ᠳᠤᠮᠳᠠᠳᠤ ᠣᠷᠣᠰ ᠮᠣᠩᠭᠤᠯ ᠺᠠᠽᠠᠭᠰᠲ᠋ᠠᠨ ᠤ ᠵᠠᠯᠠᠭᠤ ᠪᠠᠭᠠᠴᠤᠳ ᠤᠨ ᠵᠤᠰᠠᠯᠠᠩ ᠤᠨ ᠵᠢᠭᠤᠯᠴᠢᠯᠠᠯ ᠤᠨ ᠰᠣᠯᠢᠯᠴᠠᠭᠠᠨ ᠤ ᠠᠵᠢᠯᠯᠠᠭ᠎ᠠ ᠡᠬᠢᠯᠡᠪᠡ
ᠨᠡᠶᠢᠲᠡᠯᠡᠭᠰᠡᠨ ᠴᠠᠭ᠄
2018/6/22
     
     6 ᠳ᠋ᠤᠭᠠᠷ ᠰᠠᠷ᠎ᠠ ᠶᠢᠨ 21᠎ ᠤ ᠡᠳᠦᠷ ᠂ ᠥᠪᠡᠷᠲᠡᠭᠡᠨ ᠵᠠᠰᠠᠬᠤ ᠣᠷᠣᠨ ᠤ ᠵᠢᠭᠤᠯᠴᠢᠯᠠᠯ ᠤᠨ ᠲᠣᠪᠴᠢᠶ᠎ᠠ ᠠᠴᠠ ᠭᠤᠣᠯᠯᠠᠨ ᠡᠷᠬᠢᠯᠡᠭᠰᠡᠨ ︽ᠨᠥᠬᠦᠷᠯᠡᠯ᠂ ᠡᠩᠬᠡ ᠲᠠᠶᠢᠪᠤᠩ᠂ ᠵᠠᠯᠠᠭᠤᠴᠤᠳ ᠤᠨ ᠡᠯᠴᠢ︾ ᠳᠤᠮᠳᠠᠳᠤ ᠣᠷᠣᠰ ᠮᠣᠩᠭᠤᠯ ᠺᠠᠽᠠᠭᠰᠲ᠋ᠠᠨ ᠤ ᠵᠠᠯᠠᠭᠤ ᠪᠠᠭᠠᠴᠤᠳ ᠤᠨ ᠵᠤᠰᠠᠯᠠᠩ ᠤᠨ ᠵᠢᠭᠤᠯᠴᠢᠯᠠᠯ ᠤᠨ ᠠᠵᠢᠯᠯᠠᠭ᠎ᠠ ᠎ ᠨᠢ ᠥᠪᠡᠷᠲᠡᠭᠡᠨ ᠵᠠᠰᠠᠬᠤ ᠣᠷᠣᠨ ᠤ ᠮᠧᠩ ᠼᠣᠣ ᠡᠪᠡᠰᠤᠨ ᠦᠵᠡᠰᠬᠦᠯᠡᠩ ᠤᠨ ᠬᠦᠷᠢᠶᠡᠯᠡᠩ ᠳᠤ ᠡᠬᠢᠯᠡᠪᠡ᠃      ᠵᠣᠰᠠᠯᠠᠩ ᠡᠬᠢᠯᠡᠬᠦ ᠶᠣᠰᠣᠯᠠᠯ ᠳᠤ᠂ ᠢᠷᠠᠭᠤ ᠡᠭᠡᠰᠢᠭᠯᠡᠩᠲᠦ ᠪᠠᠶᠠᠷ ᠪᠠᠶᠠᠰᠤᠯᠳᠤ ᠳᠠᠭᠤᠤ ᠪᠥᠵᠢᠭ ᠤᠨ ᠳᠤᠮᠳᠠ᠂ ᠳᠤᠮᠳᠠᠳᠤ᠂ ᠤᠷᠤᠰ᠂ ᠮᠣᠩᠭᠤᠯ᠂ ᠺᠠᠽᠠᠭᠰᠲ᠋ᠠᠨ ᠪᠦᠭᠦᠳᠡ ᠨᠠᠶᠢᠷᠠᠮᠳᠠᠬᠤ ᠤᠯᠤᠰ ᠤᠨ 4 ᠤᠯᠤᠰ ᠤᠨ 200 ᠭᠠᠷᠤᠢ ᠬᠥᠮᠥᠰ ᠨᠥᠬᠦᠷᠯᠡᠯ ᠤᠨ ᠬᠤᠯᠪᠣᠭᠠᠨ ᠤ ᠰᠣᠯᠢᠯᠴᠠᠭ᠎ᠠ ᠪᠠ ᠤᠳᠬ᠎ᠠ ᠤᠷᠠᠯᠢᠭ ᠤᠨ ᠲᠣᠭᠯᠠᠯᠲᠠ ᠥᠷᠨᠢᠭᠦᠯᠪᠡ᠃      ᠲᠣᠰ ᠵᠤᠰᠠᠯᠠᠩ ᠤᠨ ᠵᠢᠭᠤᠯᠴᠢᠯᠠᠯ ᠤᠨ ᠰᠣᠯᠢᠯᠴᠠᠭᠠᠨ ᠤ ᠠᠵᠢᠯᠯᠠᠭ᠎ᠠ ᠨᠢ ᠪᠠᠶᠠᠯᠢᠭ ᠰᠠᠶᠢᠬᠠᠨ ᠠᠭᠤᠯᠭ᠎ᠠ ᠲᠠᠢ᠂ 4 ᠡᠳᠦᠷ ᠶᠠᠪᠤᠭᠳᠠᠨ᠎ᠠ᠂ ᠮᠠᠨ ᠤ ᠣᠷᠣᠨ ᠤ ᠠᠶᠢᠮᠠᠭ ᠬᠤᠲᠠ ᠶᠢᠨ ᠵᠢᠭᠤᠯᠴᠢᠯᠠᠯ ᠤᠨ ᠡᠬᠢ ᠪᠠᠶᠠᠯᠢᠭ᠂ ᠳᠡᠯᠡᠬᠡᠢ ᠶᠢᠨ ᠹᠠᠱᠢᠰ ᠢ ᠡᠰᠡᠷᠭᠦᠴᠡᠬᠦ ᠳᠠᠶᠢᠨ ᠤ ᠳᠤᠷᠠᠰᠬᠠᠯ ᠤᠨ ᠬᠦᠷᠢᠶᠡᠯᠡᠩ᠂ ᠡᠷᠢᠶᠡᠨ ᠬᠤᠲᠠ ᠶᠢᠨ ᠠᠪᠤᠷᠭᠤ ᠭᠦᠷᠪᠡᠯ ᠤᠨ ᠮᠦᠽᠧᠢ᠂ ᠡᠪᠡᠰᠤᠨ ᠦᠵᠡᠰᠬᠦᠯᠡᠩ ᠤᠨ ᠬᠦᠷᠢᠶᠡᠯᠡᠩ᠂ ᠥᠪᠥᠷ ᠮᠣᠩᠭᠤᠯ ᠤᠨ ᠮᠦᠽᠧᠢ ᠂ ᠤᠯᠤᠰ ᠤᠨ ᠳᠣᠲᠣᠭᠠᠳᠤ ᠶᠢᠨ ᠬᠤᠲᠠ ᠪᠠᠷ ᠠᠴᠢᠶᠠᠯᠠᠪᠤᠷᠢ ᠶᠢᠨ ᠲᠥᠪ ᠪᠣᠯᠭᠠᠭᠰᠠᠨ ᠠᠩᠬᠠᠳᠠᠭᠴᠢ 4A ᠳᠡᠰ ᠤᠨ ᠦᠵᠡᠮᠵᠢ ᠶᠢᠨ ᠣᠷᠣᠨ ᠬᠢᠶ᠎ᠠ ᠪᠠᠭᠰᠢ ᠵᠢᠭᠤᠯᠴᠢᠯᠠᠯ ᠤᠨ ᠲᠣᠭᠤᠷᠢᠭ ᠵᠡᠷᠭᠡ ᠪᠠᠷ ᠲᠣᠭᠤᠷᠢᠨ ᠦᠵᠡᠵᠦ᠂ ᠪᠠᠰᠠ ᠣᠷᠳᠣᠰ ᠤᠨ ᠪᠦᠷᠢᠶ᠎ᠡ ᠮᠠᠩᠬ᠎ᠠ ᠳᠤ ᠮᠣᠩᠭᠤᠯ ᠬᠤᠪᠴᠠᠰᠤ ᠵᠠᠰᠠᠯ᠂ ᠪᠥᠵᠢᠭ᠂ ᠲᠦᠳᠡᠭ ᠭᠠᠯ ᠤᠨ ᠦᠳᠡᠰᠢᠯᠡᠭᠡ᠂ ᠮᠣᠩᠭᠤᠯ ᠦᠨᠳᠦᠰᠦᠲᠡᠨ ᠤ ᠳᠠᠬᠢᠯᠭ᠎ᠠ ᠵᠡᠷᠭᠡ ᠰᠣᠶᠣᠯ ᠪᠡᠶ᠎ᠡ ᠶᠢᠨ ᠲᠠᠮᠢᠷ ᠤᠨ ᠦᠢᠯᠡᠳᠦᠯᠭᠡ ᠶᠢᠨ ᠰᠢᠷᠢᠰ ᠠᠵᠢᠯᠯᠠᠭ᠎ᠠ ᠶᠢ ᠲᠤᠭᠤᠷᠢᠨ ᠦᠵᠡᠵᠦ᠂ ᠲᠠᠯ᠎ᠠ ᠨᠤᠲᠤᠭ ᠤᠨ ᠵᠠᠩ ᠦᠢᠯᠡ ᠪᠠ ᠥᠪᠥᠷ ᠮᠣᠩᠭᠤᠯ ᠤᠨ ᠰᠣᠶᠣᠯ ᠤᠨ ᠰᠣᠳᠣᠨ ᠭᠠᠶᠢᠬᠠᠮᠰᠢᠭ ᠢ ᠣᠶᠢᠯᠠᠭᠠᠬᠤ ᠪᠣᠯᠣᠨ᠎ᠠ᠃        
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号