ᠥᠪᠥᠷ ᠮᠣᠩᠭᠤᠯ ᠵᠢᠷᠮᠦᠰᠦᠯᠡᠬᠦ ᠠᠴᠠ ᠡᠮᠦᠨᠡᠬᠢ ᠴᠢᠭᠢᠷᠠᠭ ᠲᠥᠷᠥᠭᠦᠯᠬᠦ ᠡᠷᠡᠭᠦᠯ ᠮᠡᠨᠳᠦ ᠶᠢᠨ ᠪᠠᠶᠢᠴᠠᠭᠠᠯᠲᠠ ᠶᠢ ᠰᠦᠢᠳᠬᠡᠯ ᠬᠤᠷᠢᠶᠠᠬᠤ ᠦᠭᠡᠢ ᠪᠠᠷ ᠬᠢᠵᠦ ᠥᠭᠬᠦ ᠶᠢ ᠯᠠᠪᠳᠠᠭᠤᠨ ᠢᠶᠠᠷ ᠲᠦᠯᠬᠢᠨ ᠠᠬᠢᠭᠤᠯᠵᠤ ᠪᠣᠢ
ᠨᠡᠶᠢᠲᠡᠯᠡᠭᠰᠡᠨ ᠴᠠᠭ᠄
2018/8/7
     ᠦᠢᠷ᠎ᠠ ᠶᠢᠨ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠮᠡᠳᠡᠭᠳᠡᠯ ᠪᠠᠭᠤᠯᠭᠠᠵᠤ᠂ ᠨᠢᠷᠠᠶ ᠬᠡᠦᠬᠡᠳ ᠤᠨ ᠡᠪᠡᠳᠴᠢᠨ ᠡᠮᠭᠡᠭ ᠤᠨ ᠡᠪᠡᠳᠴᠢᠨ ᠤ ᠲᠥᠷᠥᠯ ᠢ ᠰᠢᠭᠰᠢᠨ ᠪᠠᠶᠢᠴᠠᠭᠠᠯᠲᠠ ᠬᠢᠬᠦ ᠶᠢ ᠥᠷᠭᠡᠳᠬᠡᠨ᠂ ᠨᠢᠷᠠᠶ ᠬᠡᠦᠬᠡᠳ ᠤᠨ ᠲᠥᠷᠥᠯᠬᠢ ᠴᠢᠨᠠᠷᠲᠠᠶ ᠪᠠᠮᠪᠠᠢ ᠪᠤᠯᠴᠢᠷᠬᠠᠶ ᠶᠢᠨ ᠠᠵᠢᠯᠯᠠᠭ᠎ᠠ ᠪᠠᠭᠤᠷᠠᠬᠤ ᠬᠡᠮ᠂ ᠹᠤᠨᠢᠯ ᠫᠷᠣᠫᠠ ᠺᠤᠲ᠋ᠣᠨᠲᠣ ᠰᠢᠭᠡᠰᠦᠨ ᠡᠪᠡᠳᠴᠢᠨ ᠤ ᠰᠢᠭᠰᠢᠨ ᠪᠠᠶᠢᠴᠠᠭᠠᠬᠤ ᠨᠤᠷᠮ᠎ᠠ ᠶᠢ ᠪᠦᠷ 90%᠎ ᠠᠴᠠ ᠳᠡᠭᠡᠭᠰᠢ ᠳᠤ ᠬᠦᠷᠦᠭᠦᠯᠵᠦ᠂ ᠨᠢᠷᠠᠶ ᠬᠡᠦᠬᠡᠳ ᠤᠨ ᠰᠣᠨᠣᠷ ᠤᠨ ᠰᠢᠭᠰᠢᠨ ᠪᠠᠶᠢᠴᠠᠭᠠᠬᠤ ᠨᠣᠷᠮ᠎ᠠ ᠶᠢ 70%᠎ ᠠᠴᠠ ᠳᠡᠭᠡᠭᠰᠢ ᠳᠤ ᠬᠦᠷᠦᠭᠦᠯᠵᠦ᠂ ᠵᠢᠷᠮᠦᠰᠦᠯᠡᠬᠦ ᠠᠴᠠ ᠡᠮᠦᠨᠡᠬᠢ ᠴᠢᠭᠢᠷᠠᠭ ᠲᠥᠷᠥᠭᠦᠯᠬᠦ ᠡᠷᠡᠭᠦᠯ ᠮᠡᠨᠳᠤ ᠶᠢᠨ ᠪᠠᠶᠢᠴᠠᠭᠠᠯᠲᠠ ᠶᠢ ᠰᠦᠢᠳᠬᠡᠯ ᠬᠤᠷᠢᠶᠠᠬᠤ ᠦᠭᠡᠢ ᠪᠠᠷ ᠬᠢᠵᠦ ᠥᠭᠬᠦ ᠬᠠᠷᠠᠯᠲᠠ ᠶᠢ 80%᠎ ᠠᠴᠠ ᠳᠡᠭᠡᠭᠰᠢ ᠬᠦᠮᠦᠰ ᠲᠤ ᠪᠦᠷᠬᠦᠭᠦᠯᠦᠭᠡᠳ᠂ ᠮᠡᠳᠡᠷᠡᠯ ᠤᠨ ᠭᠤᠤᠷᠰᠤ ᠳᠤᠲᠠᠭᠤ ᠡᠪᠡᠳᠴᠢᠨ ᠤ ᠡᠭᠦᠰᠬᠦ ᠨᠤᠷᠮ᠎ᠠ ᠶᠢ ᠠᠯᠬᠤᠮ ᠠᠯᠬᠤᠮ ᠢᠶᠠᠷ ᠪᠠᠭᠠᠰᠬᠠᠬᠤ ᠬᠡᠷᠡᠭᠲᠡᠢ ᠭᠡᠪᠡ᠃      ᠮᠡᠳᠡᠭᠳᠡᠯ ᠳᠤ ᠴᠢᠬᠤᠯᠠᠴᠢᠯᠠᠭᠰᠠᠨ ᠨᠢ᠂ ᠪᠥᠬᠦ ᠣᠷᠣᠨ ᠳᠤ ︽ᠵᠠᠰᠠᠭ ᠤᠨ ᠣᠷᠳᠣᠨ ᠭᠤᠣᠯᠯᠠᠨ ᠤᠳᠤᠷᠢᠳᠬᠤ᠂ ᠰᠠᠯᠠᠭ᠎ᠠ ᠮᠥᠴᠢᠷ ᠬᠠᠮᠵᠢᠯᠴᠠᠬᠤ᠂ ᠨᠡᠶᠢᠭᠡᠮ ᠤᠨ ᠬᠢᠨ ᠣᠷᠣᠯᠴᠠᠬᠤ︾ ᠵᠡᠷᠡᠮᠳᠡᠭ ᠲᠦᠷᠦᠭᠦ ᠶᠢ ᠰᠡᠷᠭᠡᠶᠢᠯᠡᠨ ᠵᠠᠰᠠᠬᠤ ᠠᠵᠢᠯ ᠤᠨ ᠤᠷᠳᠤ ᠬᠤᠭᠤᠴᠠᠭᠠᠨ ᠤ ᠪᠦᠲᠦᠮᠵᠢᠲᠡᠢ ᠲᠣᠭᠲᠠᠴᠠ ᠶᠢ ᠪᠠᠶᠢᠭᠤᠯᠵᠤ᠂ ᠬᠤᠳᠠ ᠬᠥᠳᠡᠭᠡ ᠶᠢᠨ ᠰᠠᠭᠤᠭᠠᠯᠢ ᠠᠷᠠᠳ ᠢ ᠪᠦᠷᠬᠦᠭᠰᠡᠨ᠂ ᠤᠷᠤᠭᠯᠠᠬᠤ ᠠᠴᠠ ᠡᠮᠦᠨᠡᠬᠢ᠂ ᠵᠢᠷᠮᠦᠰᠦᠯᠡᠬᠦ ᠠᠴᠠ ᠡᠮᠦᠨᠡᠬᠢ᠂ ᠵᠢᠷᠮᠦᠰᠦᠨ ᠬᠤᠭᠤᠴᠠᠭ᠎ᠠ᠂ ᠨᠢᠷᠠᠶ ᠬᠡᠦᠬᠡᠳ ᠵᠡᠷᠭᠡ ᠡᠯ᠎ᠡ ᠱᠠᠳᠤ ᠦᠶ᠎ᠡ ᠶᠢ ᠬᠠᠮᠤᠷᠤᠭᠰᠠᠨ ᠵᠡᠷᠡᠮᠳᠡᠭ ᠲᠦᠷᠦᠭᠦ ᠶᠢ ᠰᠡᠷᠭᠡᠶᠢᠯᠡᠨ ᠵᠠᠰᠠᠬᠤ ᠦᠶᠯᠡᠴᠢᠯᠡᠭᠡᠨ ᠤ ᠲᠦᠷᠢᠮ ᠢ ᠪᠠᠶᠢᠭᠤᠯᠬᠤ ᠬᠡᠷᠡᠭᠲᠡᠶ ᠭᠡᠪᠡ᠃      ᠮᠡᠳᠡᠭᠳᠡᠯ ᠳᠤ ᠱᠠᠭᠠᠷᠳᠠᠭᠰᠠᠨ ᠨᠢ᠂ ᠤᠷᠤᠭᠯᠠᠬᠤ ᠠᠴᠠ ᠡᠮᠦᠨᠡᠬᠢ ᠰᠦᠢᠳᠬᠡᠯ ᠬᠤᠷᠢᠶᠠᠬᠤ ᠦᠭᠡᠢ ᠎ ᠪᠠᠷ ᠠᠨᠠᠭᠠᠬᠤ ᠤᠬᠠᠭᠠᠨ ᠤ ᠪᠠᠶᠢᠴᠠᠭᠠᠯᠲᠠ ᠬᠢᠬᠦ ᠪᠠ ᠵᠢᠷᠮᠦᠰᠦᠯᠡᠬᠦ ᠠᠴᠠ ᠡᠮᠦᠨᠡᠬᠢ ᠴᠢᠭᠢᠷᠠᠭ ᠲᠥᠷᠥᠭᠦᠯᠬᠦ ᠡᠷᠡᠭᠦᠯ ᠮᠡᠨᠳᠦ ᠶᠢᠨ ᠰᠦᠢᠳᠬᠡᠯ ᠬᠤᠷᠢᠶᠠᠬᠤ ᠦᠭᠡᠢ ᠪᠠᠷ ᠪᠠᠶᠢᠴᠠᠭᠠᠯᠲᠠ ᠬᠢᠬᠦ ᠶᠠᠪᠤᠳᠠᠯ ᠢ ᠬᠤᠳᠠ ᠬᠥᠳᠡᠭᠡ ᠶᠢᠨ ᠰᠠᠭᠤᠭᠠᠯᠢ ᠠᠷᠠᠳ ᠪᠦᠬᠦᠨ ᠳᠤ ᠪᠦᠷᠬᠦᠭᠦᠯᠬᠦ ᠶᠢ ᠡᠷᠴᠢᠮᠲᠡᠢ ᠠᠬᠢᠭᠤᠯᠤᠨ ᠨᠠᠶᠢᠳᠠᠪᠤᠷᠢᠵᠢᠭᠤᠯᠵᠦ᠂ ᠤᠷᠤᠭᠯᠠᠬᠤ ᠠᠴᠠ ᠡᠮᠦᠨᠡᠬᠢ᠂ ᠵᠢᠷᠮᠦᠰᠦᠯᠡᠬᠦ ᠠᠴᠠ ᠡᠮᠦᠨᠡᠬᠢ ᠡᠷᠡᠭᠦᠯᠵᠢᠯ ᠪᠠ ᠯᠠᠪᠯᠠᠯᠲᠠ ᠵᠢᠯᠤᠭᠤᠳᠤᠯᠭ᠎ᠠ ᠶᠢ ᠥᠷᠭᠡᠨ ᠳᠡᠯᠭᠡᠷ ᠥᠷᠨᠢᠭᠦᠯᠵᠦ᠂ ᠤᠷᠤᠭᠯᠠᠬᠤ ᠠᠴᠠ ᠡᠮᠦᠨᠡᠬᠢ ᠠᠨᠠᠭᠠᠬᠤ ᠤᠬᠠᠭᠠᠨ ᠤ ᠪᠠᠶᠢᠴᠠᠭᠠᠯᠲᠠ ᠬᠢᠬᠦ᠂ ᠵᠢᠷᠮᠦᠰᠦᠯᠡᠬᠦ ᠠᠴᠠ ᠡᠮᠦᠨᠡᠬᠢ ᠡᠷᠡᠭᠦᠯ ᠮᠡᠨᠳᠦ ᠶᠢᠨ ᠪᠠᠶᠢᠴᠠᠭᠠᠯᠲᠠ ᠶᠢᠨ ᠨᠣᠷᠮ᠎ᠠ ᠪᠣᠯᠣᠨ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠬᠦ ᠬᠡᠷᠡᠭᠲᠡᠢ᠃ ᠨᠠᠪᠴᠢᠨ ᠬᠦᠴᠢᠯ ᠨᠦᠬᠦᠪᠦᠷᠢᠯᠡᠵᠦ ᠮᠡᠳᠡᠷᠡᠯ ᠤᠨ ᠭᠤᠤᠷᠰᠤ ᠳᠤᠲᠠᠭᠤ ᠡᠪᠡᠳᠴᠢᠨ ᠢ ᠤᠷᠢᠳᠴᠢᠯᠠᠨ ᠰᠡᠷᠭᠡᠶᠢᠯᠡᠬᠦ ᠲᠥᠷᠥᠯ ᠵᠦᠢᠯ ᠢ ᠦᠷᠭᠦᠯᠵᠢᠯᠡᠨ ᠬᠡᠷᠡᠭᠵᠢᠭᠦᠯᠵᠦ᠂ ᠬᠤᠳᠠ ᠬᠥᠳᠡᠭᠡ ᠶᠢᠨ ᠲᠦᠷᠦᠯᠲᠡ ᠶᠢᠨ ᠨᠠᠰᠤᠨ ᠤ ᠡᠮᠡᠭᠲᠡᠶᠢᠴᠦᠳ ᠢ ᠵᠢᠯᠣᠭᠤᠳᠣᠨ ᠵᠢᠷᠮᠤᠰᠦᠯᠡᠬᠦ ᠠᠴᠠ ᠡᠮᠦᠨᠡᠬᠢ ᠪᠠ ᠵᠢᠷᠮᠦᠰᠦᠨ ᠤ ᠡᠬᠢᠨ ᠤ ᠬᠤᠭᠤᠴᠠᠭᠠᠨ ᠳᠤ ᠨᠠᠪᠴᠢᠨ ᠬᠦᠴᠢᠯ ᠵᠢᠴᠢ ᠤᠯᠠᠨ ᠲᠦᠷᠦᠯ ᠤᠨ ᠰᠢᠮ᠎ᠡ ᠲᠡᠵᠢᠭᠡᠯ ᠨᠥᠬᠦᠪᠦᠷᠢᠯᠡᠵᠦ᠂ ᠮᠡᠳᠡᠷᠡᠯ ᠤᠨ ᠭᠤᠤᠷᠰᠤ ᠳᠤᠲᠠᠭᠤ ᠡᠪᠡᠳᠴᠢᠨ ᠢ ᠰᠡᠷᠭᠡᠶᠢᠯᠡᠬᠦ ᠬᠡᠷᠡᠭᠲᠡᠢ᠃ ᠬᠥᠩᠭᠡᠵᠢᠬᠦ ᠠᠴᠠ ᠡᠮᠦᠨᠡᠬᠢ ᠰᠢᠭᠰᠢᠨ ᠪᠠᠶᠢᠴᠠᠭᠠᠯᠲᠠ ᠪᠣᠯᠤᠨ ᠬᠥᠩᠭᠡᠵᠢᠬᠦ ᠠᠴᠠ ᠡᠮᠦᠨᠡᠬᠢ ᠣᠨᠣᠰᠢᠯᠠᠯᠲᠠ ᠶᠢᠨ ᠠᠵᠢᠯ ᠢ ᠵᠢᠷᠤᠮᠵᠢᠭᠤᠯᠤᠨ ᠳᠡᠭᠡᠭᠰᠢᠯᠡᠭᠦᠯᠵᠦ᠂ ᠨᠢᠷᠠᠢ ᠬᠡᠦᠬᠡᠳ ᠤᠨ ᠡᠪᠡᠳᠴᠢᠨ ᠡᠮᠭᠡᠭ ᠤᠨ ᠰᠢᠭᠰᠢᠨ ᠪᠠᠶᠢᠴᠠᠭᠠᠯᠲᠠ ᠶᠢ ᠴᠢᠩᠭᠠᠳᠬᠠᠬᠤ ᠬᠡᠷᠡᠭᠲᠡᠶ᠃ ᠲᠥᠷᠥᠯᠬᠢ ᠴᠢᠨᠠᠷᠲᠠᠢ ᠵᠢᠷᠦᠬᠡᠨ ᠡᠪᠡᠳᠴᠢᠨ᠂ ᠳ᠋ᠤᠸᠧᠨ ᠶᠡᠷᠦᠩᠬᠡᠶ ᠬᠡᠮ᠂ ᠳᠦᠯᠡᠶ ᠵᠡᠷᠭᠡ ᠬᠦᠨᠳᠦ ᠨᠣᠴᠢᠲᠠᠶ ᠣᠯᠠᠨ ᠡᠭᠦᠰᠬᠦ ᠵᠡᠷᠡᠮᠳᠡᠭ ᠡᠪᠡᠳᠴᠢᠨ ᠤ ᠰᠡᠷᠭᠡᠶᠢᠯᠡᠨ ᠵᠠᠰᠠᠯᠲᠠ ᠶᠢ ᠴᠢᠩᠭᠠᠳᠬᠠᠵᠤ᠂ ᠲᠥᠷᠥᠯᠬᠢ ᠵᠡᠮᠳᠡᠭ ᠢ ᠪᠠᠭᠠᠰᠬᠠᠬᠤ ᠬᠡᠷᠡᠭᠲᠡᠢ᠃ ᠲᠥᠷᠥᠯᠬᠢ ᠴᠢᠨᠠᠷᠲᠠᠶ ᠪᠦᠲᠦᠴᠡ ᠨᠢ ᠵᠡᠷᠡᠮᠳᠡᠭ ᠪᠣᠯᠣᠨ ᠤᠳᠤᠮᠰᠢᠯ ᠤᠨ ᠰᠣᠯᠢᠯᠴᠠᠭᠠᠨ ᠤ ᠡᠪᠡᠳᠴᠢᠨ ᠤ ᠠᠪᠤᠷᠠᠨ ᠲᠤᠰᠠᠯᠠᠬᠤ ᠲᠥᠷᠥᠯ ᠵᠦᠶᠯ ᠢ ᠬᠡᠷᠡᠭᠵᠢᠭᠦᠯᠵᠦ᠂ ᠡᠪᠡᠳᠴᠢᠨ ᠲᠠᠢ ᠬᠡᠦᠬᠡᠳ ᠤᠨ ᠭᠡᠷ ᠪᠦᠯᠢ ᠵᠢᠴᠢ ᠨᠡᠶᠢᠭᠡᠮ ᠤᠨ ᠳᠠᠷᠤᠭᠠᠰᠤ ᠶᠢ ᠬᠥᠩᠭᠡᠷᠡᠭᠦᠯᠬᠦ ᠬᠡᠷᠡᠭᠲᠡᠶ ᠭᠡᠪᠡ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号