ᠬᠢᠩᠭᠠᠨ ᠠᠶᠢᠮᠠᠭ 2018 ᠣᠨ ᠤ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ ᠶᠢᠨ ᠠᠮᠢᠳᠤᠷᠠᠯ ᠢ ᠠᠪᠤᠷᠠᠨ ᠲᠤᠰᠠᠯᠠᠬᠤ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢᠨ ᠲᠠᠯ᠎ᠠ ᠪᠠᠷ ᠬᠢ ᠠᠶᠢᠮᠠᠭ ᠤᠨ ᠱᠠᠲᠤᠨ ᠤ ᠡᠳ᠋ ᠤᠨ ᠵᠠᠰᠠᠭ ᠤᠨ ᠨᠥᠬᠦᠪᠥᠷᠢ ᠪᠡᠯᠡ ᠮᠥᠩᠭᠦ ᠶᠢ 295 ᠲᠦᠮᠡᠨ ᠲᠥᠭᠦᠷᠢᠭ ᠪᠠᠭᠤᠯᠭᠠᠵᠠᠢ
ᠨᠡᠶᠢᠲᠡᠯᠡᠭᠰᠡᠨ ᠴᠠᠭ᠄
2018/9/18
     ᠤᠷᠴᠢᠮᠬᠠᠨ᠂ ᠬᠢᠩᠭᠠᠨ ᠠᠶᠢᠮᠠᠭ ᠤᠨ ᠡᠳ᠋ ᠤᠨ ᠵᠠᠰᠠᠭ 2018 ᠣᠨ ᠤ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ ᠶᠢᠨ ᠠᠮᠢᠳᠤᠷᠠᠯ ᠢ ᠠᠪᠤᠷᠠᠨ ᠲᠤᠰᠠᠯᠠᠬᠤ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢᠨ ᠲᠠᠯ᠎ᠠ ᠪᠠᠷ ᠬᠢ ᠠᠶᠢᠮᠠᠭ ᠤᠨ ᠱᠠᠲᠤᠨ ᠤ ᠡᠳ᠋ ᠤᠨ ᠵᠠᠰᠠᠭ ᠤᠨ ᠨᠥᠬᠦᠪᠥᠷᠢ ᠪᠡᠯᠡ ᠮᠥᠩᠭᠦ ᠶᠢ 295 ᠲᠦᠮᠡᠨ ᠲᠥᠭᠦᠷᠢᠭ ᠪᠠᠭᠤᠯᠭᠠᠪᠠ᠃ 2017 ᠣᠨ ᠠᠴᠠ 2020 ᠣᠨ ᠤ ᠵᠢᠯ ᠤᠨ ᠡᠴᠦᠰ ᠪᠤᠯᠲᠠᠯ᠎ᠠ᠂ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠬᠡᠪᠴᠢᠶᠡᠨ ᠳᠤ ᠤᠷᠤᠭᠰᠠᠨ ᠦᠭᠡᠢ ᠪᠥᠭᠡᠳ ᠳᠣᠣᠷ᠎ᠠ ᠵᠢᠭᠰᠠᠭᠠᠭᠰᠠᠨ ᠨᠥᠬᠦᠴᠡᠯ ᠤᠨ ᠨᠢᠭᠡ ᠳᠤ ᠨᠡᠶᠢᠴᠡᠭᠰᠡᠨ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ ︵2016 ᠣᠨ ᠠᠴᠠ 2020 ᠣᠨ ᠬᠦᠷᠲᠡᠯᠡᠬᠢ ᠬᠤᠭᠤᠴᠠᠭᠠᠨ ᠳᠤ ᠶᠠᠳᠠᠭᠤ ᠠᠴᠠ ᠠᠩᠭᠢᠵᠢᠷᠠᠭᠰᠠᠨ ᠬᠥᠮᠦᠨ ᠠᠮᠠ ᠶᠢ ᠪᠠᠭᠲᠠᠭᠠᠨ᠎ᠠ︶ ᠬᠥᠮᠦᠨ ᠪᠦᠷᠢ ᠵᠢᠯ ᠳᠤ 2400 ᠲᠥᠭᠦᠷᠢᠭ ᠤᠨ ᠠᠮᠢᠳᠤᠷᠠᠯ ᠤᠨ ᠠᠪᠤᠷᠠᠨ ᠲᠤᠰᠠᠯᠠᠬᠤ ᠲᠥᠷᠥ ᠶᠢᠨ ᠪᠣᠳᠣᠯᠭ᠎ᠠ ᠶᠢᠨ ᠬᠠᠷᠠᠭᠠᠯᠵᠠᠯ ᠬᠦᠷᠲᠡᠨ᠎ᠡ᠄ 1᠂ ᠪᠦᠬᠦᠯᠢ 65 ᠨᠠᠰᠤᠨ ᠠᠴᠠ ᠳᠡᠭᠡᠭᠰᠢᠬᠢ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ︔ 2᠂ ︽ᠬᠡᠷ ᠪᠦᠯᠢ ᠶᠢᠨ ᠡᠪᠡᠳᠴᠢᠲᠡᠨ ᠤ ᠣᠷᠣ︾᠎ ᠶᠢᠨ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠬᠦᠷᠲᠡᠵᠦ ᠪᠠᠶᠢᠭ᠎ᠠ ᠮᠥᠷᠲᠡᠭᠡᠨ ᠤᠷᠳᠤ ᠬᠤᠭᠤᠴᠠᠭ᠎ᠠ ᠬᠡᠪᠲᠡᠭᠡ ᠡᠪᠡᠳᠴᠢᠯᠡᠭᠰᠡᠨ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ︔ 3᠂ ᠬᠥᠳᠡᠯᠮᠦᠷᠢᠯᠡᠬᠦ ᠴᠢᠳᠠᠪᠤᠷᠢ ᠪᠠᠨ ᠠᠯᠳᠠᠭᠰᠠᠨ ᠮᠥᠷᠲᠡᠭᠡᠨ ᠠᠮᠢᠳᠤᠷᠠᠯ ᠢᠶᠠᠨ ᠥᠪᠡᠷ ᠢᠶᠠᠨ ᠠᠷᠭᠠᠴᠠᠵᠤ ᠴᠢᠳᠠᠬᠤ ᠦᠭᠡᠢ ᠪᠠᠶᠢᠭ᠎ᠠ ᠬᠦᠨᠳᠦ ᠵᠡᠮᠳᠡᠭ ︵ᠨᠢᠭᠡᠳᠦᠭᠡᠷ᠂ ᠬᠤᠶᠠᠳᠤᠭᠠᠷ ᠳᠡᠰ︶ ᠪᠦᠬᠦᠢ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ ᠪᠤᠯᠤᠨ᠎ᠠ᠃      ᠳᠡᠭᠡᠷᠡᠬᠢ ᠭᠤᠷᠪᠠᠨ ᠨᠥᠬᠦᠴᠡᠯ ᠰᠤᠯᠪᠢᠴᠠᠭᠰᠠᠨ ᠬᠥᠮᠦᠨ ᠳᠤ ᠲᠥᠷᠥ ᠶᠢᠨ ᠪᠣᠳᠣᠯᠭ᠎ᠠ ᠶᠢᠨ ᠬᠠᠷᠠᠭᠠᠯᠵᠠᠯ ᠢ ᠳᠠᠪᠬᠤᠷ ᠬᠦᠷᠲᠡᠭᠡᠬᠦ ᠥᠬᠡᠶ᠃ ᠲᠤᠰ ᠲᠦᠷᠦᠯ ᠤᠨ ᠪᠡᠯᠡ ᠮᠥᠩᠭᠦ ᠶᠢ ᠠᠶᠢᠮᠠᠭ᠂ ᠬᠤᠰᠢᠭᠤ ᠬᠤᠶᠠᠷ ᠱᠠᠲᠤᠨ ᠤ ᠡᠳ᠋ ᠤᠨ ᠵᠠᠰᠠᠭ 3᠄ 7᠎ ᠶᠢᠨ ᠬᠠᠷᠢᠴᠠᠯ ᠢᠶᠠᠷ ᠱᠠᠲᠤ ᠬᠤᠪᠢᠶᠠᠨ ᠡᠭᠦᠷᠭᠡᠯᠡᠨ᠎ᠡ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号