭ᠎ᠠ ᠶᠢ ᠴᠢᠩᠭᠠᠳᠬᠠᠵᠦ᠂ ᠬᠢᠯᠢ ᠶᠢᠨ ᠭᠠᠳᠠᠨ᠎ᠠ ᠰᠣᠳᠣᠯᠭᠠᠨ ᠤ ᠲᠥᠪ ᠪᠠᠶᠢᠭᠤᠯᠬᠤ ᠶᠢ ᠵᠣᠷᠢᠠᠠᠵᠢᠭᠤᠯᠥᠨ᠎ᠠ᠃      5. ᠠᠵᠦ ᠠᠬᠤᠢ ᠶᠢᠨ ᠦᠷ᠎ᠠ ᠠᠰᠢᠭ ᠢ ᠬᠢᠨᠠᠭᠤᠷ ᠪᠤᠯᠭᠤᠮᠵᠢᠳᠡᠢ ᠦᠨᠡᠯᠡᠨ ᠵᠢᠱᠢᠭᠰᠡᠨ ᠰᠠᠭᠤᠷᠢᠨ ᠳᠡᠭᠡᠷ᠎ᠠ ᠬᠢᠯᠢ ᠶᠢᠨ ᠭᠠᠳᠠᠨᠠᠬᠢ ᠴᠢᠯᠠᠭᠤᠨ ᠲᠣᠰᠣ ᠰᠢᠳᠠᠮᠠᠬᠠᠢ ᠬᠡᠢ᠂ ᠠᠭᠤᠷᠬᠠᠢ ᠶᠢᠨ ᠭᠠᠷᠣᠯᠳᠡ ᠵᠡᠷᠭᠡ ᠡᠨᠧᠷᠬᠢ ᠶᠢᠨ ᠡᠬᠢ ᠪᠠᠶᠠᠯᠢᠭ ᠤᠨ ᠬᠠᠶᠢᠨ ᠰᠢᠨᠵᠢᠯᠳᠡ ᠪᠠ ᠨᠡᠭᠡᠭᠡᠨ ᠠᠰᠢᠠᠠᠯᠠᠬᠤ ᠳᠤ ᠯᠠᠪᠳᠠᠭᠤᠨ ᠢᠶᠠᠷ ᠣᠷᠣᠯᠴᠠᠨ᠎ᠠ᠃      6. ᠳᠡᠷᠢᠶᠡᠯᠡᠩ ᠤᠨ ᠭᠠᠳᠠᠭᠠᠳᠣ ᠯᠤᠭ᠎ᠠ ᠶᠢᠨ ᠬᠠᠮᠳᠣᠷᠡᠯᠴᠠᠭ᠎ᠠ ᠶᠢ ᠬᠦᠴᠣᠯᠡᠨ ᠦᠷᠭᠡᠳᠭᠡᠵᠦ᠂ ᠳᠡᠷᠢᠶᠡᠯᠡᠩ ᠣᠢ ᠰᠢᠭᠤᠢ ᠮᠠᠯ ᠠᠵᠦ ᠠᠬᠤᠢ ᠲᠣᠰᠠᠯᠠᠬᠤ ᠠᠵᠦ ᠠᠬᠤᠢ ᠵᠢᠭᠠᠰᠣᠨ ᠤ ᠦᠢᠯᠡᠰ ᠵᠡᠷᠭᠡ ᠬᠦᠷᠢᠶ᠎ᠡ ᠴᠡᠷᠠᠭ᠎ᠠ ᠶᠢᠨ ᠬᠠᠷᠢᠯᠴᠠᠨ ᠠᠰᠢᠭ ᠣᠯᠭᠤᠵᠦ ᠬᠠᠷᠢᠯᠴᠠᠨ ᠣᠯᠵᠠᠪᠦᠷᠢ ᠬᠦᠷᠲᠡᠭᠡᠬᠦ ᠪᠡᠯᠡ ᠣᠷᠣᠭᠤᠯᠥᠯᠳᠡ ᠶᠢᠨ ᠬᠠᠮᠳᠣᠷᠡᠯᠴᠠᠭ᠎ᠠ ᠶᠢ ᠦᠷᠨᠢᠬᠦᠯᠦᠨ᠎ᠠ᠃ ᠮᠠᠨ ᠤ ᠣᠷᠣᠨ ᠤ ᠠᠵᠦ ᠠᠬᠤᠶᠢᠯᠠᠯ ᠤᠨ ᠳᠡᠷᠢᠶᠡᠯᠡᠩ ᠮᠠᠯ ᠠᠵᠦ ᠠᠬᠤᠢ ᠶᠢᠨ ᠡᠬᠢ ᠪᠠᠶᠠᠯᠢᠭ ᠢᠶᠠᠷ ᠡᠯᠪᠡᠭ ᠳᠡᠯᠪᠡᠭ ᠣᠯᠥᠰ ᠲᠤ ᠣᠴᠢᠵᠦ ᠳᠡᠷᠢᠮᠡᠯ ᠡᠳ᠋ᠰᠢᠬᠦᠯᠥᠯᠳᠡ᠂ ᠬᠦᠮᠦᠷᠭᠡᠯᠡᠨ ᠬᠠᠳᠠᠭᠠᠯᠠᠬᠤ ᠪᠠ ᠪᠠᠷᠡᠭᠠᠨ ᠤ ᠬᠦᠢᠯᠬᠡᠬᠡᠡ ᠵᠡᠷᠭᠡ ᠬᠦᠷᠢᠶ᠎ᠡ ᠴᠡᠷᠠᠭ᠎ᠠ ᠶᠢᠨ ᠬᠠᠮᠳᠣᠷᠡᠯᠴᠠᠭ᠎ᠠ ᠬᠢᠬᠦ ᠶᠢ ᠳᠡᠮᠵᠢᠨ᠎ᠠ᠃      7. ᠠᠷᠡᠯᠵᠢᠶ᠎ᠠ ᠬᠤᠳᠠᠯᠳᠤᠭ᠎ᠠ᠂ ᠰᠣᠶᠣᠯ᠂ ᠪᠠᠷᠠᠭᠠᠨ ᠤ ᠬᠦᠢᠯᠬᠡᠬᠡᠡ ᠵᠡᠷᠭᠡ ᠦᠢᠯᠡᠴᠢᠯᠡᠬᠡᠨ ᠤ ᠬᠦᠷᠢᠶ᠎ᠡ ᠴᠡᠷᠠᠭ᠎ᠠ ᠶᠢᠨ ᠬᠢᠯᠢ ᠶᠢᠨ ᠭᠠᠳᠠᠨ᠎ᠠ ᠪᠡᠯᠡ ᠣᠷᠣᠭᠤᠯᠬᠤ ᠶᠢ ᠡᠮᠬᠢ ᠵᠢᠷᠣᠮ ᠲᠠᠢ ᠪᠠᠷ ᠠᠬᠢᠭᠤᠯᠵᠦ᠂ ᠨᠦᠬᠦᠴᠡᠯ ᠳᠤ ᠨᠡᠶᠢᠴᠡᠬᠦ ᠮᠦᠡᠭᠬᠦᠨ ᠬᠦᠢᠯᠬᠡᠬᠡᠡ ᠤ ᠪᠠᠶᠢᠭᠤᠯᠥᠮᠵᠢ ᠶᠢᠨ ᠬᠢᠯᠢ ᠶᠢᠨ ᠭᠠᠳᠠᠨ᠎ᠠ ᠬᠤᠪᠢᠶᠡᠷᠢ ᠰᠡᠯᠪᠦᠷᠢ ᠪᠠᠶᠢᠭᠤᠯᠥᠮᠵᠢ ᠪᠠ ᠦᠢᠯᠡᠴᠢᠯᠡᠬᠡᠨ ᠤ ᠲᠤᠤᠷ ᠰᠦᠯᠵᠢᠶ᠎ᠠ ᠪᠠᠶᠢᠭᠤᠯᠵᠦ᠂ ᠬᠠᠮᠢᠶ᠎ᠠ ᠪᠦᠬᠦᠢ ᠲᠣᠬᠠᠶᠢᠯᠬᠠᠰᠠᠨ ᠠᠵᠢᠯ ᠦᠷᠨᠢᠬᠦᠯᠬᠦ ᠶᠢ ᠳᠡᠮᠵᠢᠨ᠎ᠠ᠃      ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠠᠵᠦ ᠠᠬᠤᠢ ᠪᠠ ᠮᠡᠳᠡᠭᠡ ᠵᠠᠩᠬᠢᠵᠢᠯᠳᠡ ᠶᠢᠨ ᠵᠦᠪᠯᠡᠯ᠂ ᠳᠡᠷᠢᠶᠡᠯᠡᠩ ᠮᠠᠯ ᠠᠵᠦ ᠠᠬᠤᠢ ᠶᠢᠨ ᠳᠢᠩᠬᠢᠮ᠂ ᠵᠠᠮ ᠬᠠᠷᠢᠯᠴᠠᠭ᠎ᠠ ᠳᠡᠭᠡᠭᠡᠪᠦᠷᠢ ᠶᠢᠨ ᠳᠢᠩᠬᠢᠮ᠂ ᠣᠯᠥᠰ ᠤᠨ ᠡᠳ᠋ ᠬᠦᠷᠥᠩᠬᠡ ᠶᠢᠨ ᠵᠦᠪᠯᠡᠯ᠂ ᠦᠪᠤᠷ ᠮᠣᠩᠭᠤᠯ ᠤᠨ ᠪᠠᠩᠬᠢ ᠶᠢᠨ ᠬᠢᠨᠡᠯᠳᠡ ᠬᠠᠮᠢᠶᠡᠷᠦᠯᠳᠡ ᠶᠢᠨ ᠲᠣᠪᠴᠢᠶ᠎ᠠ᠂ ᠠᠷᠡᠳ ᠤᠨ ᠪᠠᠩᠬᠢ ᠶᠢᠨ ᠬᠦᠬᠡᠬᠤᠳᠡ ᠲᠥᠪ ᠰᠡᠯᠪᠦᠷᠢ ᠪᠠᠩᠬᠢ      ︵ᠬᠤᠶᠡᠷ︶ ᠣᠯᠥᠰ ᠤᠨ ᠪᠠᠶᠢᠯᠳᠣᠬᠤ ᠪᠤᠳᠣᠯᠭ᠎ᠠ ᠪᠠ ᠲᠤᠬᠢᠷᠡᠭᠤᠯᠭ᠎ᠠ ᠡᠵᠡᠮᠰᠢᠯ ᠤᠨ ᠳᠥᠷᠥ ᠶᠢᠨ ᠪᠤᠳᠣᠯᠭ᠎ᠠ ᠯᠤᠭ᠎ᠠ ᠦᠯᠥ ᠨᠡᠶᠢᠴᠡᠬᠦ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢ ᠬᠢᠵᠠᠭᠠᠷᠯᠠᠨ᠎ᠠ᠃ ᠮᠠᠨ ᠤ ᠣᠷᠣᠨ ᠤ ᠠᠵᠦ ᠠᠬᠤᠶᠢᠯᠠᠯ ᠤᠨ ᠣᠯᠥᠰ ᠤᠨ ᠨᠡᠶᠢᠷᠡᠮᠳᠡᠯ ᠬᠦᠭᠵᠢᠯᠳᠡ ᠶᠢᠨ ᠭᠠᠳᠠᠭᠠᠳᠣ ᠬᠠᠷᠢᠯᠴᠠᠭ᠎ᠠ ᠶᠢᠨ ᠴᠢᠭᠯᠡᠯᠳᠡ᠂ ᠬᠠᠷᠢᠯᠴᠠᠨ ᠠᠰᠢᠭ ᠣᠯᠭᠤᠵᠦ ᠬᠠᠷᠢᠯᠴᠠᠨ ᠣᠯᠵᠠᠪᠦᠷᠢ ᠬᠦᠷᠲᠡᠭᠡᠬᠦ ᠪᠠᠶᠢᠯᠳᠣᠬᠤ ᠪᠤᠳᠣᠯᠭ᠎ᠠ ᠵᠢᠴᠢ ᠬᠤᠷᠸ᠎ᠠ ᠲᠣᠬᠢᠷᠡᠭᠤᠯᠭ᠎ᠠ ᠡᠵᠡᠮᠰᠢᠯ ᠤᠨ ᠳᠥᠷᠥ ᠶᠢᠨ ᠪᠤᠳᠣᠯᠭ᠎ᠠ ᠯᠤᠭ᠎ᠠ ᠦᠯᠥ ᠨᠡᠶᠢᠴᠡᠬᠦ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢ ᠬᠢᠵᠠᠭᠠᠷᠯᠡᠨ᠎ᠠ᠂ ᠡᠬᠦᠨ ᠳᠤ᠄      1. ᠮᠠᠨ ᠤ ᠣᠯᠥᠰ ᠯᠤᠭ᠎ᠠ ᠬᠠᠷᠢᠴᠠᠭ᠎ᠠ ᠦᠯᠥ ᠪᠠᠶᠢᠭᠤᠯᠥᠠᠠᠰᠠᠨ᠂ ᠳᠡᠶᠢᠨ ᠳᠠᠵᠢᠨ ᠡᠬᠦᠰᠦᠭᠰᠡᠨ ᠪᠤᠶᠤ ᠮᠠᠨ ᠤ ᠣᠯᠥᠰ ᠤᠨ ᠪᠠᠶᠢᠭᠤᠯᠥᠠᠠᠰᠠᠨ ᠬᠤᠣᠰ ᠪᠠ ᠣᠯᠡᠨ ᠳᠡᠯ᠎ᠠ ᠶᠢᠨ ᠭᠡᠷ᠎ᠡ ᠪᠤᠶᠤ ᠵᠦᠪᠳᠡᠯᠴᠡᠭᠡᠷ ᠲᠤ ᠲᠣᠠᠠᠳᠠᠭᠠᠠᠠᠰᠠᠨ ᠬᠢᠵᠠᠭᠠᠷᠯᠡᠬᠤ ᠴᠢᠬᠤᠯᠠᠳᠡᠢ ᠰᠡᠷᠡᠮᠬᠡᠢ ᠣᠯᠥᠰ ᠪᠠ ᠭᠠᠵᠡᠷ ᠣᠷᠣᠨ ᠳᠤ ᠣᠴᠢᠵᠦ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃      2. ᠭᠡᠷ ᠪᠠᠶᠢᠰᠢᠩ ᠭᠠᠵᠡᠷ ᠬᠦᠷᠥᠩᠬᠡ᠂ ᠵᠣᠴᠢᠳ ᠤᠨ ᠪᠠᠭᠤᠳᠡᠯ᠂ ᠺᠢᠨᠣ᠋ ᠶᠢᠨ ᠬᠤᠳᠡ᠂ ᠵᠤᠭ᠎ᠠ ᠴᠠᠩᠭᠡᠯ ᠤᠨ ᠦᠢᠯᠡᠰ᠂ ᠪᠡᠶ᠎ᠡ ᠶᠢᠨ ᠲᠠᠮᠢᠷ ᠤᠨ ᠺᠯᠦ᠋ᠪ ᠵᠡᠷᠭᠡ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃      3. ᠬᠢᠯᠢ ᠶᠢᠨ ᠭᠠᠳᠠᠨ᠎ᠠ ᠪᠤᠳᠡᠳᠣ ᠳᠥᠷᠦᠯ ᠵᠦᠢᠯ ᠦᠭᠡᠢ ᠰᠲ᠋ᠥᠺ ᠤᠨ ᠡᠷᠬᠡ ᠶᠢᠨ ᠪᠡᠯᠡ ᠣᠷᠣᠭᠤᠯᠥᠯᠳᠡ ᠶᠢᠨ ᠰᠠᠭᠤᠷᠢ ᠮᠦᠡᠭᠬᠦ ᠪᠤᠶᠤ ᠪᠡᠯᠡ ᠣᠷᠣᠭᠤᠯᠥᠯᠳᠡ ᠶᠢᠨ ᠳᠡᠪᠴᠠᠩ ᠪᠠᠶᠢᠭᠤᠯᠬᠤ᠃      4. ᠪᠡᠯᠡ ᠣᠷᠣᠭᠤᠯᠥᠯᠳᠡ ᠶᠢᠨ ᠵᠣᠷᠢᠯᠭᠠᠳᠦ ᠣᠯᠥᠰ ᠤᠨ ᠮᠡᠷᠭᠡᠵᠢᠯ ᠤᠨ ᠪᠡᠷᠢᠮᠵᠢᠶ᠎ᠠ ᠶᠢᠨ ᠱᠠᠭᠠᠷᠳᠡᠯᠭ᠎ᠠ ᠳᠤ ᠨᠡᠶᠢᠴᠡᠬᠦ ᠦᠭᠡᠢ ᠬᠤᠴᠣᠷᠣᠩᠭᠤᠢ ᠦᠢᠯᠡᠳᠪᠦᠷᠢᠯᠡᠯ ᠤᠨ ᠳᠥᠬᠦᠭᠡᠷᠦᠮᠵᠢ ᠶᠢ ᠭᠡᠷᠡᠭᠯᠡᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃        5. ᠪᠡᠯᠡ ᠣᠷᠣᠭᠤᠯᠥᠯᠳᠡ ᠶᠢᠨ ᠵᠣᠷᠢᠯᠭᠠᠳᠦ ᠣᠯᠥᠰ ᠤᠨ ᠣᠷᠴᠢᠨ ᠲᠣᠭᠤᠷᠢᠨ᠂ ᠡᠨᠧᠷᠬᠢ ᠶᠢᠨ ᠬᠤᠷᠣᠠᠠᠳᠡᠯ᠂ ᠠᠮᠥᠷ ᠳᠥᠪᠰᠢᠨ ᠤ ᠪᠡᠷᠢᠮᠵᠢᠶ᠎ᠠ ᠳᠤ ᠨᠡᠶᠢᠴᠡᠬᠦ ᠦᠭᠡᠢ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠪᠠᠭᠳᠠᠨ᠎ᠠ᠃      ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠠᠷᠡᠳ ᠤᠨ ᠪᠠᠩᠬᠢ ᠶᠢᠨ ᠬᠦᠬᠡᠬᠤᠳᠡ ᠲᠥᠪ ᠰᠡᠯᠪᠦᠷᠢ ᠪᠠᠩᠬᠢ      ︵ᠭᠤᠷᠪᠡ︶ ᠣᠯᠥᠰ ᠤᠨ ᠠᠰᠢᠭ ᠲᠣᠰᠡ ᠪᠠ ᠠᠮᠥᠷ ᠳᠥᠪᠰᠢᠨ ᠢ ᠬᠤᠬᠢᠷᠡᠭᠤᠯᠥᠠᠠᠰᠠᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢ ᠴᠠᠭᠠᠵᠠᠯᠠᠨ᠎ᠠ᠃ ᠮᠠᠨ ᠤ ᠣᠷᠣᠨ ᠤ ᠠᠵᠦ ᠠᠬᠤᠶᠢᠯᠠᠯ ᠤᠨ ᠣᠯᠥᠰ ᠤᠨ ᠠᠰᠢᠭ ᠲᠣᠰᠡ ᠪᠠ ᠣᠯᠥᠰ ᠤᠨ ᠠᠮᠥᠷ ᠳᠥᠪᠰᠢᠨ ᠢ ᠬᠤᠬᠢᠷᠡᠭᠤᠯᠬᠤ ᠪᠠ ᠬᠤᠬᠢᠷᠡᠭᠤᠯᠵᠦ ᠮᠡᠳᠡᠬᠦ ᠬᠢᠯᠢ ᠶᠢᠨ ᠭᠠᠳᠠᠨ᠎ᠠ ᠪᠡᠯᠡ ᠣᠷᠣᠭᠤᠯᠬᠤ ᠳᠤ ᠣᠷᠣᠯᠴᠠᠬᠤ ᠶᠢ ᠴᠠᠭᠠᠵᠠᠯᠠᠨ᠎ᠠ᠂ ᠡᠬᠦᠨ ᠳᠤ᠄      1. ᠣᠯᠥᠰ ᠤᠨ ᠵᠦᠪᠰᠢᠶᠡᠷᠡᠯ ᠢ ᠣᠯᠥᠠᠠᠰᠠᠨ ᠦᠭᠡᠢ ᠴᠡᠷᠢᠭ ᠤᠨ ᠶᠠᠪᠤᠳᠡᠯ ᠤᠨ ᠠᠵᠦ ᠦᠢᠯᠡᠳᠪᠦᠷᠢ ᠶᠢᠨ ᠭᠤᠤᠯᠯᠠᠬᠤ ᠮᠡᠷᠭᠡᠵᠢᠯ ᠪᠤᠯᠥᠨ ᠦᠢᠯᠡᠳᠬᠦᠨ ᠢ ᠭᠠᠳ᠋ᠬᠠᠰᠢ ᠭᠠᠷᠭᠠᠬᠤ ᠳᠤ ᠬᠤᠯᠪᠤᠠᠠᠳᠠᠬᠤ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃      2. ᠮᠠᠨ ᠤ ᠣᠯᠥᠰ ᠤᠨ ᠭᠠᠳᠠᠭᠠᠳᠣ ᠳᠤ ᠭᠠᠷᠭᠠᠬᠤ ᠶᠢ ᠴᠠᠭᠠᠵᠠᠯᠬᠠᠰᠠᠨ ᠮᠡᠷᠭᠡᠵᠢᠯ᠂ ᠣᠷ᠎ᠡ ᠮᠡᠷᠭᠡᠰᠢᠯ᠂ ᠦᠢᠯᠡᠳᠬᠦᠨ ᠢ ᠭᠡᠷᠡᠭᠯᠡᠭᠰᠡᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃      3. ᠵᠣᠭᠤᠰ ᠨᠠᠭᠠᠳᠬᠤ᠂ ᠱᠠᠯᠢᠭ ᠵᠠᠪᠬᠠᠢ ᠵᠦᠢᠯ ᠵᠡᠷᠭᠡ ᠳᠤ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃      4. ᠮᠠᠨ ᠤ ᠣᠯᠥᠰ ᠤᠨ ᠪᠠᠶᠢᠭᠤᠯᠥᠠᠠᠰᠠᠨ ᠪᠤᠶᠤ ᠣᠷᠣᠯᠴᠬᠠᠰᠠᠨ ᠣᠯᠡᠨ ᠣᠯᠥᠰ ᠤᠨ ᠭᠡᠷ᠎ᠠ ᠳᠤ ᠴᠠᠭᠠᠵᠠᠯᠠᠬᠤ ᠪᠠᠷ ᠲᠣᠠᠠᠳᠠᠭᠠᠠᠠᠰᠠᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ᠃      5. ᠪᠤᠰᠣᠳ ᠣᠯᠥᠰ ᠤᠨ ᠠᠰᠢᠭ ᠲᠣᠰᠡ ᠪᠠ ᠣᠯᠥᠰ ᠤᠨ ᠠᠮᠥᠷ ᠳᠥᠪᠰᠢᠨ ᠢ ᠬᠤᠬᠢᠷᠡᠭᠤᠯᠬᠤ ᠪᠠ ᠬᠤᠬᠢᠷᠡᠭᠤᠯᠵᠦ ᠮᠡᠳᠡᠬᠦ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠪᠠᠭᠳᠠᠨ᠎ᠠ᠃      ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠠᠷᠡᠳ ᠤᠨ ᠪᠠᠩᠬᠢ ᠶᠢᠨ ᠬᠦᠬᠡᠬᠤᠳᠡ ᠲᠥᠪ ᠰᠡᠯᠪᠦᠷᠢ ᠪᠠᠩᠬᠢ      ᠭᠤᠷᠪᠡ᠂ ᠪᠠᠳᠣᠯᠠᠭ᠎ᠠ ᠶᠢᠨ ᠠᠷᠭ᠎ᠠ ᠭᠡᠮᠵᠢᠶ᠎ᠠ ᠶᠢ ᠴᠢᠩᠭᠠᠷᠡᠭᠤᠯᠥᠨ᠎ᠠ      ︵ᠨᠢᠭᠡ︶ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢ ᠳᠥᠷᠦᠯ ᠬᠤᠪᠢᠶᠡᠨ ᠵᠢᠯᠥᠭᠤᠳᠬᠤ ᠶᠢ ᠴᠢᠩᠭᠠᠳᠬᠠᠨ᠎ᠠ᠃ ᠵᠣᠷᠢᠠᠠᠵᠢᠭᠤᠯᠬᠤ ᠳᠥᠷᠦᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ ︽ᠦᠪᠡᠷᠳᠡᠭᠡᠨ ᠵᠠᠰᠠᠬᠤ ᠣᠷᠣᠨ ᠤ ᠣᠯᠡᠨ ᠣᠯᠥᠰ ᠤᠨ ᠦᠢᠯᠡᠳᠪᠦᠷᠢᠯᠡᠯ ᠤᠨ ᠴᠢᠳᠡᠪᠦᠷᠢ ᠪᠠ ᠲᠣᠨᠤᠭ ᠳᠥᠬᠦᠭᠡᠷᠦᠮᠵᠢ ᠦᠢᠯᠡᠳᠬᠦ ᠬᠠᠮᠳᠣᠷᠡᠯᠴᠠᠭ᠎ᠠ ᠶᠢ ᠠᠬᠢᠭᠤᠯᠬᠤ ᠶᠢᠨ ᠭᠡᠷᠡᠭᠵᠢᠬᠦᠯᠬᠦ ᠳᠥᠰᠥᠯ ᠢ ᠲᠠᠷᠣᠮᠠᠯᠯᠠᠨ ᠶᠠᠪᠤᠭᠤᠯᠬᠤ ᠲᠣᠬᠠᠢ ᠦᠪᠤᠷ ᠮᠣᠩᠭᠤᠯ ᠤᠨ ᠦᠪᠡᠷᠳᠡᠭᠡᠨ ᠵᠠᠰᠬᠠᠥ ᠣᠷᠣᠨ ᠤ ᠠᠷᠡᠳ ᠤᠨ ᠵᠠᠰᠠᠭ ᠤᠨ ᠣᠷᠳᠣᠨ ᠤ ᠮᠡᠳᠡᠭᠳᠡᠯ︾ ︵ᠦᠪᠤᠷ ᠵᠠᠰᠠᠭ ᠲᠠᠷᠬᠠᠭᠠᠠᠠᠰᠠᠨ ﹇2016﹈ 111 ᠳ᠋ᠣᠭᠡᠷ ᠲᠣᠭᠠᠳᠣ︶ ᠪᠤᠯᠥᠨ ︽ᠠᠵᠦ ᠠᠬᠤᠶᠢᠯᠠᠯ ᠤᠨ ︿ᠭᠠᠷᠴᠥ ᠶᠠᠪᠤᠵᠦ﹀ ᠣᠯᠥᠰ ᠠᠯᠥᠰᠯᠬᠠᠰᠠᠨ ᠡᠵᠡᠩᠨᠡᠯᠳᠡ ᠬᠢᠬᠦ ᠶᠢ ᠳᠡᠮᠵᠢᠬᠦ ᠲᠣᠬᠠᠢ ᠦᠪᠤᠷ ᠮᠣᠩᠭᠤᠯ ᠤᠨ ᠦᠪᠡᠷᠳᠡᠭᠡᠨ ᠵᠠᠰᠬᠠᠥ ᠣᠷᠣᠨ ᠤ ᠠᠷᠡᠳ ᠤᠨ ᠵᠠᠰᠠᠭ ᠤᠨ ᠣᠷᠳᠣᠨ ᠤ ᠠᠯᠪᠠᠨ ᠳᠢᠩᠬᠢᠮ ᠤᠨ ᠵᠢᠯᠥᠭᠤᠳᠬᠤ ᠰᠠᠨᠠᠯ︾ ︵ᠦᠪᠤᠷ ᠵᠠᠰᠠᠭ ᠠᠯᠪᠠᠨ ᠲᠠᠷᠬᠠᠭᠠᠠᠠᠰᠠᠨ ﹇2016﹈ 201 ᠳ᠋ᠣᠭᠡᠷ ᠲᠣᠭᠠᠳᠣ︶᠎ ᠤᠨ ᠵᠣᠷᠢᠭ ᠰᠠᠨᠠᠭ᠎ᠠ ᠶᠢ ᠬᠢᠨᠠᠮᠠᠭᠠᠢ ᠲᠣᠣᠱᠯᠠᠭᠤᠯᠵᠦ᠂ ᠡᠳ᠋ ᠤᠨ ᠵᠠᠰᠠᠭ᠂ ᠭᠠᠶᠢᠯᠢ ᠳᠡᠳᠡᠪᠦᠷᠢ᠂ ᠮᠦᠩᠭᠦᠨ ᠭᠦᠢᠯᠭᠡᠭᠡᠨ ᠲᠠᠭᠠᠳᠬᠠᠯ ᠵᠡᠷᠭᠡ ᠵᠣᠷᠢᠠᠠᠵᠢᠭᠤᠯᠬᠤ ᠳᠥᠷᠦᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠳᠡᠮᠵᠢᠯᠬᠡ ᠶᠢ ᠴᠢᠩᠭᠠᠷᠡᠭᠤᠯᠥᠨ᠎ᠠ᠃ ᠬᠢᠵᠠᠭᠠᠷᠯᠠᠬᠤ ᠳᠥᠷᠦᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ ᠵᠢᠯᠥᠭᠤᠳᠣᠯᠭ᠎ᠠ ᠪᠠ ᠳᠥᠭᠰᠢᠬᠦᠷᠢ ᠶᠢᠨ ᠰᠡᠷᠡᠮᠵᠢᠯᠠᠬᠦᠯᠥᠯ ᠢ ᠴᠢᠩᠭᠠᠳᠬᠠᠵᠦ᠂ ᠠᠵᠦ ᠠᠬᠤᠶᠢᠯᠠᠯ ᠤᠨ ᠬᠢᠨᠠᠭᠤᠷ ᠪᠤᠯᠭᠤᠮᠵᠢᠳᠡᠢ ᠪᠠᠷ ᠬᠢᠵᠠᠭᠠᠷᠯᠠᠬᠤ ᠳᠥᠷᠦᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ ᠣᠷᠣᠯᠴᠠᠬᠤ ᠶᠢ ᠵᠥᠪ ᠢᠶᠠᠷ ᠬᠦᠳᠦᠯᠥᠨ ᠵᠢᠯᠥᠭᠤᠳᠣᠨ᠎ᠠ᠃ ᠴᠠᠭᠠᠵᠠᠯᠠᠬᠤ ᠳᠥᠷᠦᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ᠂ ᠬᠦᠭᠵᠢᠬᠦᠯᠥᠯᠳᠡ ᠦᠭᠡᠷᠡᠴᠢᠯᠡᠯᠳᠡ᠂ ᠬᠤᠳᠠᠯᠳᠣᠭᠠᠨ ᠤ ᠶᠠᠪᠤᠳᠡᠯ᠂ ᠭᠠᠳᠠᠭᠠᠳᠣ ᠶᠠᠪᠤᠳᠡᠯ᠂ ᠭᠠᠳᠠᠭᠠᠳᠣ ᠭᠤᠪᠢᠭᠤᠯᠭ᠎ᠠ ᠵᠡᠷᠭᠡ ᠰᠠᠯᠠᠭ᠎ᠠ ᠮᠦᠴᠢᠷ ᠤᠳ ᠬᠠᠮᠢᠶ᠎ᠠ ᠪᠦᠬᠦᠢ ᠠᠷᠭ᠎ᠠ ᠭᠡᠮᠵᠢᠶ᠎ᠠ ᠠᠪᠴᠥ ᠪᠠᠶᠢᠭᠠᠳ ᠴᠢᠩᠭ᠎ᠠ ᠬᠠᠮᠢᠶᠡᠷᠦᠨ ᠡᠵᠡᠮᠳᠡᠨ᠎ᠠ᠃      ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠡᠳ᠋ ᠤᠨ ᠵᠠᠰᠠᠭ ᠤᠨ ᠳᠢᠩᠬᠢᠮ᠂ ᠭᠠᠳᠠᠭᠠᠳᠣ ᠶᠠᠪᠤᠳᠡᠯ ᠤᠨ ᠠᠯᠪᠠᠨ ᠭᠡᠷ᠂ ᠣᠷᠣᠨ ᠨᠣᠳᠤᠭ ᠤᠨ ᠭᠠᠶᠢᠯᠢ ᠶᠢᠨ ᠶᠠᠪᠤᠳᠡᠯ ᠤᠨ ᠲᠣᠪᠴᠢᠶ᠎ᠠ᠂ ᠦᠪᠤᠷ ᠮᠣᠩᠭᠤᠯ ᠤᠨ ᠣᠯᠥᠰ ᠤᠨ ᠭᠠᠶᠢᠯᠢ ᠶᠢᠨ ᠶᠠᠪᠤᠳᠡᠯ ᠤᠨ ᠲᠣᠪᠴᠢᠶ᠎ᠠ᠂ ᠠᠷᠡᠳ ᠤᠨ ᠪᠠᠩᠬᠢ ᠶᠢᠨ ᠬᠦᠬᠡᠬᠤᠳᠡ ᠲᠥᠪ ᠰᠠᠯᠪᠦᠷᠢ ᠪᠠᠩᠬᠢ᠂ ᠲᠣᠮᠳᠠᠳᠣ ᠣᠯᠥᠰ ᠤᠨ ᠭᠠᠳᠠᠭᠠᠳᠣ ᠳᠤ ᠭᠠᠷᠭᠠᠬᠤ ᠢᠳᠡᠭᠡᠮᠵᠢ ᠶᠢᠨ ᠲᠠᠭᠠᠳᠬᠠᠯ ᠤᠨ ᠺᠣᠮᠫᠠᠨᠢ ᠶᠢᠨ ᠦᠪᠤᠷ ᠮᠣᠩᠭᠤᠯ ᠤᠨ ᠲᠣᠰᠬᠠᠢ ᠵᠦᠢᠯ ᠤᠨ ᠠᠯᠪᠠᠨ ᠭᠡᠷ      ︵ᠬᠤᠶᠡᠷ︶ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ ᠳᠦᠬᠦᠮ ᠦᠵᠡᠬᠦᠯᠬᠦ ᠬᠢᠷᠢ ᠭᠡᠮᠵᠢᠶ᠎ᠠ ᠶᠢ ᠳᠡᠭᠡᠭᠰᠢᠯᠡᠬᠦᠯᠦᠨ᠎ᠡ᠃ ᠪᠦᠷᠢᠳᠭᠡᠨ ᠳᠡᠩᠰᠡᠯᠠᠬᠤ ᠳᠥᠷᠢᠮ ᠢᠶᠠᠷ ᠭᠤᠤᠯ ᠪᠤᠯᠭᠠᠠᠠᠰᠠᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠬᠠᠮᠢᠶᠡᠷᠦᠯᠳᠡ ᠶᠢᠨ ᠠᠷᠭ᠎ᠠ ᠮᠠᠶ᠋ᠢᠭ ᠢ ᠣᠯᠡᠮ ᠨᠢᠭᠡ ᠠᠯᠬᠤᠮ ᠳᠡᠬᠦᠯᠳᠡᠷᠵᠢᠬᠦᠯᠵᠦ᠂ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠥᠷᠦᠯ ᠵᠦᠢᠯ ᠤᠨ ᠰᠦᠯᠵᠢᠶᠡᠨ ᠳᠡᠭᠡᠷ᠎ᠠ ᠳᠡᠩᠰᠡᠯᠡᠭᠤᠯᠬᠤ ᠶᠢᠨ ᠬᠢᠨᠡᠨ ᠵᠦᠪᠰᠢᠶᠡᠷᠡᠬᠦ ᠳᠤ ᠳᠦᠬᠦᠮ ᠦᠵᠡᠬᠦᠯᠬᠦ ᠶᠢ ᠠᠬᠢᠭᠤᠯᠥᠨ᠎ᠠ᠃ ᠢᠳᠡᠪᠬᠢᠳᠡᠢ ᠪᠦᠭᠡᠳ ᠪᠦᠳᠦᠮᠵᠢᠳᠡᠢ ᠠᠷᠭ᠎ᠠ ᠭᠡᠮᠵᠢᠶ᠎ᠠ ᠠᠪᠴᠥ ᠪᠠᠶᠢᠭᠠᠳ᠂ ᠰᠢᠭᠤᠳ ᠪᠡᠯᠡ ᠣᠷᠣᠭᠤᠯᠬᠤ ᠭᠠᠳᠠᠭᠠᠳᠣ ᠭᠤᠪᠢᠭᠤᠯᠭ᠎ᠠ ᠶᠢᠨ ᠳᠡᠩᠰᠡᠯᠡᠨ ᠳᠡᠮᠳᠡᠭᠯᠡᠬᠦ ᠪᠠ ᠪᠡᠯᠡ ᠮᠦᠡᠭᠬᠦ ᠶᠢᠨ ᠭᠤᠪᠢᠭᠤᠯᠬᠤ ᠦᠷ᠎ᠠ ᠪᠦᠳᠦᠮᠵᠢ ᠶᠢ ᠣᠯᠡᠮ ᠨᠢᠭᠡ ᠠᠯᠬᠤᠮ ᠳᠡᠭᠡᠭᠰᠢᠯᠡᠬᠦᠯᠵᠦ᠂ ᠨᠢᠭᠡᠨᠳᠡ ᠬᠦᠭᠵᠢᠬᠦᠯᠥᠯᠳᠡ ᠦᠭᠡᠷᠡᠴᠢᠯᠡᠯᠳᠡ᠂ ᠬᠤᠳᠠᠯᠳᠣᠭᠠᠨ ᠤ ᠶᠠᠪᠤᠳᠡᠯ ᠤᠨ ᠰᠠᠯᠠᠭ᠎ᠠ ᠮᠦᠴᠢᠷ ᠤᠨ ᠪᠦᠷᠢᠳᠭᠡᠨ ᠳᠡᠩᠰᠡᠯᠠᠭᠤᠯᠬᠤ ᠶᠢ ᠦᠩᠭᠡᠷᠡᠭᠡᠭᠰᠡᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠥᠷᠦᠯ ᠵᠦᠢᠯ ᠳᠤ᠂ ᠮᠦᠡᠭᠬᠦᠨ ᠬᠦᠢᠯᠬᠡᠬᠡᠡ ᠤ ᠪᠠᠶᠢᠭᠤᠯᠥᠮᠵᠢ ᠨᠢ ᠴᠠᠭ ᠲᠣᠬᠠᠢ ᠳᠤᠨᠢ ᠬᠠᠮᠢᠶ᠎ᠠ ᠪᠦᠬᠦᠢ ᠠᠵᠦ ᠠᠬᠤᠶᠢᠯᠠᠯ ᠤᠨ ᠭᠠᠳᠠᠭᠠᠳᠣ ᠭᠤᠪᠢᠭᠤᠯᠭ᠎ᠠ ᠶᠢᠨ ᠳᠡᠩᠰᠡᠯᠡᠨ ᠳᠡᠮᠳᠡᠭᠯᠡᠬᠦ ᠭᠠᠷᠳᠡᠮ ᠬᠦᠢᠴᠡᠳᠭᠡᠵᠦ ᠦᠭᠬᠦ ᠶᠢᠨ ᠬᠠᠮᠳᠣ ᠭᠤᠪᠢᠭᠤᠯᠭ᠎ᠠ ᠬᠢᠬᠦ ᠳᠤ ᠳᠦᠬᠦᠮ ᠦᠵᠡᠬᠦᠯᠬᠦ ᠭᠡᠷᠡᠭᠳᠡᠢ᠃ ᠴᠢᠯᠥᠭᠡᠳᠦ ᠠᠷᠡᠯᠵᠢᠶ᠎ᠠ ᠶᠢᠨ ᠲᠣᠷᠰᠢᠯᠳᠡ ᠶᠢᠨ ᠲᠣᠭᠤᠷᠢᠭ ᠤᠨ ᠠᠷᠡᠯᠵᠢᠶ᠎ᠠ ᠮᠠᠶᠢᠮᠠᠢ ᠳᠤ ᠳᠦᠬᠦᠮ ᠦᠵᠡᠬᠦᠯᠬᠦ ᠠᠷᠭ᠎ᠠ ᠭᠡᠮᠵᠢᠶ᠎ᠠ ᠶᠢ ᠣᠯᠠᠷᠢᠭᠤᠯᠥᠨ ᠳᠡᠯᠭᠡᠷᠡᠬᠦᠯᠵᠦ᠂ ᠣᠯᠡᠨ ᠣᠯᠥᠰ ᠤᠨ ᠠᠷᠡᠯᠵᠢᠶ᠎ᠠ ᠶᠢᠨ ᠨᠢᠭᠡ ᠯᠡ ᠴᠣᠩᠬᠤᠪᠴᠢ᠂ ᠨᠢᠭᠡ ᠯᠡ ᠦᠷᠲᠡᠭᠡ ᠶᠢᠨ ᠮᠠᠶ᠋ᠢᠭ ᠤᠨ ᠠᠵᠢᠯᠯᠠᠭᠠᠨ᠂ ᠨᠢᠭᠡ ᠴᠣᠠᠠᠴᠠᠵᠢᠭᠤᠯᠥᠨ ᠪᠤᠭᠤᠮᠳᠡ ᠦᠩᠭᠡᠷᠡᠭᠡᠬᠦ ᠶᠢ ᠠᠬᠢᠭᠤᠯᠵᠦ᠂ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ ᠦᠢᠯᠡᠴᠢᠯᠡᠬᠦ ᠪᠤᠭᠤᠮᠳᠡ ᠦᠩᠭᠡᠷᠡᠭᠡᠬᠦ ᠦᠷ᠎ᠠ ᠪᠦᠳᠦᠮᠵᠢ ᠶᠢ ᠣᠯᠡᠮ ᠨᠢᠬᠡ ᠠᠯᠬᠤᠮ ᠳᠡᠭᠡᠭᠰᠢᠯᠡᠬᠦᠯᠦᠨ᠎ᠡ᠃       ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠠᠷᠡᠳ ᠤᠨ ᠪᠠᠩᠬᠢ ᠶᠢᠨ ᠬᠦᠬᠡᠬᠤᠳᠡ ᠲᠥᠪ ᠰᠠᠯᠪᠦᠷᠢ ᠪᠠᠩᠬᠢ᠂ ᠬᠦᠬᠡᠬᠤᠳᠡ ᠪᠤᠭᠤᠮᠳᠡ᠂ ᠮᠠᠨᠵᠣᠣᠷ ᠪᠤᠭᠤᠮᠳᠡ᠂ ᠦᠪᠤᠷ ᠮᠣᠩᠭᠤᠯ ᠤᠨ ᠬᠢᠯᠢ ᠪᠠᠷ ᠣᠷᠣᠵᠦ ᠭᠠᠷᠬᠤ ᠶᠢᠨ ᠰᠢᠯᠭᠠᠨ ᠪᠠᠶᠢᠴᠠᠭᠠᠵᠦ ᠬᠢᠵᠢᠭ ᠪᠠᠶᠢᠴᠠᠭᠠᠬᠤ ᠲᠤᠪᠴᠢᠶ᠎ᠠ      ︵ᠭᠤᠷᠪᠡ︶ ᠬᠢᠨᠡᠯᠳᠡ ᠬᠠᠮᠢᠶᠡᠷᠦᠯᠳᠡ ᠶᠢᠨ ᠲᠣᠠᠠᠳᠡᠴᠠ ᠶᠢ ᠳᠡᠬᠦᠯᠳᠡᠷᠵᠢᠬᠦᠯᠦᠨ᠎ᠠ᠃ ᠣᠯᠥᠰ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠬᠠᠮᠢᠶᠡᠷᠦᠯᠳᠡ ᠶᠢᠨ ᠪᠠᠶᠢᠭᠤᠯᠥᠯ ᠲᠣᠠᠠᠳᠡᠴᠠ ᠶᠢᠨ ᠦᠭᠡᠷᠡᠴᠢᠯᠡᠯᠳᠡ ᠶᠢ ᠠᠬᠢᠭᠤᠯᠬᠤ ᠱᠠᠭᠠᠷᠳᠡᠯᠭ᠎ᠠ ᠶᠣᠰᠣᠭᠠᠷ᠂ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠦᠨᠡᠨ ᠪᠣᠳᠠᠳᠤ ᠴᠢᠨᠡᠷ᠂ ᠲᠣᠠᠠᠳᠠᠭᠠᠯ ᠳᠤ ᠨᠡᠶᠢᠴᠡᠭᠦᠯᠬᠦ ᠴᠢᠨᠡᠷ ᠤᠨ ᠬᠢᠨᠡᠨ ᠪᠠᠶᠢᠴᠠᠭᠠᠯᠳᠡ ᠶᠢ ᠴᠢᠩᠭᠠᠳᠬᠠᠵᠦ᠂ ᠬᠤᠳᠡᠯ ᠬᠠᠭᠤᠷᠮᠠᠭ ᠪᠡᠯᠡ ᠣᠷᠣᠭᠤᠯᠥᠯᠳᠡ ᠬᠢᠬᠦ ᠦᠢᠯᠡ ᠠᠵᠢᠯᠯᠠᠭ᠎ᠠ ᠶᠢ ᠰᠡᠷᠭᠡᠶᠢᠯᠡᠨ᠎ᠡ᠃ ᠨᠡᠶᠢᠭᠡᠮ ᠤᠨ ᠢᠳᠡᠭᠡᠮᠵᠢ ᠶᠢᠨ ᠰᠢᠰᠲ᠋ᠧᠮᠵᠢ ᠶᠢᠨ ᠪᠠᠶᠢᠭᠤᠯᠥᠯᠳᠡ ᠶᠢ ᠳᠥᠷᠭᠡᠳᠭᠡᠵᠦ᠂ ᠵᠠᠰᠠᠭ ᠤᠨ ᠣᠷᠳᠣᠨ ᠤ ᠡᠯ᠎ᠠ ᠰᠠᠯᠠᠭ᠎ᠠ ᠮᠦᠴᠢᠷ ᠤᠨ ᠬᠤᠭᠤᠷᠣᠨᠳᠦᠬᠢ ᠢᠳᠡᠭᠡᠮᠵᠢ ᠶᠢᠨ ᠮᠡᠳᠡᠭᠡ ᠵᠠᠩᠬᠢ ᠶᠢᠨ ᠬᠠᠮᠳᠣᠪᠡᠷ ᠬᠦᠷᠲᠡᠵᠦ ᠬᠠᠮᠳᠣᠪᠡᠷ ᠭᠡᠷᠡᠭᠯᠡᠬᠦ ᠶᠢ ᠠᠬᠢᠭᠤᠯᠥᠨ᠂ ᠡᠯ᠎ᠠ ᠠᠵᠢᠯ ᠳᠥᠷᠦᠯ ᠤᠨ ᠭᠤᠤᠯᠴᠢᠯᠠᠨ ᠬᠠᠮᠢᠶᠡᠷᠬᠤ ᠰᠠᠯᠠᠭ᠎ᠠ ᠮᠦᠴᠢᠷ ᠤᠨ ᠬᠠᠮᠵᠢᠯᠴᠠᠨ ᠬᠠᠪᠰᠣᠷᠣᠯᠴᠠᠬᠤ ᠶᠢ ᠴᠢᠩᠭᠠᠳᠬᠠᠵᠦ᠂ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠮᠡᠳᠡᠭᠡ ᠵᠠᠩᠬᠢ ᠶᠢᠨ ᠬᠠᠮᠳᠣᠪᠡᠷ ᠬᠦᠷᠲᠡᠬᠦ ᠲᠣᠠᠠᠳᠡᠴᠠ ᠶᠢ ᠪᠠᠶᠢᠭᠤᠯᠥᠨ ᠳᠡᠬᠦᠯᠳᠡᠷᠵᠢᠬᠦᠯᠦᠨ᠎ᠠ᠃ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠮᠦᠷᠳᠡᠬᠦ ᠲᠣᠠᠠᠳᠡᠴᠠ ᠶᠢ ᠪᠠᠶᠢᠭᠤᠯᠥᠨ ᠪᠦᠷᠢᠨᠰᠢᠬᠦᠯᠵᠦ᠂ ᠪᠠᠶᠢᠭᠤᠯᠵᠦ ᠪᠠᠶᠢᠭ᠎ᠠ ᠪᠠ ᠨᠢᠭᠡᠨᠳᠡ ᠪᠠᠶᠢᠭᠤᠯᠥᠠᠠᠰᠠᠨ ᠬᠢᠯᠢ ᠶᠢᠨ ᠭᠠᠳᠠᠨ᠎ᠠ ᠪᠡᠯᠡ ᠣᠷᠣᠭᠤᠯᠥᠬᠠᠰᠠᠨ ᠭᠤᠤᠯᠳᠡᠯᠭ᠎ᠠ ᠲᠠᠢ ᠳᠥᠷᠦᠯ ᠵᠦᠢᠯ ᠢ ᠮᠦᠷᠳᠡᠨ ᠬᠠᠮᠢᠶᠡᠷᠴᠥ᠂ ᠮᠠᠨ ᠤ ᠣᠷᠣᠨ ᠤ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠬᠠᠰᠠᠨ ᠳᠥᠷᠦᠯ ᠵᠦᠢᠯ ᠤᠨ ᠪᠠᠶᠢᠳᠡᠯ ᠤᠨ ᠮᠦᠷᠲᠡᠯᠳᠡ ᠪᠠ ᠬᠢᠨᠡᠨ ᠰᠢᠨᠵᠢᠵᠦ ᠦᠨᠡᠯᠡᠬᠦ ᠠᠵᠢᠯ ᠢ ᠰᠠᠶᠢᠳᠣᠷ ᠬᠢᠨ᠎ᠠ᠃ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠬᠠᠷ᠎ᠠ ᠳᠡᠩᠰᠡ ᠶᠢᠨ ᠳᠥᠷᠢᠮ ᠢ ᠪᠠᠶᠢᠭᠤᠯᠥᠨ᠂ ᠢᠳᠡᠭᠡᠮᠵᠢ ᠶᠢᠨ ᠳᠡᠮᠳᠡᠭᠯᠡᠯ ᠤᠨ ᠪᠠᠶᠢᠭᠤᠯᠥᠯᠳᠡ ᠶᠢ ᠴᠢᠩᠭᠠᠳᠬᠠᠵᠦ᠂ ᠬᠤᠳᠡᠯ ᠬᠠᠭᠤᠷᠮᠠᠭ ᠢᠶᠠᠷ ᠪᠡᠯᠡ ᠣᠷᠣᠭᠤᠯᠥᠯᠳᠡ ᠬᠢᠬᠦ᠂ ᠬᠤᠳᠡᠯ ᠬᠠᠭᠤᠷᠮᠠᠭ ᠢᠶᠠᠷ ᠵᠤᠬᠢᠶᠡᠵᠦ ᠡᠷᠬᠡ ᠳᠤ ᠬᠠᠯᠳᠠᠬᠤ᠂ ᠬᠤᠳᠠᠯᠳᠣᠭᠠᠨ ᠤ ᠭᠡᠭᠡᠯᠢ ᠬᠠᠭ᠋ᠤᠥᠯᠢ ᠳᠥᠯᠬᠢᠬᠦ᠂ ᠣᠷᠴᠢᠨ ᠲᠣᠭᠤᠷᠢᠨ ᠢ ᠪᠣᠬᠢᠷᠳᠣᠭᠤᠯᠬᠤ ᠵᠡᠷᠭᠡ ᠬᠠᠦᠯᠢ ᠲᠣᠠᠠᠳᠠᠭᠠᠯ ᠠᠴᠠ ᠵᠦᠷᠢᠴᠡᠭᠰᠡᠨ ᠪᠡᠯᠡ ᠣᠷᠣᠭᠤᠯᠥᠯᠳᠡ ᠬᠢᠬᠦ ᠦᠢᠯᠡ ᠠᠵᠢᠯᠯᠠᠭ᠎ᠠ ᠳᠤ ᠬᠠᠮᠳᠣᠷᠡᠡ ᠵᠠᠯᠬᠠᠭᠠᠯ ᠰᠢᠳᠭᠡᠯ ᠭᠡᠷᠡᠭᠵᠢᠬᠦᠯᠵᠦ᠂ ᠨᠡᠶᠢᠭᠡᠮ ᠤᠨ ᠢᠳᠡᠭᠡᠮᠵᠢ ᠶᠢᠨ ᠮᠡᠳᠡᠭᠡ ᠵᠠᠩᠬᠢ ᠶᠢᠨ ᠳᠡᠪᠴᠠᠩ ᠳᠤ ᠣᠷᠣᠭᠤᠯᠥᠨ᠎ᠠ᠃ ᠣᠯᠥᠰ ᠤᠨ ᠦᠮᠴᠢᠯᠠᠯᠳᠦ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠬᠦᠷᠥᠩᠬᠡ ᠮᠦᠡᠭᠬᠦ ᠶᠢᠨ ᠳᠥᠷᠢᠮ ᠢ ᠪᠠᠶᠢᠭᠤᠯᠵᠦ᠂ ᠬᠢᠯᠢ ᠶᠢᠨ ᠭᠠᠳᠡᠨᠠᠬᠢ ᠠᠵᠦ ᠠᠬᠤᠶᠢᠯᠠᠯ ᠤᠨ ᠣᠯᠥᠰ ᠤᠨ ᠦᠮᠴᠢᠯᠠᠯ ᠤᠨ ᠬᠦᠷᠥᠩᠬᠡ ᠮᠦᠡᠭᠬᠦ ᠶᠢᠨ ᠦᠷ᠎ᠠ ᠪᠦᠳᠦᠮᠵᠢ ᠶᠢᠨ ᠦᠨᠡᠯᠠᠯᠳᠡ ᠶᠢ ᠲᠣᠠᠠᠳᠠᠮᠠᠯ ᠬᠤᠭᠤᠴᠠᠭ᠎ᠠ ᠲᠠᠢ ᠪᠠᠷ ᠵᠤᠬᠢᠶᠡᠨ ᠪᠠᠶᠢᠭᠤᠯᠥᠨ ᠭᠡᠷᠡᠭᠵᠢᠬᠦᠯᠦᠨ᠎ᠡ᠃ ᠣᠯᠥᠰ ᠤᠨ ᠦᠮᠴᠢᠯᠠᠯᠳᠦ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠬᠢᠨᠡᠨ ᠪᠤᠳᠣᠬᠤ ᠳᠥᠷᠢᠮ ᠢ ᠳᠡᠬᠦᠯᠳᠡᠷᠵᠢᠬᠦᠯᠵᠦ᠂ ᠬᠢᠯᠢ ᠶᠢᠨ ᠭᠠᠳᠠᠨᠠᠬᠢ ᠣᠯᠥᠰ ᠤᠨ ᠬᠦᠷᠦᠩᠬᠡ ᠶᠢᠨ ᠠᠮᠥᠷ ᠳᠥᠪᠰᠢᠨ ᠢ ᠬᠠᠮᠠᠭᠠᠯᠠᠨ᠎ᠠ᠃ ᠬᠢᠯᠢ ᠳᠣᠳᠣᠷᠡᠬᠢ ᠠᠵᠦ ᠠᠬᠤᠶᠢᠯᠠᠯ ᠢ ᠵᠢᠯᠥᠭᠤᠳᠴᠥ ᠪᠠᠶᠢᠭᠠᠳ ᠳᠡᠬᠦᠨ ᠤ ᠡᠵᠡᠮᠳᠡᠵᠦ ᠪᠦᠬᠦᠢ ᠬᠢᠯᠢ ᠶᠢᠨ ᠭᠠᠳᠠᠨᠠᠬᠢ ᠠᠵᠦ ᠠᠬᠤᠶᠢᠯᠠᠯ ᠤᠨ ᠬᠢᠨᠡᠯᠳᠡ ᠬᠠᠮᠢᠶᠡᠷᠦᠯᠳᠡ ᠶᠢ ᠴᠢᠩᠭᠠᠳᠬᠠᠵᠦ᠂ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠰᠢᠢᠳᠪᠦᠷᠢᠳᠦ ᠪᠤᠳᠣᠯᠭ᠎ᠠ ᠲᠣᠠᠠᠳᠠᠭᠠᠬᠤ᠂ ᠡᠳ᠋ ᠤᠨ ᠶᠠᠪᠤᠳᠡᠯ ᠤᠨ ᠬᠠᠮᠢᠶᠡᠷᠦᠯᠳᠡ ᠪᠠ ᠲᠣᠠᠠᠳᠠᠭᠠᠯ ᠠᠴᠠ ᠵᠦᠷᠢᠴᠡᠭᠰᠡᠨ ᠬᠠᠷᠢᠭᠤᠴᠠᠯᠭ᠎ᠠ ᠨᠡᠭᠡᠮᠵᠢᠯᠡᠬᠦ ᠳᠥᠷᠢᠮ ᠢ ᠪᠠᠶᠢᠭᠤᠯᠥᠨ ᠪᠦᠷᠢᠨᠰᠢᠬᠦᠯᠦᠨ᠎ᠠ᠃      ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠬᠤᠳᠠᠯᠳᠣᠭᠠᠨ ᠤ ᠶᠠᠪᠤᠳᠡᠯ ᠤᠨ ᠳᠢᠩᠬᠢᠮ᠂ ᠣᠯᠥᠰ ᠤᠨ ᠡᠳ᠋ ᠬᠦᠷᠥᠩᠬᠡ ᠶᠢᠨ ᠵᠦᠪᠯᠡᠯ᠂ ᠠᠷᠡᠳ ᠤᠨ ᠪᠠᠩᠬᠢ ᠶᠢᠨ ᠬᠦᠬᠡᠬᠤᠳᠡ ᠲᠥᠪ ᠰᠠᠯᠪᠦᠷᠢ ᠪᠠᠩᠬᠢ      ︵ᠳᠥᠷᠪᠡ︶ ᠦᠢᠯᠡᠴᠢᠯᠡᠭᠡᠨ ᠤ ᠰᠢᠰᠲ᠋ᠧᠮᠵᠢ ᠶᠢ ᠪᠦᠷᠢᠨᠰᠢᠬᠦᠯᠦᠨ᠎ᠠ᠃ ᠠᠵᠦ ᠠᠬᠤᠶᠢᠯᠠᠯ ᠤᠨ ᠳᠥᠭᠰᠢᠬᠦᠷᠢ ᠶᠡᠭᠡᠳᠡᠢ ᠣᠯᠥᠰ ᠪᠠ ᠭᠠᠵᠡᠷ ᠣᠷᠣᠨ ᠳᠤ ᠣᠴᠢᠵᠦ ᠪᠡᠯᠡ ᠣᠷᠣᠭᠤᠯᠥᠯᠳᠡ ᠬᠢᠬᠦ ᠶᠢᠨ ᠵᠢᠯᠥᠭᠤᠳᠣᠯᠭ᠎ᠠ ᠪᠠ ᠬᠢᠨᠡᠯᠳᠡ ᠳᠡᠯᠪᠢᠯᠳᠡ ᠶᠢ ᠴᠢᠩᠭᠠᠳᠬᠠᠵᠦ᠂ ᠠᠵᠦ ᠠᠬᠤᠶᠢᠯᠠᠯ ᠳᠤ ᠴᠠᠭ ᠲᠣᠬᠠᠢ ᠳᠤᠨᠢ ᠣᠯᠥᠰ ᠤᠨ ᠬᠠᠮᠢᠶ᠎ᠠ ᠪᠦᠬᠦᠢ ᠶᠠᠮᠣᠨ ᠵᠦᠪᠯᠡᠯ ᠤᠨ ᠨᠡᠶᠢᠳᠡᠯᠡᠭᠰᠡᠨ ᠣᠯᠥᠰ ᠤᠨ ᠢᠯᠭᠠᠭ᠎ᠠ ᠲᠠᠢ ᠪᠡᠯᠡ ᠣᠷᠣᠭᠤᠯᠥᠯᠳᠡ ᠶᠢᠨ ᠵᠢᠯᠥᠭᠤᠳᠬᠤ ᠳᠥᠷᠥ ᠶᠢᠨ ᠪᠤᠳᠣᠯᠭ᠎ᠠ ᠶᠢ ᠣᠬᠠᠭᠤᠯᠥᠨ ᠵᠢᠯᠥᠭᠤᠳᠴᠥ᠂ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠳᠥᠭᠰᠢᠬᠦᠷᠢ ᠶᠢᠨ ᠦᠵᠡᠯ ᠣᠬᠠᠮᠰᠡᠷ ᠢ ᠴᠢᠩᠭᠠᠷᠡᠭᠤᠯᠥᠨ᠂ ᠠᠵᠦ ᠠᠬᠤᠶᠢᠯᠠᠯ ᠢ ᠬᠦᠳᠥᠯᠥᠨ ᠵᠢᠯᠥᠭᠤᠳᠴᠥ ᠪᠠᠶᠢᠭᠠᠳ ᠬᠠᠮᠳᠣᠷᠡᠯᠴᠠᠭ᠎ᠠ ᠬᠢᠵᠦ ᠪᠠᠶᠢᠭ᠎ᠠ ᠣᠯᠥᠰ ᠤᠨ ᠬᠠᠦᠯᠢ ᠴᠠᠭᠠᠵᠠ ᠬᠠᠦᠯᠢ ᠲᠣᠠᠠᠳᠠᠭᠠᠯ ᠪᠠ ᠬᠢᠨᠡᠯᠳᠡ ᠬᠠᠮᠢᠶᠡᠷᠦᠯᠳᠡ ᠶᠢᠨ ᠳᠥᠷᠢᠮ ᠢ ᠵᠢᠷᠣᠮᠯᠠᠭᠤᠯᠵᠦ᠂ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠵᠦ ᠡᠵᠡᠩᠨᠡᠯᠳᠡ ᠬᠢᠬᠦ ᠬᠢᠷᠢ ᠭᠡᠮᠵᠢᠶ᠎ᠠ ᠶᠢ ᠳᠡᠭᠡᠭᠰᠢᠯᠡᠬᠦᠯᠦᠨ᠎ᠡ᠃ ᠠᠵᠦ ᠠᠬᠤᠶᠢᠯᠠᠯ ᠤᠨ ᠬᠢᠯᠢ ᠶᠢᠨ ᠭᠠᠳᠠᠨᠠᠬᠢ ᠳᠥᠷᠦᠯ ᠵᠦᠢᠯ ᠤᠨ ᠠᠮᠥᠷ ᠳᠥᠪᠰᠢᠨ ᠤ ᠳᠥᠭᠰᠢᠬᠦᠷᠢ ᠶᠢᠨ ᠦᠨᠡᠯᠡᠨ ᠵᠢᠱᠢᠯᠳᠡ ᠬᠢᠬᠦ ᠶᠢ ᠰᠢᠮᠳᠠᠭᠤᠯᠵᠦ᠂ ᠳᠥᠷᠦᠯ ᠵᠦᠢᠯ ᠤᠨ ᠠᠮᠥᠷ ᠳᠥᠪᠰᠢᠨ ᠤ ᠳᠥᠭᠰᠢᠬᠦᠷᠢ ᠶᠢ ᠣᠷᠢᠳᠴᠢᠯᠠᠨ ᠵᠢᠱᠢᠵᠦ ᠠᠷᠭᠠᠴᠠᠬᠤ ᠶᠢ ᠰᠠᠶᠢᠳᠣᠷ ᠬᠢᠵᠦ᠂ ᠠᠮᠥᠷ ᠢ ᠬᠠᠮᠠᠭᠠᠯᠠᠬᠤ ᠳᠥᠷᠢᠮ ᠢ ᠪᠠᠶᠢᠭᠤᠯᠥᠨ ᠳᠡᠬᠦᠯᠳᠡᠷᠵᠢᠬᠦᠯᠵᠦ᠂ ᠠᠮᠥᠷ ᠢ ᠬᠠᠮᠠᠭᠠᠯᠠᠬᠤ ᠪᠤᠯᠪᠠᠰᠣᠷᠡᠭᠤᠯᠥᠯ ᠢ ᠴᠢᠩᠭᠠᠳᠬᠠᠨ᠂ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠠᠮᠥᠷ ᠳᠥᠪᠰᠢᠨ ᠤ ᠳᠥᠭᠰᠢᠬᠦᠷᠢ ᠶᠢ ᠰᠡᠷᠭᠡᠶᠢᠯᠡᠨ ᠬᠤᠷᠢᠠᠠᠯᠠᠬᠤ ᠴᠢᠳᠡᠪᠦᠷᠢ ᠶᠢ ᠳᠡᠭᠡᠭᠰᠢᠯᠡᠬᠦᠯᠦᠨ᠎ᠡ᠃ ᠡᠯ᠎ᠠ ᠳᠥᠷᠦᠯ ᠤᠨ ᠬᠠᠮᠳᠣᠷᠡᠯᠴᠠᠭ᠎ᠠ ᠶᠢᠨ ᠲᠣᠠᠠᠳᠡᠴᠠ ᠪᠠ ᠬᠠᠮᠳᠣᠷᠡᠯᠴᠠᠭ᠎ᠠ ᠶᠢᠨ ᠳᠡᠪᠴᠠᠩ ᠤᠨ ᠦᠢᠯᠡᠳᠣᠯ ᠢ ᠬᠦᠢᠴᠡᠳ ᠪᠠᠳᠡᠷᠡᠭᠤᠯᠵᠦ᠂ ᠬᠦᠷᠥᠩᠬᠡ ᠶᠢᠨ ᠦᠨᠡᠯᠡᠨ ᠵᠢᠱᠢᠯᠲᠡ᠂ ᠬᠠᠦᠯᠢ ᠴᠠᠭᠠᠵᠠ ᠶᠢᠨ ᠦᠢᠯᠡᠴᠢᠯᠡᠭᠡᠨ᠂ ᠨᠢᠠᠠᠳᠡᠯᠡᠨ ᠪᠤᠳᠣᠬᠤ ᠶᠢᠨ ᠦᠢᠯᠡᠴᠢᠯᠡᠭᠡᠨ᠂ ᠭᠠᠶᠢᠯᠢ ᠶᠢᠨ ᠶᠠᠪᠤᠳᠡᠯ ᠤᠨ ᠦᠢᠯᠡᠴᠢᠯᠡᠬᠡᠨ᠂ ᠢᠳᠡᠭᠡᠮᠵᠢ ᠶᠢᠨ ᠳᠡᠰ ᠤᠨ ᠦᠨᠡᠯᠡᠯᠳᠡ᠂ ᠪᠡᠯᠡ ᠣᠷᠣᠭᠤᠯᠥᠯᠳᠡ ᠶᠢᠨ ᠵᠦᠪᠯᠡᠭᠴᠢ᠂ ᠵᠢᠷᠤᠭ ᠳᠥᠯᠥᠪᠯᠡᠭᠡ ᠶᠢᠨ ᠯᠠᠪᠯᠠᠯᠭ᠎ᠠ᠂ ᠳᠥᠭᠰᠢᠬᠦᠷᠢ ᠶᠢᠨ ᠦᠨᠡᠯᠡᠨ ᠵᠢᠱᠢᠯᠲᠡ᠂ ᠭᠡᠷᠡᠴᠢᠯᠡᠯ᠂ ᠳᠡᠰᠣᠯᠥᠯᠳᠡ ᠵᠡᠷᠭᠡ ᠬᠠᠮᠢᠶ᠎ᠠ ᠪᠦᠬᠦᠢ ᠵᠠᠭᠤᠴᠢᠯᠠᠬᠤ ᠪᠠᠶᠢᠭᠤᠯᠥᠮᠵᠢ ᠶᠢᠨ ᠬᠦᠭᠵᠢᠯᠳᠡ ᠶᠢ ᠳᠡᠮᠵᠢᠵᠦ᠂ ᠠᠵᠢᠯ ᠳᠥᠷᠦᠯ ᠤᠨ ᠨᠡᠶᠢᠭᠡᠮᠯᠢᠭ ᠬᠤᠳᠠᠯᠳᠣᠭᠠᠴᠢᠳ ᠤᠨ ᠡᠪᠯᠡᠯ ᠤᠨ ᠦᠢᠯᠡᠳᠣᠯ ᠢ ᠪᠠᠳᠡᠷᠡᠭᠤᠯᠬᠤ ᠶᠢ ᠴᠢᠬᠤᠯᠠᠴᠢᠯᠡᠨ᠂ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠳᠤ ᠵᠠᠬ᠎ᠠ ᠳᠡᠯᠭᠡᠬᠦᠷᠴᠢᠯᠡᠭᠰᠡᠨ᠂ ᠨᠡᠶᠢᠭᠡᠮᠴᠢᠯᠡᠭᠰᠡᠨ᠂ ᠣᠯᠡᠨ ᠣᠯᠥᠰᠴᠢᠯᠬᠠᠰᠠᠨ ᠬᠤᠳᠠᠯᠳᠣᠭᠠᠨ ᠤ ᠯᠠᠪᠯᠠᠭ᠎ᠠ ᠶᠢᠨ ᠦᠢᠯᠡᠴᠢᠯᠡᠬᠡᠨ ᠬᠠᠩᠭᠠᠵᠦ᠂ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠵᠦ ᠡᠵᠡᠩᠨᠡᠯᠳᠡ ᠬᠢᠬᠦ ᠶᠢᠨ ᠳᠥᠭᠰᠢᠬᠦᠷᠢ ᠶᠢ ᠪᠠᠭᠠᠰᠬᠠᠨ᠎ᠠ᠃      ᠬᠠᠷᠢᠭᠤᠴᠠᠯᠭᠠᠳᠦ ᠨᠢᠭᠡᠴᠡ᠄ ᠦᠪᠡᠷᠳᠡᠭᠡᠨ ᠵᠠᠰᠠᠬᠤ ᠣᠷᠣᠨ ᠤ ᠬᠦᠭᠵᠢᠬᠦᠯᠥᠯᠳᠡ ᠦᠭᠡᠷᠡᠴᠢᠯᠡᠯᠳᠡ ᠶᠢᠨ ᠵᠦᠪᠯᠡᠯ᠂ ᠭᠠᠳᠠᠭᠠᠳᠣ ᠶᠠᠪᠤᠳᠡᠯ ᠤᠨ ᠠᠯᠪᠠᠨ ᠭᠡᠷ᠂ ᠬᠤᠳᠠᠯᠳᠣᠭᠠᠨ ᠤ ᠶᠠᠪᠤᠳᠡᠯ ᠤᠨ ᠳᠢᠩᠬᠢᠮ      ᠡᠯ᠎ᠠ ᠰᠠᠯᠠᠭ᠎ᠠ ᠮᠦᠴᠢᠷ ᠤᠳ ᠨᠢᠭᠡᠳᠦᠯᠳᠡᠢ ᠳᠥᠯᠥᠪᠯᠡᠨ ᠵᠣᠬᠢᠴᠡᠭᠤᠯᠬᠤ ᠶᠢ ᠴᠢᠩᠭᠠᠳᠬᠠᠨ᠂ ᠡᠬᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠡᠷᠢᠯᠡᠯ ᠶᠣᠰᠣᠭᠠᠷ᠂ ᠨᠢᠠᠠᠲᠡ ᠵᠤᠬᠢᠴᠠᠯᠳᠣᠨ ᠬᠠᠮᠵᠢᠯᠴᠠᠵᠤ ᠪᠦᠬᠦᠯᠢ ᠴᠣᠠᠠᠴᠠ ᠶᠢᠨ ᠨᠡᠶᠢᠯᠡᠮᠠᠯ ᠬᠦᠴᠣᠨ ᠢ ᠪᠦᠷᠢᠯᠳᠦᠬᠦᠯᠵᠦ᠂ ᠮᠠᠨ ᠤ ᠣᠷᠣᠨ ᠤ ᠠᠵᠦ ᠠᠬᠤᠶᠢᠯᠠᠯ ᠤᠨ ᠬᠢᠯᠢ ᠶᠢᠨ ᠭᠠᠳᠠᠨ᠎ᠠ ᠪᠡᠯᠡ ᠣᠷᠣᠭᠤᠯᠥᠯᠳᠡ ᠬᠢᠬᠦ ᠶᠢᠨ ᠴᠢᠭᠯᠡᠯ ᠢ ᠬᠦᠳᠦᠯᠥᠨ ᠵᠢᠯᠥᠭᠤᠳᠬᠤ ᠪᠠ ᠵᠢᠷᠣᠮᠵᠢᠭᠤᠯᠥᠨ᠂ ᠬᠠᠮᠢᠶ᠎ᠠ ᠪᠦᠬᠦᠢ ᠠᠵᠢᠯ ᠢ ᠯᠠᠪᠳᠠᠭᠤᠨ ᠢᠶᠠᠷ ᠠᠬᠢᠭᠤᠯᠵᠦ᠂ ᠪᠤᠳᠡᠳᠣ ᠦᠷ᠎ᠠ ᠪᠦᠳᠦᠮᠵᠢ ᠣᠯᠬᠤ ᠶᠢ ᠦᠨᠡᠨᠬᠦ ᠪᠠᠳᠣᠯᠠᠬᠤ ᠭᠡᠷᠡᠭᠳᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号